ᠲᠩᠷᠢ ᠶ᠋ᠢᠨ ᠪᠢᠴᠢᠭ-ᠮᠠᠨᠳᠤᠬᠤ ᠪᠠᠭᠰᠢ ᠶᠢᠨ ᠤᠷᠠᠨ ᠪᠢᠴᠢᠯᠭᠡ
ᠲᠩᠷᠢ ᠶ᠋ᠢᠨ ᠪᠢᠴᠢᠭ
ᠦᠭᠡ᠄ ᠵᠠᠮᠪᠠᠯᠳᠣᠷᠵᠢ
ᠠᠶ᠎ᠠ᠄ ᠪᠤᠶᠠᠨᠮᠥ᠋ᠩᠬᠡ
ᠴᠣᠨᠳᠣᠭᠣᠷ ᠪᠣᠨᠲᠣᠭᠣᠷ ᠭᠡᠳᠡᠰᠦ ᠲᠡᠢ ᠪᠢᠴᠢᠭ
ᠴᠣᠪᠣᠭᠣ ᠬᠥᠭᠡᠷᠦᠬᠦᠨ ᠨᠢᠳᠦ ᠲᠡᠢ ᠪᠢᠴᠢᠭ
ᠭᠣᠳᠣᠭᠣᠷ ᠭᠣᠶᠣᠬᠠᠨ ᠭᠡᠵᠢᠭᠡ ᠲᠡᠢ ᠪᠢᠴᠢᠭ
ᠭᠤᠸᠠᠯᠢᠭ ᠲᠡᠭᠰᠢᠬᠡᠨ ᠨᠢᠷᠤᠭᠤ ᠲᠠᠢ ᠪᠢᠴᠢᠭ᠃
ᠡᠪᠦᠭᠡ ᠳᠡᠭᠡᠳᠦᠰ ᠦ᠋ᠨ ᠥᠷᠥᠰᠢᠶᠡᠯ ᠪᠢᠴᠢᠭ
ᠥᠨᠥᠳᠥᠷ ᠪᠢᠳᠡᠨ ᠦ᠌ ᠲᠤᠰᠠᠭᠠᠷ ᠪᠢᠴᠢᠭ
ᠡᠪᠡᠰᠦ ᠨᠣᠭᠣᠭ᠎ᠠ ᠰᠢᠭ᠋ ᠰᠢᠮ᠎ᠡ ᠲᠡᠢ ᠪᠢᠴᠢᠭ
ᠥᠷᠭᠡᠨ ᠳᠡᠯᠡᠬᠡᠢ ᠳ᠋ᠦ᠍ ᠴᠤᠤᠲᠠᠢ ᠪᠢᠴᠢᠭ᠃
ᠦᠷ᠎ᠡ ᠬᠣᠢᠴᠢ ᠳ᠋ᠠᠭᠠᠨ ᠦᠯᠡᠳᠡᠭᠡᠬᠦ ᠦᠨᠳᠦᠰᠦ ᠪᠢᠴᠢᠭ ᠮᠢᠨᠢ
ᠦᠶ᠎ᠡ ᠶ᠋ᠢᠨ ᠦᠶ᠎ᠡ ᠳ᠋ᠦ᠍ ᠲᠦᠭᠡᠭᠡᠬᠦ ᠡᠭᠦᠰᠦᠯ ᠪᠢᠴᠢᠭ ᠮᠢᠨᠢ
ᠬᠢᠴᠢᠶᠡᠨ ᠰᠤᠷᠴᠠᠭᠠᠶ᠎ᠠ ᠳᠡᠯᠡᠬᠡᠢ ᠶ᠋ᠢᠨ ᠪᠢᠴᠢᠭ ᠢ᠋ᠶ᠋ᠡᠨ
ᠬᠠᠢᠷᠠᠯᠠᠨ ᠬᠦᠨᠳᠦᠯᠡᠶ᠎ᠡ ᠮᠣᠩᠭᠣᠯ ᠪᠢᠴᠢᠭ ᠢ᠋ᠶ᠋ᠡᠨ᠃
ᠲᠠᠲᠠᠯᠠᠵᠤ ᠪᠢᠴᠢᠳᠡᠭ ᠤᠷᠠᠨ ᠬᠡᠯᠪᠡᠷᠢᠲᠡᠢ
ᠲᠠᠢᠯᠵᠤ ᠤᠩᠰᠢᠬᠤ ᠳ᠋ᠤ᠌ ᠤᠷᠠᠨ ᠤᠳᠬ᠎ᠠ ᠲᠠᠢ
ᠪᠣᠰᠤᠭ᠎ᠠ ᠪᠢᠴᠢᠭ ᠮᠢᠨᠢ ᠪᠣᠷᠣᠭ᠎ᠠ ᠰᠢᠭ᠋ ᠥᠨᠳᠥᠷ
ᠪᠣᠯᠵᠤ ᠥᠭᠪᠡᠯ ᠰᠤᠷᠬᠤ ᠯᠠ ᠪᠢᠴᠢᠭ᠃
ᠥᠨᠳᠥᠷ ᠳᠡᠭᠡᠳᠦᠰ ᠦ᠋ᠨ ᠵᠠᠶᠠᠭᠠᠲᠠᠢ ᠪᠢᠴᠢᠭ
ᠥᠷᠭᠡᠨ ᠳᠡᠯᠡᠬᠡᠢ ᠶ᠋ᠢ ᠵᠠᠬᠢᠷᠤᠭᠰᠠᠨ ᠪᠢᠴᠢᠭ
ᠥᠷᠥᠨ᠎ᠡ ᠳᠣᠷᠣᠨ᠎ᠠ ᠶ᠋ᠢ ᠬᠣᠯᠪᠣᠵᠤ ᠲᠠᠲᠠᠭᠰᠠᠨ
ᠥᠪᠡᠷ ᠦ᠋ᠨ ᠮᠢᠨᠢ ᠵᠢᠷᠦᠬᠡ ᠰᠢᠭ ᠭᠠᠭᠴᠠᠬᠠᠨ ᠪᠢᠴᠢᠭ᠃
ᠦᠷ᠎ᠡ ᠬᠣᠢᠴᠢ ᠳ᠋ᠠᠭᠠᠨ ᠦᠯᠡᠳᠡᠭᠡᠬᠦ ᠦᠨᠳᠦᠰᠦ ᠪᠢᠴᠢᠭ ᠮᠢᠨᠢ
ᠦᠶ᠎ᠡ ᠶ᠋ᠢᠨ ᠦᠶ᠎ᠡ ᠳ᠋ᠦ᠍ ᠲᠦᠭᠡᠭᠡᠬᠦ ᠡᠭᠦᠰᠦᠯ ᠪᠢᠴᠢᠭ ᠮᠢᠨᠢ
ᠬᠢᠴᠢᠶᠡᠨ ᠰᠤᠷᠴᠠᠭᠠᠶ᠎ᠠ ᠳᠡᠯᠡᠬᠡᠢ ᠶ᠋ᠢᠨ ᠪᠢᠴᠢᠭ ᠢ᠋ᠶ᠋ᠡᠨ
ᠬᠠᠢᠷᠠᠯᠠᠨ ᠬᠦᠨᠳᠦᠯᠡᠶ᠎ᠡ ᠮᠣᠩᠭᠣᠯ ᠪᠢᠴᠢᠭ ᠢ᠋ᠶ᠋ᠡᠨ᠃
ᠦᠰᠦᠭ ᠠᠮᠢᠯᠠᠭᠤᠯᠤᠭᠴᠢ᠄ ᠨᠠᠷᠠᠨᠲᠣᠭᠣᠰ
ᠬᠢᠨᠠᠭᠴᠢ᠄ ᠤᠤᠭᠠᠨᠵᠢᠳ
