ᠬᠠᠢᠷ᠎ᠠ ᠶᠢᠨ ᠪᠤᠷᠬᠠᠨ-ᠮᠠᠨᠳᠤᠬᠤ ᠪᠠᠭᠰᠢ ᠶᠢᠨ ᠤᠷᠠᠨ ᠪᠢᠴᠢᠯᠭᠡ ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠢᠷ᠎ᠠ ᠶᠢᠨ ᠪᠤᠷᠬᠠᠨ-ᠮᠠᠨᠳᠤᠬᠤ ᠪᠠᠭᠰᠢ ᠶᠢᠨ ᠤᠷᠠᠨ ᠪᠢᠴᠢᠯᠭᠡ

ᠬᠠᠢᠷ᠎ᠠ ᠶᠢᠨ ᠪᠤᠷᠬᠠᠨ-ᠮᠠᠨᠳᠤᠬᠤ ᠪᠠᠭᠰᠢ ᠶᠢᠨ ᠤᠷᠠᠨ ᠪᠢᠴᠢᠯᠭᠡ

ᠠᠩᠭᠢᠯᠠᠯ:ᠤᠷᠠᠨ ᠪᠢᠴᠢᠯᠭᠡ
2024-11-03

422

ᠬᠠᠢᠷ᠎ᠠ ᠶᠢᠨ ᠪᠤᠷᠬᠠᠨ


ᠪᠦᠪᠡᠢᠯᠡᠵᠦ ᠥᠰᠬᠡᠭᠰᠡᠨ ᠡᠵᠢ ᠶ᠋ᠢᠨ ᠰᠢᠲᠦᠭᠡᠨ 
ᠪᠦᠲᠦᠨ ᠠᠮᠢᠳᠤᠷᠠᠭᠤᠯᠤᠭᠰᠠᠨ ᠢᠪᠡᠭᠡᠯ ᠪᠤᠷᠬᠠᠨ 
ᠪᠦᠰᠡ ᠪᠡᠨ ᠲᠣᠭᠣᠷᠢᠭᠤᠯᠤᠭᠰᠠᠨ ᠭᠠᠯ ᠤ᠋ᠨ ᠪᠤᠷᠬᠠᠨ 
ᠡᠭᠦᠯᠡᠨ ᠰᠡᠭᠦᠳᠡᠷ ᠡᠴᠡ ᠴᠤ᠌ ᠬᠠᠯᠬᠠᠯᠠᠭᠰᠠᠨ ᠠᠴᠢᠲᠠᠨ 
ᠣᠳᠣᠨ ᠲᠠᠢ ᠡᠵᠢ ᠨᠤᠭᠦᠳ ᠮᠢᠨᠢ ᠰᠦ ᠲᠡᠢ ᠪᠤᠷᠬᠠᠨ 
ᠣᠷᠴᠢᠯᠠᠩ ᠢ᠋ ᠡᠨᠡᠷᠢᠭᠰᠡᠨ ᠬᠠᠢᠷ᠎ᠠ ᠶ᠋ᠢᠨ ᠪᠤᠷᠬᠠᠨ 
ᠣᠳᠣᠨ ᠲᠠᠢ ᠡᠵᠢ ᠨᠤᠭᠦᠳ ᠮᠢᠨᠢ ᠰᠦ ᠲᠡᠢ ᠪᠤᠷᠬᠠᠨ 
ᠣᠷᠴᠢᠯᠠᠩ ᠳ᠋ᠤ᠌ ᠢᠯᠡᠭᠡᠭᠳᠡᠭᠰᠡᠨ ᠬᠠᠢᠷ᠎ᠠ ᠶ᠋ᠢᠨ ᠪᠤᠷᠬᠠᠨ ᠃  

ᠢᠷᠦᠭᠡᠯ ᠢ᠋ᠶ᠋ᠡᠨ ᠬᠠᠢᠷᠠᠯᠠᠭᠰᠠᠨ ᠡᠵᠢ ᠶ᠋ᠢᠨ ᠰᠢᠲᠦᠭᠡᠨ
ᠢᠯᠪᠢᠵᠦ ᠠᠷᠭᠠᠳᠠᠭᠰᠠᠨ ᠢᠪᠡᠭᠡᠯ ᠪᠤᠷᠬᠠᠨ
ᠵᠢᠷᠭᠠᠯ ᠳᠠᠯᠠᠯᠤᠭᠰᠠᠨ ᠵᠦᠩ ᠲᠡᠢ ᠪᠤᠷᠬᠠᠨ
ᠵᠠᠭᠤᠨ ᠵᠢᠪᠠᠷ ᠢ᠋ ᠦᠷᠭᠦᠭᠡᠭᠰᠡᠨ ᠠᠴᠢᠲᠠᠨ
ᠣᠳᠣᠨ ᠲᠠᠢ ᠡᠵᠢ ᠨᠤᠭᠦᠳ ᠮᠢᠨᠢ ᠰᠦ ᠲᠡᠢ ᠪᠤᠷᠬᠠᠨ
ᠣᠷᠴᠢᠯᠠᠩ ᠢ᠋ ᠡᠨᠡᠷᠢᠭᠰᠡᠨ ᠬᠠᠢᠷ᠎ᠠ ᠶ᠋ᠢᠨ ᠪᠤᠷᠬᠠᠨ
ᠣᠳᠣᠨ ᠲᠠᠢ ᠡᠵᠢ ᠨᠤᠭᠦᠳ ᠮᠢᠨᠢ ᠰᠦ ᠲᠡᠢ ᠪᠤᠷᠬᠠᠨ
ᠣᠷᠴᠢᠯᠠᠩ ᠳ᠋ᠤ᠌ ᠢᠯᠡᠭᠡᠭᠳᠡᠭᠰᠡᠨ ᠬᠠᠢᠷ᠎ᠠ ᠶ᠋ᠢᠨ ᠪᠤᠷᠬᠠᠨ ᠃  

ᠰᠦ ᠶ᠋ᠢᠨ ᠦᠨᠦᠷ ᠲᠡᠢ ᠡᠵᠢ ᠶ᠋ᠢᠨ ᠰᠢᠲᠦᠭᠡᠨ
ᠰᠡᠳᠬᠢᠯ ᠨᠢ ᠮᠥᠩᠬᠡᠷᠡᠭᠰᠡᠨ ᠬᠠᠢᠷ᠎ᠠ ᠶ᠋ᠢᠨ ᠪᠤᠷᠬᠠᠨ
ᠣᠯᠳᠠᠵᠤ ᠪᠣᠯᠤᠮ᠎ᠠ ᠦᠭᠡᠢ ᠰᠢᠲᠦᠭᠡᠨ ᠪᠤᠷᠬᠠᠨ
ᠡᠭᠡᠰᠢᠭᠲᠦ ᠠᠮᠢᠳᠤᠷᠠᠯ ᠢ᠋ ᠪᠡᠯᠡᠭᠯᠡᠭᠰᠡᠨ ᠠᠴᠢᠲᠠᠨ
ᠣᠳᠣᠨ ᠲᠠᠢ ᠡᠵᠢ ᠨᠤᠭᠦᠳ ᠮᠢᠨᠢ ᠰᠦ ᠲᠡᠢ ᠪᠤᠷᠬᠠᠨ
ᠣᠷᠴᠢᠯᠠᠩ ᠢ᠋ ᠡᠨᠡᠷᠢᠭᠰᠡᠨ ᠬᠠᠢᠷ᠎ᠠ ᠶ᠋ᠢᠨ ᠪᠤᠷᠬᠠᠨ
ᠣᠳᠣᠨ ᠲᠠᠢ ᠡᠵᠢ ᠨᠤᠭᠦᠳ ᠮᠢᠨᠢ ᠰᠦ ᠲᠡᠢ ᠪᠤᠷᠬᠠᠨ
ᠣᠷᠴᠢᠯᠠᠩ ᠳ᠋ᠤ᠌ ᠢᠯᠡᠭᠡᠭᠳᠡᠭᠰᠡᠨ ᠬᠠᠢᠷ᠎ᠠ ᠶ᠋ᠢᠨ ᠪᠤᠷᠬᠠᠨ
ᠣᠳᠣᠨ ᠲᠠᠢ ᠡᠵᠢ ᠨᠤᠭᠦᠳ ᠮᠢᠨᠢ ᠰᠦ ᠲᠡᠢ ᠪᠤᠷᠬᠠᠨ
ᠣᠷᠴᠢᠯᠠᠩ ᠢ᠋ ᠡᠨᠡᠷᠢᠭᠰᠡᠨ ᠬᠠᠢᠷ᠎ᠠ ᠶ᠋ᠢᠨ ᠪᠤᠷᠬᠠᠨ
ᠣᠳᠣᠨ ᠲᠠᠢ ᠡᠵᠢ ᠨᠤᠭᠦᠳ ᠮᠢᠨᠢ ᠰᠦ ᠲᠡᠢ ᠪᠤᠷᠬᠠᠨ
ᠣᠷᠴᠢᠯᠠᠩ ᠳ᠋ᠤ᠌ ᠢᠯᠡᠭᠡᠭᠳᠡᠭᠰᠡᠨ ᠬᠠᠢᠷ᠎ᠠ ᠶ᠋ᠢᠨ ᠪᠤᠷᠬᠠᠨ
ᠣᠷᠴᠢᠯᠠᠩ ᠳ᠋ᠤ᠌ ᠢᠯᠡᠭᠡᠭᠳᠡᠭᠰᠡᠨ ᠬᠠᠢᠷ᠎ᠠ ᠶ᠋ᠢᠨ ᠪᠤᠷᠬᠠᠨ᠃ 

ᠦᠰᠦᠭ ᠠᠮᠢᠯᠠᠭᠤᠯᠤᠭᠴᠢ᠄ ᠨᠠᠷᠠᠨᠲᠣᠭᠣᠰ
ᠬᠢᠨᠠᠭᠴᠢ᠄ ᠤᠤᠭᠠᠨᠵᠢᠳ