ᠬᠠᠷᠸᠠᠷᠳ᠋ ᠶᠡᠬᠡ ᠰᠤᠷᠭᠠᠭᠤᠯᠢ - ᠬᠣᠯᠪᠣᠭ᠎ᠠ - ᠣᠳᠬᠣᠨᠪᠠᠶᠠᠷГарвард их сургуули-Холбоо-Отгонбаяр ᠦᠯᠢᠭᠡᠷ ᠬᠣᠯᠪᠣᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠷᠸᠠᠷᠳ᠋ ᠶᠡᠬᠡ ᠰᠤᠷᠭᠠᠭᠤᠯᠢ - ᠬᠣᠯᠪᠣᠭ᠎ᠠ - ᠣᠳᠬᠣᠨᠪᠠᠶᠠᠷГарвард их сургуули-Холбоо-Отгонбаяр

ᠬᠠᠷᠸᠠᠷᠳ᠋ ᠶᠡᠬᠡ ᠰᠤᠷᠭᠠᠭᠤᠯᠢ - ᠬᠣᠯᠪᠣᠭ᠎ᠠ - ᠣᠳᠬᠣᠨᠪᠠᠶᠠᠷГарвард их сургуули-Холбоо-Отгонбаяр

2024-11-03

4908

ᠬᠠᠷᠸᠠᠷᠳ᠋ ᠶᠡᠬᠡ ᠰᠤᠷᠭᠠᠭᠤᠯᠢ

         ᠬᠣᠯᠪᠣᠭ᠎ᠠ 
   ᠠᠯᠳᠠᠷᠲᠤ ᠬᠤᠭᠤᠷᠴᠢ ᠣᠳᠬᠣᠨᠪᠠᠶᠠᠷ 
ᠠᠷᠤ ᠬᠣᠷᠴᠢᠨ ᠤ᠋ ᠬᠣᠢᠲᠤ ᠬᠡᠰᠡᠭ ᠲᠦ᠍ 
ᠥᠨᠥᠴᠢᠨ ᠥᠰᠴᠡᠢ ᠪᠡᠶ᠎ᠡ ᠮᠢᠨᠢ ᠳᠧ 
ᠠᠷᠭᠠᠯ ᠬᠣᠮᠣᠯ ᠢ᠋ᠶ᠋ᠠᠷ ᠨᠠᠭᠠᠳᠴᠤ ᠪᠠᠢᠭᠠᠳ 
ᠠᠷᠳᠠᠭ ᠥᠰᠴᠡᠢ ᠪᠢ ᠴᠢᠨᠢ ᠳᠧ 
ᠠᠭᠰᠢᠷᠠᠭ᠎ᠠ ᠨᠠᠰᠤᠲᠠᠳ ᠲᠠᠢ ᠵᠣᠭᠣᠭᠳᠠᠵᠤ ᠪᠠᠢᠭᠰᠠᠭᠠᠷ 
ᠦᠯᠢᠭᠡᠷ ᠬᠡᠯᠡᠬᠦ ᠶ᠋ᠢ ᠰᠤᠷᠤᠭᠰᠠᠨ ᠶᠤᠮ ᠠ᠋ 
ᠠᠷᠠᠯ ᠲᠠᠢ ᠬᠤᠭᠤᠷ ᠲᠠᠢ ᠪᠠᠨ ᠨᠥᠬᠥᠷᠯᠡᠭᠡᠳ ᠠᠢᠯ ᠬᠣᠲᠠ ᠪᠠᠷ ᠬᠡᠰᠦᠭᠰᠡᠨ ᠶᠦᠮ ᠠ᠋ ᠬᠦ ᠳᠠᠯᠢᠷ ᠤ᠋ᠨ ᠭᠣᠣᠯ ᠤ᠋ᠨ ᠳᠡᠨᠵᠢ ᠪᠡᠷ ᠢ᠋ᠶ᠋ᠡᠨ ᠠᠷᠤᠭ ᠢ᠋ᠶ᠋ᠠᠨ ᠡᠭᠦᠷᠦᠭᠡᠳ ᠶᠠᠪᠤᠭᠰᠠᠨ ᠮᠢᠨᠢ 
ᠳᠠᠩᠴᠤ ᠪᠣᠷᠣᠭᠵᠢᠭᠤᠨ ᠠᠮᠢᠳᠤᠷᠠᠯ ᠠ᠋ᠴᠠ ᠦᠭᠡ ᠲᠡᠭᠦᠭᠰᠡᠨ ᠢ᠋ᠶ᠋ᠡᠨ ᠮᠡᠳᠡᠭᠰᠡᠨ ᠦᠭᠡᠢ 
ᠲᠡᠷᠲᠡᠭᠡ ᠭᠦᠷᠦᠨ ᠠᠮᠧᠷᠢᠺᠠ ᠳ᠋ᠤ᠌ ᠬᠤᠭᠤᠷ ᠢ᠋ᠶ᠋ᠠᠨ ᠡᠭᠦᠷᠦᠭᠡᠳ ᠣᠴᠢᠬᠤ ᠳ᠋ᠤ᠌ ᠪᠠᠨ
ᠳᠡᠯᠭᠡᠷ ᠮᠣᠩᠭᠣᠯ ᠤᠷᠠᠯᠢᠭ ᠢ᠋ ᠪᠡᠨ ᠲᠡᠨᠳᠡ ᠡᠴᠡ
ᠭᠠᠢᠬᠠᠬᠤ ᠪᠠᠨ ᠮᠡᠳᠡᠭᠰᠡᠨ ᠦᠭᠡᠢ ᠠᠰᠢᠭᠲᠤ ᠶ᠋ᠢᠨ ᠬᠠᠳᠠᠨ ᠤ᠋ ᠠᠷᠤ ᠪᠠᠷ ᠢ᠋ᠶ᠋ᠠᠨ ᠠᠷᠤᠭ ᠢ᠋ᠶ᠋ᠠᠨ ᠡᠭᠦᠷᠦᠭᠡᠳ ᠶᠠᠪᠤᠭᠰᠠᠨ ᠮᠢᠨᠢ ᠠᠵᠢᠯᠴᠢ ᠪᠣᠷᠣᠭᠵᠢᠭᠤᠨ ᠠᠮᠢᠳᠤᠷᠠᠯ ᠠ᠋ᠴᠠ ᠦᠭᠡ ᠲᠡᠭᠦᠭᠰᠡᠨ ᠢ᠋ᠶ᠋ᠡᠨ ᠮᠡᠳᠡᠭᠰᠡᠨ ᠦᠭᠡᠢ ᠠᠮᠧᠷᠢᠺᠠ ᠤᠯᠤᠰ ᠤ᠋ᠨ ᠬᠠᠷᠸᠠᠷᠳ᠋ ᠳ᠋ᠦ᠍ ᠬᠤᠭᠤᠷ ᠢ᠋ᠶ᠋ᠠᠨ ᠡᠭᠦᠷᠦᠭᠡᠳ ᠣᠴᠢᠬᠤ ᠳ᠋ᠤ᠌ ᠪᠠᠨ
ᠢᠷᠠᠭᠤ ᠮᠣᠩᠭᠣᠯ ᠤ᠋ᠨ ᠤᠷᠠᠯᠢᠭ ᠢ᠋ ᠪᠡᠨ ᠲᠡᠨᠳᠡ ᠡᠴᠡ ᠭᠠᠢᠬᠠᠬᠤ ᠪᠠᠨ ᠮᠡᠳᠡᠭᠰᠡᠨ ᠦᠭᠡᠢ ᠭᠡᠷ ᠲᠦ᠍ ᠪᠡᠨ ᠵᠦᠭᠡᠷᠬᠡᠨ ᠰᠠᠭᠤᠵᠤ ᠪᠠᠢᠲᠠᠯ᠎ᠠ ᠭᠡᠨᠡᠳᠲᠡ ᠵᠠᠬᠢᠳᠠᠯ ᠢᠷᠡᠭᠰᠡᠨ ᠶᠦᠮ ᠠ᠋
ᠭᠠᠳᠠᠷ ᠳᠡᠭᠡᠷᠡᠬᠢ ᠦᠰᠦᠭ ᠨᠢ ᠭᠠᠷᠬᠤ ᠦᠭᠡᠢ ᠠᠩᠭ᠌ᠯᠢ ᠦᠰᠦᠭ ᠶᠦᠮ ᠰᠢᠦ
ᠭᠠᠢᠬᠠᠮᠰᠢᠭᠲᠠᠢ ᠪᠠᠭᠰᠢ ᠣᠯᠠᠨ ᠢ᠋ᠶ᠋ᠠᠷ ᠲᠡᠷᠡ ᠵᠠᠬᠢᠳᠠᠯ ᠢ᠋ ᠤᠩᠰᠢᠭᠤᠯᠤᠭᠠᠳ ᠭᠠᠳᠠᠭᠠᠳᠤ ᠭᠦᠷᠦᠨ ᠦ᠌ ᠳᠠᠪᠢᠳᠡᠸᠯᠮᠸᠷ ᠤᠷᠢᠯᠭ᠎ᠠ ᠢᠷᠡᠭᠦᠯᠦᠭᠰᠡᠨ ᠢ᠋ ᠰᠠᠶᠢ ᠮᠡᠳᠡᠵᠡᠢ ᠤᠯᠤᠰ ᠤ᠋ᠨ ᠨᠡᠢᠰᠯᠡᠯ ᠪᠡᠭᠡᠵᠢᠩ ᠡᠴᠡ ᠬᠣᠢᠰᠢ ᠪᠠᠨ ᠬᠠᠨᠳᠤᠭᠠᠳ ᠨᠢᠰᠦᠯ᠎ᠡ ᠰᠢᠦ ᠣᠷᠣᠰ ᠤ᠋ᠨ ᠬᠣᠯᠪᠣᠭ᠎ᠠ ᠪᠤᠷᠢᠶᠠᠳ ᠤ᠋ᠨ ᠳᠡᠭᠡᠭᠦᠷ ᠴᠢᠨᠠᠭᠰᠢ ᠪᠠᠨ ᠨᠢᠰᠦᠯ᠎ᠡ ᠰᠢᠦ ᠤᠮᠠᠷᠠᠲᠤ ᠮᠥᠰᠥᠨ ᠳᠠᠯᠠᠢ ᠶ᠋ᠢᠨ ᠠᠭᠠᠷ ᠳᠡᠭᠡᠭᠦᠷ ᠮᠠᠴᠤᠯ᠎ᠠ ᠰᠢᠦ
ᠠᠲ᠋ᠯᠠᠨᠲ ᠤ᠋ᠨ ᠳᠠᠯᠠᠢ ᠶ᠋ᠢᠨ ᠪᠠᠷᠠᠭᠤᠨ ᠡᠷᠭᠢ ᠳᠡᠭᠡᠷ᠎ᠡ ᠪᠠᠭᠤᠯ᠎ᠠ ᠰᠢᠦ ᠬᠠᠷᠸᠠᠷᠳ᠋ ᠰᠤᠷᠭᠠᠭᠤᠯᠢ ᠭᠡᠵᠦ ᠬᠠᠰᠢ ᠯᠠ ᠪᠤᠵᠠᠭᠠᠢ ᠰᠤᠷᠭᠠᠭᠤᠯᠢ ᠳᠠ ᠬᠢᠲᠠᠳ ᠮᠠᠨ ᠤ᠋ ᠠᠬ᠎ᠠ ᠳᠡᠭᠦᠦ ᠨᠠᠷ ᠬᠠᠹᠥ᠋ᠸᠸ ᠶᠡᠬᠡ ᠰᠤᠷᠭᠠᠭᠤᠯᠢ ᠭᠡᠵᠦ ᠬᠡᠯᠡᠳᠡᠭ ᠰᠢᠦ ᠬᠠᠷᠸᠠᠷᠳ᠋ ᠰᠤᠷᠭᠠᠭᠤᠯᠢ ᠶ᠋ᠢᠨ ᠬᠠᠭᠠᠯᠭ᠎ᠠ ᠶ᠋ᠢ ᠨᠢ ᠠᠯᠬᠤᠭᠠᠳ ᠣᠷᠣᠬᠤ ᠯᠠᠢ ᠬᠠᠰᠢᠷ ᠮᠡᠷᠭᠡᠨ ᠡᠷᠳᠡᠮᠲᠡᠳ ᠬᠠᠯᠠᠭᠤᠨ ᠭᠠᠷ ᠢ᠋ᠶ᠋ᠠᠷ ᠢ᠋ᠶ᠋ᠠᠨ ᠤᠭᠲᠤᠭᠰᠠᠨ ᠶᠤᠮ ᠠ᠋ ᠬᠦ ᠣᠯᠠᠨ ᠤᠯᠤᠰ ᠤ᠋ᠨ ᠬᠤᠷᠠᠯ ᠢ᠋ ᠪᠡᠨ ᠲᠡᠷᠡ ᠰᠤᠷᠭᠠᠭᠤᠯᠢ ᠳᠡᠭᠡᠷ᠎ᠡ ᠶᠠᠪᠤᠭᠳᠠᠭᠤᠯᠤᠭᠠᠳ ᠣᠳᠬᠣᠨᠪᠠᠶᠠᠷ ᠪᠢ ᠴᠢᠨᠢ ᠳᠧ ᠮᠡᠳᠡᠭᠰᠡᠨ ᠴᠦ᠍ ᠦᠭᠡᠢ ᠣᠷᠣᠯᠴᠠᠴᠢᠬᠠᠵᠠᠢ ᠠᠷᠰᠢ ᠶ᠋ᠢᠨ ᠰᠠᠬᠢᠯ ᠲᠠᠢ ᠡᠷᠳᠡᠮᠲᠡᠳ ᠦ᠋ᠨ ᠲᠡᠷᠡ ᠬᠤᠷᠠᠯ ᠳᠡᠭᠡᠷ᠎ᠡ ᠪᠢ ᠴᠢᠨᠢ ᠳᠧ ᠢᠷᠠᠭᠤ ᠮᠣᠩᠭᠣᠯ ᠤ᠋ᠨ ᠭᠡᠰᠡᠷ ᠦ᠋ᠨ ᠲᠤᠤᠯᠢ ᠪᠠᠨ ᠬᠠᠢᠯᠠᠭᠠᠳ ᠰᠣᠨᠢᠷᠬᠠᠭᠤᠯᠤᠭᠰᠠᠨ ᠤᠴᠢᠷ ᠲᠠᠢ ᠦᠭᠡ ᠬᠡᠯᠡ ᠪᠡᠨ ᠬᠦᠨᠳᠦᠯᠡᠳᠡᠭ ᠢ᠋ ᠬᠥᠮᠦᠨ ᠢ᠋ᠶ᠋ᠡᠷ ᠦᠵᠡᠳᠡᠭ ᠡᠷᠳᠡᠮᠲᠡᠳ ᠦᠨᠳᠦᠰᠦᠲᠡᠨ ᠡᠴᠡ ᠪᠡᠨ ᠤᠷᠪᠠᠳᠠᠭ ᠢ᠋ ᠵᠢᠭᠰᠢᠵᠦ ᠪᠠᠢᠳᠠᠭ ᠡᠷᠳᠡᠮᠲᠡᠳ ᠠᠷᠠᠰᠤᠲᠠᠨ ᠪᠣᠯᠤᠨ ᠶᠠᠰᠤᠲᠠᠨ ᠭᠡᠵᠦ ᠢᠯᠭᠠᠵᠤ ᠦᠵᠡᠬᠦ ᠦᠭᠡᠢ ᠡᠷᠳᠡᠮᠲᠡᠳ ᠠᠷᠢᠭᠤᠨ ᠰᠠᠢᠬᠠᠨ ᠰᠣᠶᠣᠯ ᠢ᠋ ᠪᠡᠨ ᠰᠤᠳᠤᠯᠵᠤ ᠪᠠᠢᠳᠠᠭ ᠡᠷᠳᠡᠮᠲᠡᠳ ᠬᠣᠯᠢᠮᠠᠭ ᠦᠭᠡᠢ ᠬᠡᠯᠡᠲᠡᠨ ᠢ᠋ ᠪᠢᠰᠢᠷᠡᠵᠦ ᠪᠠᠢᠳᠠᠭ ᠡᠷᠳᠡᠮᠲᠡᠳ ᠬᠤᠭᠤᠷᠬᠠᠢ ᠬᠡᠯᠡ ᠲᠡᠢ ᠭᠠᠢᠬᠠᠯ ᠤ᠋ᠳ ᠢ᠋ ᠵᠢᠭᠰᠢᠵᠦ ᠪᠠᠢᠳᠠᠭ ᠡᠷᠳᠡᠮᠲᠡᠳ ᠬᠠᠷ᠎ᠠ ᠰᠢᠷ᠎ᠠ ᠴᠠᠭᠠᠨ ᠭᠡᠵᠦ ᠢᠯᠭᠠᠵᠤ ᠦᠵᠡᠬᠦ ᠦᠭᠡᠢ ᠡᠷᠳᠡᠮᠲᠡᠳ ᠬᠠᠮᠤᠭ ᠰᠠᠢᠬᠠᠨ ᠰᠣᠶᠣᠯ ᠤᠷᠠᠯᠢᠭ ᠢ᠋ ᠰᠤᠳᠤᠯᠵᠤ ᠪᠠᠢᠳᠠᠭ ᠡᠷᠳᠡᠮᠲᠡᠳ ᠴᠡᠪᠡᠷᠬᠡᠨ ᠳᠡᠪᠡᠯ ᠢ᠋ᠶ᠋ᠡᠨ ᠡᠮᠦᠰᠦᠭᠡᠳ ᠠᠮᠧᠷᠢᠺᠠ ᠵᠡᠭᠡᠯᠢ ᠪᠡᠷ ᠶᠠᠪᠤᠬᠤ ᠯᠠᠢ ᠴᠡᠩᠬᠡᠷ ᠨᠢᠳᠦ ᠲᠡᠢ ᠪᠦᠰᠡᠭᠦᠢᠴᠦᠳ ᠴᠠᠭᠠᠷᠢᠭᠯᠠᠵᠤ ᠢᠷᠡᠭᠡᠳ ᠱᠠᠭᠰᠢᠨ᠎ᠠ ᠰᠢᠦ ᠴᠣᠬᠣᠮ ᠮᠣᠩᠭᠣᠯ ᠬᠥᠮᠦᠨ ᠯᠡ ᠭᠡᠳ ᠡᠷᠡᠬᠡᠢ ᠭᠠᠷᠭᠠᠨ ᠮᠠᠭᠲᠠᠵᠤ ᠪᠠᠢᠨ᠎ᠠ ᠴᠠᠭᠠᠲᠠᠢ ᠲᠡᠨᠳᠡᠬᠢ ᠶ᠋ᠢᠨ ᠬᠡᠯᠡ ᠪᠡᠷ ᠢ᠋ᠶ᠋ᠡᠨ ᠣᠣᠺᠸᠢ ᠶᠸᠰ ᠬᠠᠰᠬᠢᠷᠴᠤ ᠪᠠᠢᠨ᠎ᠠ ᠠᠷᠲᠠᠢ ᠲᠣᠷᠭᠠᠨ ᠳᠡᠪᠡᠯ ᠢ᠋ᠶ᠋ᠡᠨ ᠡᠮᠦᠰᠦᠭᠡᠳ ᠠᠮᠧᠷᠢᠺᠠ ᠵᠡᠭᠡᠯᠢ ᠪᠡᠷ ᠶᠠᠪᠤᠬᠤ ᠯᠠᠢ ᠠᠲᠤᠷᠢᠭᠰᠠᠨ ᠭᠡᠵᠢᠭᠡ ᠲᠡᠢ ᠠᠪᠠᠭᠠᠢ ᠨᠠᠷ ᠣᠢᠷᠠᠳᠴᠤ ᠢᠷᠡᠭᠡᠳ ᠱᠠᠭᠰᠢᠨ᠎ᠠ ᠰᠢᠦ ᠠᠰᠪᠤᠷ ᠮᠣᠩᠭᠣᠯ ᠬᠥᠮᠦᠨ ᠠ᠋ ᠭᠡᠳ ᠠᠯᠠᠭ᠎ᠠ ᠪᠠᠨ ᠳᠡᠯᠭᠡᠨ ᠤᠭᠲᠤᠵᠤ ᠪᠠᠢᠨ᠎ᠠ ᠠᠩᠭ᠌ᠯᠢ ᠲᠡᠷᠡ ᠬᠡᠯᠡ ᠪᠡᠷ ᠢ᠋ᠶ᠋ᠡᠨ ᠮᠣᠩᠭᠣᠯ ᠠ᠋ ᠭᠡᠵᠦ ᠬᠠᠰᠬᠢᠷᠴᠤ ᠪᠠᠢᠨ᠎ᠠ ᠣᠭᠰᠣᠢᠴᠢᠬᠠᠭᠰᠠᠨ ᠨᠠᠮ᠎ᠠ ᠶ᠋ᠢ ᠦᠨᠡᠨ ᠲᠣᠭᠣᠭᠰᠠᠨ ᠵᠣᠭᠣᠭ ᠪᠢᠰᠢ ᠤᠷᠭᠤᠭ᠎ᠠ ᠮᠣᠩᠭᠣᠯ ᠰᠣᠶᠣᠯ ᠢ᠋ ᠮᠢᠨᠢ ᠬᠦᠨᠳᠦᠯᠡᠵᠦ ᠪᠠᠢᠭ᠎ᠠ ᠤᠴᠢᠷ ᠰᠢᠦ ᠪᠤᠬᠠᠨᠳᠠᠢ ᠠᠳᠠᠯᠢ ᠨᠠᠮ᠎ᠠ ᠶ᠋ᠢ ᠪᠤᠵᠠᠭᠠᠢ ᠲᠣᠭᠣᠭᠰᠠᠨ ᠵᠣᠭᠣᠭ ᠪᠢᠰᠢ ᠪᠣᠰᠤᠭ᠎ᠠ ᠮᠣᠩᠭᠣᠯ ᠤ᠋ᠨ ᠰᠣᠶᠣᠯ ᠢ᠋ ᠮᠢᠨᠢ ᠬᠦᠨᠳᠦᠳᠬᠡᠵᠦ ᠪᠠᠢᠭ᠎ᠠ ᠤᠴᠢᠷ ᠰᠢᠦ ᠮᠣᠩᠭᠣᠯ ᠭᠡᠰᠡᠨ ᠭᠠᠭᠴᠠ ᠬᠡᠯᠡ ᠪᠡᠷ ᠢ᠋ᠶ᠋ᠡᠨ ᠵᠡᠪᠰᠡᠭᠯᠡᠵᠦ ᠶᠠᠪᠤᠭᠰᠠᠨ ᠪᠢ ᠴᠢᠨᠢ ᠳᠧ ᠮᠤᠰᠢᠭᠠᠢ ᠬᠠᠮᠠᠷᠲᠤ ᠶ᠋ᠢᠨ ᠭᠦᠷᠦᠨ ᠢ᠋ᠶ᠋ᠡᠷ ᠬᠦᠷᠦᠭᠡᠳ ᠣᠴᠢᠭᠰᠠᠨ ᠨᠢ ᠶᠠᠭᠤᠨ ᠤ᠋ ᠬᠢ ᠪᠣᠢ ᠮᠣᠩᠭᠣᠯ ᠤ᠋ᠨ ᠰᠠᠢᠬᠠᠨ ᠤᠷᠠᠯᠢᠭ ᠢ᠋ ᠪᠡᠨ ᠳᠡᠭᠡᠳᠦᠯᠡᠵᠦ ᠶᠠᠪᠤᠭᠰᠠᠨ ᠤ᠋ ᠤᠴᠢᠷ ᠰᠢᠦ ᠮᠠᠨ ᠤ᠋ ᠮᠣᠩᠭᠣᠯ ᠤ᠋ᠨ ᠨᠠᠪᠲᠠᠭ ᠰᠠᠪᠳᠠᠭ ᠥᠷᠥᠰᠢᠶᠡᠭᠰᠡᠨ ᠦ᠌ ᠬᠢᠨᠢ ᠤᠴᠢᠷ ᠰᠢᠦ ᠥᠪᠡᠷ ᠦ᠋ᠨ ᠭᠠᠭᠴᠠᠬᠠᠨ ᠬᠡᠯᠡ ᠪᠡᠷ ᠢ᠋ᠶ᠋ᠡᠨ ᠵᠡᠪᠰᠡᠭᠯᠡᠵᠦ ᠶᠠᠪᠤᠭᠰᠠᠨ ᠪᠢ ᠴᠢᠨᠢ ᠳᠧ ᠥᠭᠡᠷ᠎ᠡ ᠪᠤᠰᠤᠳ ᠬᠡᠯᠡ ᠶ᠋ᠢ ᠣᠯᠳᠣᠢ ᠪᠠᠷ ᠢ᠋ᠶ᠋ᠠᠨ ᠰᠤᠷᠴᠤ ᠳᠡᠢᠯᠦᠭᠰᠡᠨ ᠦᠭᠡᠢ ᠦᠨᠳᠦᠰᠦᠲᠡᠨ ᠦ᠌ ᠪᠡᠨ ᠤᠷᠠᠯᠢᠭ ᠢ᠋ ᠳᠡᠭᠡᠳᠦᠯᠡᠵᠦ ᠶᠠᠪᠤᠭᠰᠠᠨ ᠤᠴᠢᠷ ᠠ᠋ᠴᠠ ᠠᠮᠧᠷᠢᠺᠠ ᠶ᠋ᠢᠨ ᠬᠠᠷᠸᠠᠷᠳ᠋ ᠳ᠋ᠦ᠍ ᠬᠤᠭᠤᠷ ᠢ᠋ᠶ᠋ᠠᠨ ᠡᠭᠦᠷᠦᠭᠡᠳ ᠣᠴᠢᠭᠰᠠᠨ ᠪᠠᠢᠨ᠎ᠠ ᠡᠷᠬᠢᠮ ᠣᠯᠠᠨ ᠮᠣᠩᠭᠣᠯᠴᠤᠳ ᠲᠠᠭᠠᠨ ᠪᠢ ᠳᠤᠷᠠᠳᠤᠭᠠᠳ ᠬᠡᠯᠡᠬᠦ ᠨᠢ ᠡᠯᠢᠭᠡ ᠵᠢᠷᠦᠬᠡᠨ ᠦ᠌ ᠦᠭᠡ ᠶ᠋ᠢ ᠪᠡᠨ ᠲᠠᠨ ᠳ᠋ᠤ᠌ ᠪᠠᠨ ᠲᠣᠭᠠᠴᠢᠭᠠᠳ ᠬᠡᠯᠡᠬᠦ ᠨᠢ ᠦᠷ᠎ᠡ ᠬᠡᠦᠬᠡᠳ ᠢ᠋ᠶ᠋ᠡᠨ ᠰᠤᠷᠭᠠᠶ᠎ᠠ ᠭᠡᠪᠡᠯ ᠮᠣᠩᠭᠣᠯ ᠰᠡᠳᠬᠢᠬᠦᠢ ᠪᠡᠷ ᠨᠢ ᠰᠤᠷᠭᠠᠬᠤ ᠰᠢᠦ ᠦᠨᠳᠦᠰᠦᠲᠡᠨ ᠦ᠌ ᠪᠡᠨ ᠮᠣᠩᠭᠣᠯ ᠰᠤᠷᠭᠠᠭᠤᠯᠢ ᠳ᠋ᠤ᠌ ᠬᠡᠦᠬᠡᠳ ᠢ᠋ᠶ᠋ᠡᠨ ᠥᠭᠬᠦ ᠨᠢ ᠰᠠᠢᠬᠠᠨ ᠰᠢᠦ ᠮᠣᠩᠭᠣᠯ ᠢ᠋ᠶ᠋ᠠᠷ ᠰᠤᠷᠤᠭᠠᠳ ᠬᠡᠷᠡᠭ ᠦᠭᠡᠢ ᠭᠡᠰᠡᠨ ᠲᠡᠢᠮᠦ ᠦᠭᠡ ᠶ᠋ᠢ ᠵᠢᠭᠰᠢᠵᠦ ᠪᠠᠢᠨ᠎ᠠ ᠮᠠᠨᠳᠤᠭᠠᠳ ᠲᠡᠭᠡᠬᠦ ᠵᠠᠮ ᠨᠢ ᠳᠧ ᠮᠠᠨ ᠤ᠋ ᠮᠣᠩᠭᠣᠯ ᠳ᠋ᠤ᠌ ᠪᠠᠢᠬᠤ ᠯᠠ ᠰᠢᠦ ᠮᠠᠷᠲᠠᠵᠤ ᠪᠣᠯᠬᠤ ᠦᠭᠡᠢ ᠰᠣᠶᠣᠯ ᠢ᠋ ᠪᠡᠨ ᠳᠡᠭᠡᠳᠦᠯᠡᠵᠦ ᠶᠠᠪᠤᠶ᠎ᠠ ᠪᠦᠭᠦᠳᠡᠭᠡᠷ ᠢ᠋ᠶ᠋ᠡᠨ ᠮᠠᠷᠭᠤᠰᠢ ᠦᠭᠡᠢ ᠰᠡᠳᠬᠢᠯ ᠢ᠋ᠶ᠋ᠡᠷ ᠢ᠋ᠶ᠋ᠡᠨ ᠪᠦᠯᠬᠦᠮᠳᠡᠵᠦ ᠶᠠᠪᠤᠶ᠎ᠠ ᠪᠦᠭᠦᠳᠡᠭᠡᠷ ᠢ᠋ᠶ᠋ᠡᠨ
   ᠦᠰᠦᠭ ᠠᠮᠢᠯᠠᠭᠤᠯᠤᠭᠰᠠᠨ᠄ ᠨᠣᠮᠢᠨ
   ᠦᠰᠦᠭ ᠬᠠᠲᠠᠭᠴᠢ᠄ ᠨᠣᠮᠢᠨ
   ᠬᠢᠨᠠᠭᠴᠢ᠄ ᠢᠷᠡᠭᠡᠳᠦᠢ᠂ ᠳᠡᠭᠵᠢᠨ