ᠬᠠᠲᠤᠨ ᠲᠩᠷᠢ ᠡᠵᠢ-ᠮᠠᠨᠳᠤᠬᠤ ᠪᠠᠭᠰᠢ ᠶᠢᠨ ᠤᠷᠠᠨ ᠪᠢᠴᠢᠯᠭᠡ
ᠬᠠᠲᠤᠨ ᠲᠩᠷᠢ ᠡᠵᠢ
ᠦᠭᠡ᠄ ᠨᠢ· ᠪᠠᠶᠠᠷ
ᠠᠶ᠎ᠠ᠄ ᠯ· ᠪᠠᠯᡁᠠᠭᠵᠠᠪ
ᠳᠠᠭᠤᠴᠢᠨ ᠄ᠯ· ᠪᠠᠶᠠᠷᠵᠢᠪᠬᠤᠯᠠᠩ
ᠠᠩᠭᠢᠷ ᠵᠠᠯᠠᠭᠤᠬᠠᠨ ᠡᠵᠢ ᠲᠠᠨ ᠢ᠋ ᠪᠡᠨ
ᠠᠷᠪᠠᠨ ᠰᠠᠷ᠎ᠠ ᠳ᠋ᠠᠭᠠᠨ ᠵᠣᠪᠠᠭᠠᠨ ᠵᠢᠷᠭᠠᠭᠠᠭᠰᠠᠨ
ᠠᠷᠢᠭᠤᠨ ᠪᠤᠯᠪᠠᠷᠠᠢᠬᠠᠨ ᠪᠡᠶ᠎ᠡ ᠪᠡᠨ ᠬᠠᠢᠷᠠᠯᠠᠯ ᠦᠭᠡᠢ
ᠠᠮᠢᠨ ᠵᠠᠶᠠᠭ᠎ᠠ ᠶ᠋ᠢ ᠨᠠᠳᠠ ᠳ᠋ᠠᠭᠠᠨ ᠪᠡᠯᠡᠭᠯᠡᠭᠰᠡᠨ᠃
ᠡᠨᠡᠷᠢᠯ ᠬᠠᠢᠷ᠎ᠠ ᠶ᠋ᠢᠨ ᠬᠠᠲᠤᠨ ᠲᠩᠷᠢ ᠮᠢᠨᠢ
ᠡᠷᠭᠢᠵᠦ ᠣᠯᠳᠠᠬᠤ ᠦᠭᠡᠢ ᠪᠤᠷᠬᠠᠨ ᠡᠵᠢ ᠮᠢᠨᠢ
ᠡᠯᠪᠡᠷᠢᠯ ᠬᠠᠢᠷ᠎ᠠ ᠶ᠋ᠢᠨ ᠬᠠᠲᠤᠨ ᠲᠩᠷᠢ ᠮᠢᠨᠢ
ᠡᠷᠭᠢᠵᠦ ᠣᠯᠳᠠᠬᠤ ᠦᠭᠡᠢ ᠪᠤᠷᠬᠠᠨ ᠰᠢᠲᠦᠭᠡᠨ ᠮᠢᠨᠢ᠃
ᠰᠥᠨᠢ ᠶ᠋ᠢᠨ ᠤᠷᠲᠤ ᠪᠠᠷ ᠨᠣᠢᠷ ᠢ᠋ᠶ᠋ᠠᠨ ᠬᠤᠭᠤᠰᠯᠠᠭᠠᠳ
ᠰᠦ᠋ ᠲᠡᠢ ᠬᠠᠢᠷ᠎ᠠ ᠪᠠᠷ ᠢ᠋ᠶ᠋ᠠᠨ ᠪᠦᠪᠡᠢ ᠠᠶᠠᠯᠤᠭᠰᠠᠨ
ᠲᠣᠭᠣᠰᠣ ᠲᠠᠢ ᠣᠷᠴᠢᠯᠠᠩ ᠤ᠋ᠨ ᠬᠠᠯᠠᠭᠤᠨ ᠬᠦᠢᠲᠡᠨ ᠳ᠋ᠦ᠍
ᠲᠣᠭᠣᠨᠣᠨ ᠳ᠋ᠤ᠌ ᠬᠦᠷᠲᠡᠯ᠎ᠡ ᠨᠠᠮ᠎ᠠ ᠶ᠋ᠢ ᠪᠡᠨ ᠥᠰᠬᠡᠭᠰᠡᠨ᠃
ᠡᠨᠡᠷᠢᠯ ᠬᠠᠢᠷ᠎ᠠ ᠶ᠋ᠢᠨ ᠬᠠᠲᠤᠨ ᠲᠩᠷᠢ ᠮᠢᠨᠢ
ᠡᠷᠭᠢᠵᠦ ᠣᠯᠳᠠᠬᠤ ᠦᠭᠡᠢ ᠪᠤᠷᠬᠠᠨ ᠡᠵᠢ ᠮᠢᠨᠢ
ᠡᠯᠪᠡᠷᠢᠯ ᠬᠠᠢᠷ᠎ᠠ ᠶ᠋ᠢᠨ ᠬᠠᠲᠤᠨ ᠲᠩᠷᠢ ᠮᠢᠨᠢ
ᠡᠷᠭᠢᠵᠦ ᠣᠯᠳᠠᠬᠤ ᠦᠭᠡᠢ ᠪᠤᠷᠬᠠᠨ ᠰᠢᠲᠦᠭᠡᠨ ᠮᠢᠨᠢ᠃
ᠠᠯᠤᠰ ᠢ᠋ ᠵᠣᠷᠢᠭᠰᠠᠨ ᠦᠷ᠎ᠡ ᠶ᠋ᠢᠨ ᠢ᠋ᠶ᠋ᠡᠨ ᠬᠣᠢᠨ᠎ᠠ ᠠ᠋ᠴᠠ
ᠠᠴᠢᠯᠠᠯᠲᠤ ᠡᠵᠢ ᠮᠢᠨᠢ ᠨᠢᠯᠪᠤᠰᠤ ᠪᠠᠨ ᠠᠷᠴᠢᠳᠠᠭ
ᠡᠭᠡᠯᠵᠢᠯᠡᠨ ᠬᠦᠪᠦᠷᠡᠬᠦ ᠡᠳᠦᠷ ᠬᠣᠨᠣᠭ ᠤ᠋ᠳ ᠲᠤ᠌
ᠡᠵᠢ ᠮᠢᠨᠢ ᠨᠠᠮ᠎ᠠ ᠶ᠋ᠢ ᠪᠡᠨ ᠬᠦᠯᠢᠶᠡᠨ ᠰᠠᠭᠤᠭ᠎ᠠ ᠳᠠ᠃
ᠡᠨᠡᠷᠢᠯ ᠬᠠᠢᠷ᠎ᠠ ᠶ᠋ᠢᠨ ᠬᠠᠲᠤᠨ ᠲᠩᠷᠢ ᠮᠢᠨᠢ
ᠡᠷᠭᠢᠵᠦ ᠣᠯᠳᠠᠬᠤ ᠦᠭᠡᠢ ᠪᠤᠷᠬᠠᠨ ᠡᠵᠢ ᠮᠢᠨᠢ
ᠡᠯᠪᠡᠷᠢᠯ ᠬᠠᠢᠷ᠎ᠠ ᠶ᠋ᠢᠨ ᠬᠠᠲᠤᠨ ᠲᠩᠷᠢ ᠮᠢᠨᠢ
ᠡᠷᠭᠢᠵᠦ ᠣᠯᠳᠠᠬᠤ ᠦᠭᠡᠢ ᠪᠤᠷᠬᠠᠨ ᠰᠢᠲᠦᠭᠡᠨ ᠮᠢᠨᠢ᠃
ᠡᠨᠡᠷᠢᠯ ᠬᠠᠢᠷ᠎ᠠ ᠶ᠋ᠢᠨ ᠬᠠᠲᠤᠨ ᠲᠩᠷᠢ ᠮᠢᠨᠢ
ᠡᠷᠭᠢᠵᠦ ᠣᠯᠳᠠᠬᠤ ᠦᠭᠡᠢ ᠪᠤᠷᠬᠠᠨ ᠡᠵᠢ ᠮᠢᠨᠢ
ᠡᠯᠪᠡᠷᠢᠯ ᠬᠠᠢᠷ᠎ᠠ ᠶ᠋ᠢᠨ ᠬᠠᠲᠤᠨ ᠲᠩᠷᠢ ᠮᠢᠨᠢ
ᠡᠷᠭᠢᠵᠦ ᠣᠯᠳᠠᠬᠤ ᠦᠭᠡᠢ ᠪᠤᠷᠬᠠᠨ ᠰᠢᠲᠦᠭᠡᠨ ᠮᠢᠨᠢ
ᠬᠠᠲᠤᠨ ᠲᠩᠷᠢ ᠡᠵᠢ ᠮᠢᠨᠢ᠃
ᠦᠰᠦᠭ ᠠᠮᠢᠯᠠᠭᠤᠯᠤᠭᠴᠢ᠄ ᠨᠠᠷᠠᠨᠲᠣᠭᠣᠰ
ᠬᠢᠨᠠᠭᠴᠢ᠄ ᠤᠤᠭᠠᠨᠵᠢᠳ
