ᠳᠣᠭᠣᠯᠠᠩ ᠲᠡᠮᠦᠷ ᠬᠠᠭᠠᠨДоголон Төмөр хаан
ᠳᠣᠭᠣᠯᠠᠩ ᠲᠡᠮᠦᠷ ᠬᠠᠭᠠᠨ ᠤ᠋ ᠨᠠᠮᠲᠠᠷ
ᠲᠦᠷᠺᠵᠢᠭᠰᠡᠨ ᠮᠣᠩᠭᠣᠯ ᠤ᠋ᠨ ᠪᠠᠷᠤᠯᠠᠰ ᠣᠮᠣᠭ ᠤ᠋ᠨ ᠨᠣᠶᠠᠨ ᠤ᠋ ᠬᠦᠦ ᠪᠣᠯᠬᠤ ᠲᠡᠮᠦᠷ ᠪᠤᠬᠠᠷ ᠬᠣᠲᠠ ᠠ᠋ᠴᠠ ᠪᠠᠷᠠᠭᠤᠨ ᠡᠮᠦᠨᠡᠲᠦ ᠵᠦᠭ ᠲᠦ᠍ ᠣᠷᠣᠰᠢᠬᠤ ᠺᠧᠱ ᠬᠣᠲᠠ ᠳ᠋ᠤ᠌ (ᠦᠽᠸᠪᠧᠺᠰᠲ᠋ᠠᠨ ᠤ᠋ ᠥᠨᠥ ᠶ᠋ᠢᠨ ᠱᠠᠾᠷᠢᠰᠠᠸᠠ ᠬᠣᠲᠠ) ᠪᠢᠴᠢᠬᠠᠨ ᠣᠮᠣᠭ ᠤ᠋ᠨ ᠵᠠᠬᠢᠷᠤᠭᠴᠢ ᠶ᠋ᠢᠨ ᠭᠡᠷ ᠲᠦ᠍ ᠲᠥᠷᠥᠵᠡᠢ᠃ ᠪᠠᠭ᠎ᠠ ᠳ᠋ᠠᠭᠠᠨ ᠵᠡᠭᠦᠨ ᠬᠥᠯ ᠢ᠋ᠶ᠋ᠡᠨ ᠭᠡᠮᠲᠦᠭᠡᠵᠦ ᠳᠣᠭᠣᠯᠠᠩ ᠪᠣᠯᠤᠭᠰᠠᠨ ᠠ᠋ᠴᠠ ᠳᠣᠭᠣᠯᠠᠩ ᠲᠡᠮᠦᠷ ᠭᠡᠵᠦ ᠲᠡᠦᠬᠡᠨ ᠳ᠋ᠦ᠍ ᠮᠥᠩᠬᠡᠷᠡᠵᠡᠢ᠃ ᠬᠡᠦᠬᠡᠳ ᠪᠠᠢᠬᠤ ᠠ᠋ᠴᠠ ᠪᠠᠨ ᠴᠡᠷᠢᠭ ᠦ᠋ᠨ ᠬᠡᠷᠡᠭ ᠲᠦ᠍ ᠠᠮᠢᠳᠤᠷᠠᠯ ᠢ᠋ᠶ᠋ᠠᠨ ᠵᠣᠷᠢᠭᠤᠯᠬᠤ ᠪᠠᠷ ᠰᠢᠢᠳᠴᠦ ᠳᠠᠰᠬᠠᠯ ᠰᠤᠷᠭᠠᠭᠤᠯᠢᠯᠲᠠ ᠬᠢᠵᠦ 12 ᠨᠠᠰᠤᠲᠠᠢ ᠠ᠋ᠴᠠ ᠡᠴᠢᠭᠡ ᠪᠡᠨ ᠳᠠᠭᠠᠨ ᠲᠡᠢᠨ ᠪᠠᠢᠯᠳᠤᠭᠠᠨ ᠳ᠋ᠤ᠌ ᠣᠷᠣᠯᠴᠠᠵᠤ ᠡᠬᠢᠯᠡᠵᠡᠢ᠃ ᠯᠠᠯᠤ ᠶ᠋ᠢᠨ ᠱᠠᠰᠢᠨ ᠢ᠋ ᠰᠢᠲᠦᠳᠡᠭ ᠪᠠᠢᠭᠰᠠᠨ ᠨᠢ ᠦᠽᠸᠪᠧᠺ ᠦ᠋ᠳ ᠲᠡᠢ ᠲᠡᠮᠡᠴᠡᠬᠦ ᠳ᠋ᠦ᠍ ᠪᠠᠭ᠎ᠠ ᠦᠭᠡᠢ ᠡᠭᠦᠷᠭᠡ ᠭᠦᠢᠴᠡᠳᠬᠡᠵᠡᠢ᠃
ᠳᠣᠭᠣᠯᠠᠩ ᠲᠡᠮᠦᠷ ᠦ᠋ᠨ ᠣᠯᠠᠨ ᠬᠥᠮᠦᠨ ᠵᠠᠬᠢᠷᠬᠤ ᠲᠡᠳᠦᠢ ᠦᠭᠡᠢ ᠲᠡᠳᠡᠨ ᠢ᠋ ᠡᠷᠬᠡᠰᠢᠶᠡᠯ ᠳ᠋ᠡᠭᠡᠨ ᠪᠠᠢᠯᠭᠠᠬᠤ ᠴᠡᠷᠢᠭ ᠦ᠋ᠨ ᠠᠪᠢᠶᠠᠰ ᠴᠢᠳᠠᠪᠤᠷᠢ ᠨᠢ ᠠᠯᠢ ᠵᠠᠯᠠᠭᠤ ᠳ᠋ᠤ᠌ ᠨᠢ ᠢᠯᠡᠷᠡᠵᠡᠢ᠃ ᠳᠤᠮᠳᠠᠳᠤ ᠠᠽᠢᠶ᠎ᠠ ᠳ᠋ᠤ᠌ ᠶᠡᠬᠡᠬᠡᠨ ᠭᠠᠵᠠᠷ ᠨᠤᠲᠤᠭ ᠡᠵᠡᠮᠰᠢᠳᠡᠭ᠂ ᠴᠢᠩᠭᠢᠰ ᠬᠠᠭᠠᠨ ᠤ᠋ ᠤᠳᠤᠮ ᠤ᠋ᠨ ᠲᠣᠭᠲᠠᠬᠤ ᠬᠠᠨ ᠳ᠋ᠤ᠌ 1361 ᠣᠨ ᠳ᠋ᠤ᠌ ᠠᠯᠪᠠᠨ ᠳ᠋ᠤ᠌ ᠣᠷᠣᠵᠤ ᠲᠦᠳᠡᠭᠰᠡᠨ ᠦᠭᠡᠢ ᠬᠠᠨ ᠤ᠋ ᠬᠦᠦ ᠢᠯᠢᠰ ᠬᠣᠵᠢ ᠶ᠋ᠢᠨ ᠵᠥᠪᠯᠡᠬᠦ ᠪᠡᠷ ᠳᠠᠪᠰᠢᠵᠤ ᠺᠠᠱᠺᠠᠳᠠᠷ ᠦ ᠸᠢᠯᠡᠢᠲ ᠦ᠋ᠨ ( ᠮᠣᠵᠢ ᠶ᠋ᠢᠨ) ᠵᠠᠬᠢᠷᠤᠭᠴᠢ ᠪᠣᠯᠵᠤ ᠲᠡᠷᠡ ᠦᠶ᠎ᠡ ᠳ᠋ᠦ᠍ ᠪᠠᠷᠤᠯᠠᠰ ᠣᠮᠣᠭ ᠤ᠋ᠨ ᠢᠷᠭᠡᠳ ᠡᠴᠡ ᠪᠦᠷᠢᠳᠦᠭᠰᠡᠨ ᠴᠡᠷᠢᠭ ᠦ᠋ᠨ ᠪᠠᠭ ᠲᠠᠢ ᠪᠣᠯᠤᠭᠰᠠᠨ ᠪᠠᠢᠯ᠎ᠠ᠃
ᠭᠡᠲᠡᠯ᠎ᠡ ᠡᠷᠡᠮᠡᠬᠡᠢ ᠵᠣᠷᠢᠭ ᠢ᠋ᠶ᠋ᠠᠷ ᠢ᠋ᠶ᠋ᠠᠨ ᠴᠡᠷᠢᠭ ᠦ᠋ᠳ ᠦ᠋ᠨ ᠲᠡᠳᠦᠢ ᠦᠭᠡᠢ ᠬᠠᠷᠢᠶᠠᠲᠤ ᠢᠷᠭᠡᠳ ᠦ᠋ᠨ ᠳᠣᠲᠣᠷ᠎ᠠ ᠨᠡᠷ᠎ᠡ ᠬᠦᠨᠳᠦᠲᠡᠢ ᠪᠣᠯᠵᠤ ᠪᠠᠢᠭ᠎ᠠ ᠳᠣᠭᠣᠯᠠᠩ ᠲᠡᠮᠦᠷ ᠲᠦ᠍ ᠲᠣᠭᠲᠠᠬᠤ ᠬᠠᠨ ᠳᠤᠷ᠎ᠠ ᠦᠭᠡᠢᠴᠡᠨ ᠭᠠᠳᠠᠭᠤᠷᠬᠠᠬᠤ ᠪᠣᠯᠤᠭᠰᠠᠨ ᠠ᠋ᠴᠠ ᠠᠷᠭ᠎ᠠ ᠦᠭᠡᠢ ᠳ᠋ᠦ᠍ ᠲᠤᠯᠵᠤ ᠵᠢᠷᠠᠨ ᠴᠡᠷᠢᠭ ᠳᠠᠭᠠᠭᠤᠯᠤᠨ ᠤᠷᠭᠤᠵᠤ ᠪᠠᠴᠢᠬ᠍ᠱᠢᠨ ᠤ᠋ ᠠᠭᠤᠯᠠᠨ ᠳ᠋ᠤ᠌ ᠭᠠᠷᠴᠤ ᠨᠢᠭᠤᠭᠳᠠᠵᠠᠢ᠃ ᠲᠣᠭᠲᠠᠬᠤ ᠬᠠᠨ ᠲᠡᠭᠦᠨ ᠦ᠌ ᠠᠷᠤ ᠠ᠋ᠴᠠ ᠵᠠᠭᠤ ᠰᠢᠬᠠᠮ ᠴᠡᠷᠢᠭ ᠲᠡᠢ ᠪᠠᠭ ᠶᠠᠪᠤᠭᠤᠯᠤᠭᠰᠠᠨ ᠨᠢ ᠤᠲᠤᠯᠲᠠ ᠳ᠋ᠤ᠌ ᠣᠷᠣᠵᠤ ᠬᠦᠢᠰᠦ ᠲᠡᠮᠲᠡᠷᠢᠭᠦᠯᠵᠡᠢ᠃
ᠡᠷᠬᠡ ᠮᠠᠲᠠᠯ ᠤ᠋ᠨ ᠲᠥᠯᠥᠭᠡ ᠲᠡᠮᠡᠴᠡᠯ ᠳ᠋ᠦ᠍ ᠵᠣᠷᠢᠭ ᠰᠢᠯᠤᠭᠤᠳᠠᠨ ᠪᠣᠰᠤᠭᠰᠠᠨ ᠳᠣᠭᠣᠯᠠᠩ ᠲᠡᠮᠦᠷ ᠲᠦᠺᠮᠧᠨ ᠣᠮᠣᠭ ᠨᠤᠭᠤᠳ ᠤ᠋ᠨ ᠮᠣᠷᠢᠨ ᠴᠡᠷᠢᠭ ᠵᠠᠬᠢᠷᠴᠤ ᠪᠠᠯᠬ᠎ᠠ ᠣᠮᠣᠭ ᠤ᠋ᠨ ᠵᠠᠬᠢᠷᠤᠭᠴᠢ᠂ ᠲᠡᠷᠡᠴᠢᠯᠡᠨ ᠰᠠᠮᠠᠷᠺᠠᠠᠳ᠋ ᠤ᠋ᠨ ᠡᠮᠢᠷ ᠬᠤᠰᠧᠢᠨ ᠨᠠᠷ ᠲᠠᠢ ᠴᠡᠷᠢᠭ ᠦ᠋ᠨ ᠬᠣᠯᠪᠣᠭ᠎ᠠ ᠪᠠᠢᠭᠤᠯᠵᠤ ᠭᠣᠣᠯᠳᠠᠭᠤ ᠦᠽᠸᠪᠧᠺ ᠢᠷᠭᠡᠳ ᠡᠴᠡ ᠪᠦᠷᠢᠳᠦᠭᠰᠡᠨ ᠲᠣᠭᠲᠠᠬᠤ ᠬᠠᠨ᠂ ᠲᠡᠭᠦᠨ ᠦ᠌ ᠬᠦᠦ ᠢ᠂ ᠬᠣᠵᠢ ᠨᠠᠷ ᠲᠠᠢ ᠳᠠᠢᠳᠤᠵᠤ ᠲᠦᠳᠡᠭᠰᠡᠨ ᠦᠭᠡᠢ ᠰᠠᠶᠢᠬᠠᠨ ᠤ᠋ ᠬᠣᠯᠪᠣᠭᠠᠲᠠᠨ ᠰᠠᠮᠠᠷᠺᠠᠠᠳ᠋ ᠤ᠋ᠨ ᠡᠮᠢᠷ ᠬᠤᠰᠧᠢᠨ ᠳ᠋ᠦ᠍ ᠲᠡᠢᠨ ᠵᠠᠷᠯᠠᠪᠠ᠃ ᠤᠳᠠᠭᠰᠠᠨ ᠦᠭᠡᠢ ᠳᠤᠮᠳᠠᠳᠤ ᠠᠽᠢᠶ᠎ᠠ ᠶ᠋ᠢᠨ ᠲᠣᠮᠣᠬᠠᠨ ᠬᠣᠲᠠ ᠤ᠋ᠳ ᠤ᠋ᠨ ᠨᠢᠭᠡ ᠪᠣᠯᠬᠤ ᠰᠠᠮᠠᠷᠺᠠᠠᠳ᠋ ᠬᠣᠲᠠ ᠶ᠋ᠢ ᠡᠵᠡᠯᠡᠵᠦ ᠨᠡᠢᠲᠡ ᠳ᠋ᠡᠭᠡᠨ 100 ᠮᠢᠩᠭ᠎ᠠ ᠣᠷᠴᠢᠮ ᠴᠡᠷᠢᠭ ᠲᠡᠢ ᠡᠴᠡ 80 ᠮᠢᠩᠭ᠎ᠠ ᠣᠷᠴᠢᠮ ᠨᠢ ᠬᠣᠲᠠ᠂ ᠴᠠᠢᠵᠠ ᠬᠠᠮᠠᠭᠠᠯᠠᠳᠠᠭ ᠲᠣᠺᠯᠤᠺ ᠬᠠᠨ ᠤ᠋ ᠡᠰᠡᠷᠡᠭ ᠪᠠᠢᠯᠳᠤᠭᠠᠨ ᠤ᠋ ᠠᠵᠢᠯᠯᠠᠭ᠎ᠠ ᠶ᠋ᠢ ᠢᠳᠡᠪᠬᠢᠵᠢᠭᠦᠯᠵᠦ ᠲᠡᠢᠨ᠂ ᠪᠠᠢᠯᠳᠤᠭᠠᠨ ᠳ᠋ᠤ᠌ ᠬᠠᠲᠠᠭᠤᠵᠢᠭᠰᠠᠨ ᠬᠣᠶᠠᠷ ᠮᠢᠩᠭᠠᠨ ᠮᠣᠷᠢᠨ ᠴᠡᠷᠢᠭ ᠢ᠋ᠶ᠋ᠡᠨ ᠤᠳᠤᠷᠢᠳᠴᠤ ᠲᠣᠭᠲᠠᠬᠤ ᠬᠠᠨ ᠤ᠋ ᠴᠡᠷᠢᠭ ᠲᠦ᠍ ᠬᠡᠳᠦ ᠬᠡᠳᠦᠨ ᠤᠳᠠᠭ᠎ᠠ ᠴᠣᠬᠢᠯᠲᠠ ᠥᠭᠴᠦ 1370 ᠣᠨ ᠳ᠋ᠤ᠌ ᠱᠢᠷᠳᠠᠷᠢᠶᠠ ᠮᠥᠷᠡᠨ ᠦ᠌ ᠨᠥᠭᠦᠭᠡ ᠡᠷᠭᠢ ᠬᠦᠷᠲᠡᠯ᠎ᠡ ᠡᠯᠳᠡᠨ ᠬᠥᠭᠡᠭᠡᠵᠡᠢ᠃
ᠡᠨᠡ ᠦᠶ᠎ᠡ ᠡᠴᠡ ᠬᠣᠢᠰᠢ ᠳᠣᠭᠣᠯᠠᠩ ᠲᠡᠮᠦᠷ ᠲᠡᠢᠨ᠂ ᠪᠠᠢᠯᠳᠤᠭᠠᠨ ᠬᠢᠬᠦ ᠳ᠋ᠡᠭᠡᠨ ᠬᠥᠮᠦᠨ ᠦ᠌ ᠰᠠᠨᠠᠭᠠᠨ ᠳ᠋ᠤ᠌ ᠪᠠᠭᠲᠠᠭᠠᠮᠵᠢ ᠦᠭᠡᠢ ᠠᠷᠭ᠎ᠠ ᠵᠠᠯᠢ ᠬᠡᠷᠡᠭᠯᠡᠳᠡᠭ ᠪᠣᠯᠵᠠᠢ᠃ ᠲᠡᠷᠡᠪᠡᠷ ᠲᠣᠭᠲᠠᠬᠤ ᠬᠠᠨ ᠤ᠋ ᠴᠡᠷᠢᠭ ᠢ᠋ ᠤᠳᠤᠷᠢᠳᠴᠤ ᠪᠠᠢᠭ᠎ᠠ ᠬᠦᠦ ᠬᠣᠵᠢ ᠶ᠋ᠢᠨ ᠨᠡᠷ᠎ᠡ ᠶ᠋ᠢᠨ ᠡᠮᠦᠨ᠎ᠡ ᠡᠴᠡ ᠴᠠᠢᠵᠠ ᠨᠤᠭᠤᠳ ᠤ᠋ᠨ ᠵᠠᠬᠢᠷᠤᠭᠴᠢ ᠨᠠᠷ ᠲᠤ᠌ ᠬᠠᠷᠢᠭᠤᠴᠠᠭᠰᠠᠨ ᠴᠠᠢᠵᠠ ᠠ᠋ᠴᠠ ᠪᠠᠨ ᠴᠡᠷᠢᠭ ᠢ᠋ᠶ᠋ᠡᠨ ᠠᠪᠴᠤ ᠱᠢᠷᠳᠠᠷᠢᠶᠠ ᠮᠥᠷᠡᠨ ᠦ᠌ ᠴᠠᠭᠠᠳᠤ ᠡᠷᠭᠢ ᠳ᠋ᠦ᠍ ᠭᠠᠷᠬᠤ ᠬᠠᠭᠤᠷᠮᠠᠴᠢ ᠲᠤᠰᠢᠶᠠᠯ ᠥᠭᠴᠦ ᠴᠠᠢᠵᠠ ᠨᠤᠭᠤᠳ ᠢ᠋ ᠡᠵᠡᠭᠦᠢᠷᠡᠭᠰᠡᠨ ᠬᠣᠢᠨ᠎ᠠ ᠨᠢ ᠪᠦᠭᠦᠳᠡ ᠶ᠋ᠢ ᠨᠢ ᠳᠠᠷᠠᠭᠠᠯᠠᠨ ᠪᠤᠯᠢᠶᠠᠨ ᠠᠪᠴᠠᠢ᠃
1370 ᠣᠨ ᠳ᠋ᠤ᠌ ᠮᠣᠩᠭᠣᠯ ᠤ᠋ᠨ ᠣᠯᠠᠨ ᠠᠢᠮᠠᠭ᠂ ᠣᠮᠣᠭ ᠤ᠋ᠨ ᠪᠠᠶᠠᠨ᠂ ᠢᠵᠠᠭᠤᠷᠲᠠᠨ ᠨᠣᠶᠠᠳ ᠬᠤᠷᠠᠯᠳᠠᠢ ᠬᠢᠵᠦ ᠴᠢᠩᠭᠢᠰ ᠬᠠᠭᠠᠨ ᠤ᠋ ᠤᠳᠤᠮ ᠤ᠋ᠨ ᠺᠣᠮᠪᠣᠯ ᠱᠠᠬ᠎ᠠ ᠠᠭᠯᠠᠨ ᠢ᠋ ᠬᠠᠭᠠᠨ ᠢ᠋ᠶ᠋ᠠᠷ ᠰᠣᠩᠭᠣᠭᠰᠠᠨ ᠢ᠋ ᠳᠣᠭᠣᠯᠠᠩ ᠲᠡᠮᠦᠷ ᠬᠦᠯᠢᠶᠡᠨ ᠵᠥᠪᠰᠢᠶᠡᠷᠡᠭᠰᠡᠨ ᠦᠭᠡᠢ᠂ ᠴᠡᠷᠢᠭ ᠦ᠋ᠨ ᠬᠦᠴᠦ ᠪᠡᠨ ᠮᠣᠩᠭᠣᠯᠴᠤᠳ ᠢ᠋ᠶ᠋ᠠᠷ ᠪᠡᠬᠢᠵᠢᠭᠦᠯᠵᠦ ᠮᠥᠨ ᠣᠨ ᠳ᠋ᠤ᠌ ᠠᠮᠤᠳᠠᠷᠢᠶᠠ᠂ ᠰᠤᠷᠲᠠᠷᠢᠶᠠ ᠮᠥᠷᠡᠨ ᠨᠦ᠍ᠭᠦᠳ ᠦ᠋ᠨ ᠬᠣᠭᠣᠷᠣᠨᠳᠣ ᠣᠷᠣᠰᠢᠬᠤ ᠮᠠᠤᠧᠷᠠᠨᠠᠷᠤᠮ ᠮᠣᠵᠢ ᠶ᠋ᠢᠨ ᠡᠮᠢᠷ ᠢ᠋ᠶ᠋ᠡᠷ ᠥᠪᠡᠷ ᠢ᠋ ᠪᠡᠨ ᠬᠠᠭᠠᠨ ᠡᠷᠭᠦᠮᠵᠢᠯᠡᠵᠦ ᠰᠠᠮᠠᠷᠺᠠᠠᠳ᠋ ᠬᠣᠲᠠ ᠶ᠋ᠢ ᠨᠡᠢᠰᠯᠡᠯ ᠢ᠋ᠶ᠋ᠡᠷ ᠵᠠᠷᠯᠠᠵᠤ ᠨᠡᠭᠦᠳᠡᠯᠴᠢᠨ ᠣᠮᠣᠭ ᠨᠤᠭᠤᠳ ᠤ᠋ᠨ ᠢᠵᠠᠭᠤᠷᠲᠠᠨ ᠨᠤᠭᠤᠳ᠂ ᠯᠠᠯᠤ ᠶ᠋ᠢᠨ ᠱᠠᠰᠢᠨ ᠤ᠋ ᠳᠡᠭᠡᠳᠦ ᠯᠠᠮᠠ ᠨᠠᠷ ᠤ᠋ᠨ ᠳᠡᠮᠵᠢᠯᠭᠡ ᠲᠡᠢ ᠪᠡᠷ ᠴᠢᠩᠭᠢᠰ ᠬᠠᠭᠠᠨ ᠤ᠋ ᠦᠷ᠎ᠡ ᠰᠡᠳᠦ ᠶ᠋ᠢᠨ ᠨᠡᠷ᠎ᠡ ᠶ᠋ᠢᠨ ᠡᠮᠦᠨ᠎ᠡ ᠡᠴᠡ ᠪᠦᠬᠦ ᠡᠷᠬᠡ ᠮᠠᠲᠠᠯ ᠢ᠋ ᠭᠠᠷ ᠲᠠᠭᠠᠨ ᠲᠥᠪᠯᠡᠷᠡᠭᠦᠯᠵᠡᠢ᠃ ᠭᠠᠵᠠᠷ ᠨᠤᠲᠤᠭ ᠢ᠋ᠶ᠋ᠠᠨ ᠲᠡᠯᠡᠬᠦ ᠪᠠᠢᠯᠳᠤᠨ ᠳᠠᠭᠠᠭᠤᠯᠤᠯᠲᠠ ᠬᠢᠬᠦ ᠪᠡᠷ ᠲᠥᠯᠥᠪᠯᠡᠵᠦ ᠶᠠᠭᠤᠨ ᠤ᠋ ᠡᠮᠦᠨ᠎ᠡ ᠠᠷᠮᠢ ᠶ᠋ᠢᠨ ᠵᠣᠬᠢᠶᠠᠨ ᠪᠠᠢᠭᠤᠯᠤᠯᠲᠠ ᠶ᠋ᠢ ᠪᠣᠯᠪᠠᠰᠤᠷᠠᠩᠭᠤᠢ ᠪᠣᠯᠭᠠᠬᠤ ᠳ᠋ᠠᠭᠠᠨ ᠮᠣᠩᠭᠣᠯᠴᠤᠳ ᠤ᠋ᠨ ᠪᠠᠢᠯᠳᠤᠭᠠᠨ ᠤ᠋ ᠲᠤᠷᠰᠢᠯᠭ᠎ᠠ᠂ ᠪᠠᠷᠢᠮᠲᠠᠯᠠᠵᠤ ᠪᠠᠢᠭᠰᠠᠨ ᠠᠷᠭ᠎ᠠ ᠲᠠᠺᠲ᠋ᠢᠺ ᠢ᠋ ᠶᠡᠬᠡ ᠰᠤᠳᠤᠯᠵᠠᠢ᠃
ᠳᠣᠭᠣᠯᠠᠩ ᠲᠡᠮᠦᠷ ᠴᠢᠩ ᠦᠨᠡᠨᠴᠢ᠂ ᠪᠠᠢᠯᠳᠤᠬᠤ ᠤᠷ᠎ᠠ ᠴᠢᠳᠠᠪᠤᠷᠢ ᠲᠡᠭᠦᠰ 313 ᠳᠠᠢᠴᠢᠳ ᠤ᠋ᠨ ᠢ᠋ᠶ᠋ᠠᠨ ᠬᠠᠮᠲᠤ ᠡᠷᠬᠡ ᠮᠠᠲᠠᠯ ᠤ᠋ᠨ ᠲᠥᠯᠥᠭᠡ ᠲᠡᠮᠡᠴᠡᠯ ᠢ᠋ ᠡᠬᠢᠯᠡᠵᠦ ᠲᠡᠳᠡ ᠨᠠᠷ ᠳᠣᠲᠣᠷ᠎ᠠ ᠠ᠋ᠴᠠ 10 ᠶ᠋ᠢ ᠨᠢ ᠠᠷᠪᠠᠲᠤ ᠶ᠋ᠢᠨ ᠳᠠᠷᠤᠭ᠎ᠠ᠂ 100 ᠶ᠋ᠢ ᠨᠢ ᠵᠠᠭᠤᠲᠤ ᠶ᠋ᠢᠨ ᠳᠠᠷᠤᠭ᠎ᠠ᠂ ᠰᠡᠭᠦᠯᠴᠢ ᠶ᠋ᠢᠨ 100 ᠬᠥᠮᠦᠨ ᠢ᠋ ᠮᠢᠩᠭᠠᠲᠤ ᠶ᠋ᠢᠨ ᠳᠠᠷᠤᠭ᠎ᠠ ᠪᠠᠷ ᠲᠣᠮᠢᠯᠠᠵᠤ ᠪᠤᠰᠤᠳ ᠢ᠋ ᠨᠢ ᠰᠢᠳᠠᠷ ᠵᠠᠩᠵᠤᠨ ᠢ᠋ᠶ᠋ᠠᠨ ᠪᠣᠯᠭᠠᠵᠠᠢ᠃ ᠠᠷᠪᠠᠲᠤ ᠶ᠋ᠢᠨ ᠳᠠᠷᠤᠭ᠎ᠠ ᠨᠠᠷ ᠢ᠋ ᠴᠡᠷᠢᠭ ᠦ᠋ᠳ ᠢ᠋ᠶ᠋ᠡᠷ ᠰᠣᠩᠭᠣᠭᠤᠯᠵᠤ ᠵᠠᠭᠤᠲᠤ ᠮᠢᠩᠭᠠᠲᠤ ᠶ᠋ᠢᠨ ᠳᠠᠷᠤᠭ᠎ᠠ ᠨᠠᠷ ᠢ᠋ ᠪᠡᠶᠡᠴᠢᠯᠡᠨ ᠲᠥᠬᠥᠭᠡᠵᠦ《ᠲᠠᠰᠢᠭᠤᠷ᠂ ᠪᠣᠷᠣᠣᠬᠠᠢ ᠠ᠋ᠴᠠ ᠵᠠᠬᠢᠷᠬᠤ ᠨᠡᠷ᠎ᠡ ᠬᠦᠨᠳᠦ᠂ ᠬᠣᠪ ᠤ᠋ᠨ ᠦᠯᠢᠭᠡᠷ ᠵᠢᠱ᠌ᠢᠶᠡᠴᠢ ᠪᠠᠢᠳᠠᠯ ᠲᠤᠩ ᠴᠢᠬᠤᠯᠠ᠃》 ᠭᠡᠵᠦ ᠲᠡᠳᠡᠨ ᠢ᠋ ᠰᠤᠷᠭᠠᠮᠵᠢᠯᠠᠵᠤ ᠪᠠᠢᠪᠠ᠃ ᠠᠷᠪᠠᠲᠤ᠂ ᠵᠠᠭᠤᠲᠤ᠂ ᠮᠢᠩᠭᠠᠲᠤ ᠶ᠋ᠢᠨ ᠴᠡᠷᠢᠭ ᠦ᠋ᠳ ᠨᠢ ᠮᠣᠷᠢᠨ ᠤ᠋ ᠥᠩᠭᠡ ᠵᠢᠰᠦ᠂ ᠡᠮᠦᠰᠴᠦ ᠪᠠᠢᠭ᠎ᠠ ᠬᠤᠶᠠᠭ ᠳᠤᠭᠤᠯᠠᠭ᠎ᠠ᠂ ᠲᠤᠭ᠂ ᠬᠤᠪᠴᠠᠰᠤᠨ ᠤ᠋ ᠥᠩᠭᠡ ᠪᠡᠷ ᠢ᠋ᠶ᠋ᠡᠨ ᠬᠣᠭᠣᠷᠣᠨᠳᠣ ᠪᠠᠨ ᠢᠯᠭᠠᠭᠳᠠᠵᠤ ᠪᠠᠢᠪᠠ᠃
ᠴᠢᠩᠭᠢᠰ᠂ ᠪᠠᠲᠤ ᠬᠠᠭᠠᠳ ᠤ᠋ᠨ ᠴᠡᠷᠢᠭ ᠡᠴᠡ ᠢᠯᠭᠠᠭ᠎ᠠ ᠲᠠᠢ ᠨᠢ ᠳᠣᠭᠣᠯᠠᠩ ᠲᠡᠮᠦᠷ ᠴᠡᠷᠢᠭ ᠦ᠋ᠳ ᠲᠡᠭᠡᠨ ᠲᠡᠢᠨ ᠦ᠌ ᠣᠯᠵᠠ ᠬᠤᠪᠢᠶᠠᠵᠤ ᠥᠭᠳᠡᠭ ᠪᠠᠢᠭᠰᠠᠨ ᠲᠡᠳᠦᠢ ᠦᠭᠡᠢ ᠲᠣᠭᠲᠠᠮᠠᠯ ᠴᠠᠯᠢᠩ ᠣᠯᠭᠣᠳᠠᠭ ᠪᠠᠢᠵᠠᠢ᠃ ᠵᠢᠭᠰᠠᠭᠠᠯ ᠤ᠋ᠨ ᠴᠡᠷᠢᠭ ᠲᠦ᠍ 2 ᠢ᠋4 ᠮᠣᠷᠢ ᠣᠯᠭᠣᠨ᠎ᠠ᠂ ᠭᠡᠬᠦ ᠳ᠋ᠡᠭᠡᠨ ᠤᠷᠮᠠᠰᠢᠭᠤᠯ ᠤ᠋ᠨ ᠬᠡᠮᠵᠢᠶ᠎ᠡ ᠶ᠋ᠢ ᠴᠡᠷᠢᠭ ᠦ᠋ᠨ ᠠᠯᠪᠠᠨ ᠤ᠋ ᠠᠮᠵᠢᠯᠲᠠ ᠶ᠋ᠢ ᠨᠢ ᠬᠠᠷᠠᠭᠠᠯᠵᠠᠨ ᠬᠦᠷᠲᠡᠭᠡᠨ᠎ᠡ᠃ ᠲᠡᠭᠦᠨ ᠡᠴᠡ ᠭᠠᠳᠠᠨ᠎ᠠ ᠪᠠᠢᠯᠳᠤᠭᠠᠨ ᠳ᠋ᠤ᠌ ᠦᠵᠡᠭᠦᠯᠦᠭᠰᠡᠨ ᠭᠠᠪᠢᠶ᠎ᠠ ᠶ᠋ᠢ ᠨᠢ ᠦᠨᠡᠯᠡᠵᠦ ᠵᠢᠭᠰᠠᠭᠠᠯ ᠤ᠋ᠨ ᠡᠮᠦᠨ᠎ᠡ ᠰᠠᠢᠰᠢᠶᠠᠬᠤ᠂ ᠴᠠᠯᠢᠩ ᠢ᠋ ᠨᠢ ᠨᠡᠮᠡᠬᠦ᠂ ᠦᠨᠡᠲᠦ ᠪᠡᠯᠡᠭ᠂ ᠦᠨᠡᠲᠦ ᠵᠡᠪᠰᠡᠭ ᠣᠯᠭᠣᠬᠤ᠂ ᠠᠯᠪᠠᠨ ᠲᠤᠰᠢᠶᠠᠯ ᠳᠡᠪᠰᠢᠭᠦᠯᠬᠦ᠂ ᠪᠠᠭᠠᠲᠤᠷ᠂ ᠡᠷᠡᠮᠡᠬᠡᠢ ᠵᠣᠷᠢᠭᠲᠤ ᠭᠡᠬᠦ ᠵᠡᠷᠭᠡ ᠴᠣᠯᠠ ᠴᠢᠮᠡᠭ ᠢ᠋ᠶ᠋ᠡᠷ ᠤᠷᠮᠠᠰᠢᠭᠤᠯᠳᠠᠭ ᠪᠠᠢᠯ᠎ᠠ᠃ ᠲᠡᠷᠡᠴᠢᠯᠡᠨ ᠠᠯᠳᠠᠭ᠎ᠠ ᠭᠠᠷᠭᠠᠪᠠᠯ ᠴᠠᠯᠢᠩ ᠢ᠋ ᠨᠢ ᠪᠠᠭᠠᠰᠬᠠᠬᠤ ᠵᠡᠷᠭᠡ ᠰᠢᠳᠬᠡᠯ ᠮᠥᠨ ᠨᠣᠭᠳᠠᠭᠤᠯᠳᠠᠭ ᠪᠠᠢᠭᠰᠠᠨ ᠢ᠋ ᠨᠢ ᠳᠤᠷᠠᠳᠬᠤ ᠨᠢ ᠵᠦᠢᠲᠡᠢ᠃
ᠳᠣᠭᠣᠯᠠᠩ ᠲᠡᠮᠦᠷ ᠠᠷᠮᠢ ᠶ᠋ᠢᠨ ᠢ᠋ᠶ᠋ᠡᠨ ᠭᠣᠣᠯ ᠴᠥᠮ᠎ᠡ ᠪᠣᠯᠬᠤ ᠮᠣᠷᠢᠨ ᠴᠡᠷᠢᠭ ᠢ᠋ ᠬᠥᠩᠭᠡᠨ᠂ ᠬᠦᠨᠳᠦ ᠭᠡᠵᠦ ᠬᠤᠪᠢᠶᠠᠵᠤ ᠬᠥᠩᠭᠡᠨ ᠮᠣᠷᠢᠨ ᠴᠡᠷᠢᠭ ᠨᠢ ᠨᠤᠮᠤ᠂ 18-20 ᠰᠤᠮᠤ᠂ ᠰᠤᠮᠤᠨ ᠤ᠋ 10 ᠵᠡᠪᠡ᠂ ᠰᠦᠬᠡ᠂ ᠬᠢᠷᠥᠭᠡ᠂ ᠰᠢᠪᠦᠭᠡ᠂ ᠵᠡᠭᠦᠦ᠂ ᠪᠤᠭᠤᠢᠯᠢ᠂ ᠤᠮᠳᠠ ᠶ᠋ᠢᠨ ᠤᠰᠤᠨ ᠤ᠋ ᠬᠡᠦ᠋ᠳ᠋ᠡᠢ᠂ ᠮᠣᠷᠢ ᠲᠠᠢ ᠪᠠᠢᠬᠤ ᠬᠢᠭᠡᠳ 19 ᠬᠥᠩᠭᠡᠨ ᠮᠣᠷᠢᠨ ᠴᠡᠷᠢᠭ ᠠᠶᠠᠨ ᠤ᠋ ᠦᠶ᠎ᠡ ᠳ᠋ᠦ᠍ ᠨᠢᠭᠡ ᠮᠣᠷᠢᠨ ᠲᠡᠷᠭᠡᠨ ᠳ᠋ᠦ᠍ ᠡᠳ᠋ ᠵᠦᠢᠯᠡᠰ ᠢ᠋ᠶ᠋ᠡᠨ ᠠᠴᠢᠵᠤ ᠶᠠᠪᠤᠨ᠎ᠠ᠂ ᠲᠣᠷᠭᠠᠨ ᠬᠦᠨᠳᠦ ᠮᠣᠷᠢᠨ ᠴᠡᠷᠢᠭ ᠨᠢ ᠲᠤᠭᠤᠯᠭ᠎ᠠ᠂ ᠲᠡᠮᠦᠷ ᠬᠤᠶᠠᠭ᠂ ᠢᠯᠳᠦ᠂ ᠨᠤᠮᠤ ᠰᠤᠮᠤ᠂ ᠬᠣᠶᠠᠷ ᠮᠣᠷᠢ ᠲᠠᠢ ᠪᠠᠢᠨ᠎ᠠ᠂ ᠲᠠᠪᠤᠨ ᠬᠦᠨᠳᠦ ᠮᠣᠷᠢᠨ ᠴᠡᠷᠢᠭ ᠲᠡᠢᠨ ᠪᠠᠢᠯᠳᠤᠭᠠᠨ ᠤ᠋ ᠦᠶ᠎ᠡ ᠳ᠋ᠦ᠍ ᠨᠢᠭᠡ ᠲᠡᠷᠭᠡᠨ ᠳ᠋ᠦ᠍ ᠵᠢᠳᠠ᠂ ᠰᠡᠯᠡᠮ᠎ᠡ᠂ ᠪᠣᠷᠣᠣᠬᠠᠢ ᠵᠡᠷᠭᠡ ᠡᠳ᠋ ᠵᠦᠢᠯᠡᠰ ᠢ᠋ᠶ᠋ᠡᠨ ᠠᠴᠢᠵᠤ ᠶᠠᠪᠤᠳᠠᠭ ᠪᠠᠢᠨ᠎ᠠ᠃ ᠲᠡᠭᠦᠨ ᠡᠴᠡ ᠭᠠᠳᠠᠨ᠎ᠠ ᠤᠲᠤᠯᠲᠠ᠂ ᠪᠦᠰᠡᠯᠡᠯᠲᠡ ᠬᠢᠬᠦ᠂ ᠠᠭᠤᠯᠠᠷᠬᠠᠭ ᠭᠠᠵᠠᠷ ᠲᠤ᠌ ᠪᠠᠢᠯᠳᠤᠭᠠᠨ ᠤ᠋ ᠠᠵᠢᠯᠯᠠᠭ᠎ᠠ ᠶᠠᠪᠤᠭᠤᠯᠬᠤ ᠵᠣᠷᠢᠭᠤᠯᠤᠯᠲᠠ ᠪᠦᠬᠦᠢ ᠲᠤᠰ ᠪᠦᠷᠢ ᠨᠢ ᠭᠤᠴᠢᠨ ᠰᠤᠮᠤ ᠪᠦᠬᠦᠢ ᠨᠤᠮᠤ ᠲᠠᠢ ᠬᠥᠩᠭᠡᠨ ᠮᠣᠷᠢᠨ ᠴᠡᠷᠢᠭ ᠪᠠᠰᠠ ᠪᠠᠢᠵᠠᠢ᠃
ᠳᠣᠭᠣᠯᠠᠩ ᠲᠡᠮᠦᠷ ᠦ᠋ᠨ ᠪᠠᠢᠭᠤᠯᠤᠭᠰᠠᠨ ᠭᠦᠷᠦᠨ
ᠳᠣᠭᠣᠯᠠᠩ ᠲᠡᠮᠦᠷ ᠡᠮᠢᠷ ᠲᠤᠷᠰᠢᠯᠭ᠎ᠠ ᠲᠠᠢ ᠴᠡᠷᠢᠭ ᠦ᠋ᠨ ᠳᠠᠷᠤᠭ᠎ᠠ ᠶ᠋ᠢᠨ ᠬᠤᠪᠢ ᠳ᠋ᠤ᠌ ᠨᠠᠢᠳᠠᠪᠤᠷᠢᠲᠠᠢ ᠬᠠᠮᠠᠭᠠᠯᠠᠯᠲᠠ ᠳ᠋ᠤ᠌ ᠣᠨᠴᠠᠭᠠᠢ ᠠᠩᠬᠠᠷᠳᠠᠭ᠂ ᠮᠣᠷᠢᠨ ᠴᠡᠷᠢᠭ ᠳᠠᠭᠠᠷᠢᠯᠲᠠ ᠬᠢᠬᠦ ᠳ᠋ᠦ᠍ ᠲᠣᠬᠢᠷᠠᠮᠵᠢᠲᠠᠢ᠂ ᠪᠡᠯᠴᠢᠭᠡᠷ ᠰᠠᠢᠲᠠᠢ᠂ ᠤᠮᠳᠠᠨ ᠤ᠋ ᠤᠰᠤᠨ ᠤ᠋ ᠡᠬᠢ ᠪᠤᠯᠠᠭ ᠰᠠᠢᠲᠠᠢ ᠭᠠᠵᠠᠷ ᠢ᠋ ᠵᠣᠷᠢᠭᠤᠳᠠ ᠰᠣᠩᠭᠣᠵᠤ ᠲᠤᠯᠤᠯᠳᠤᠭᠠᠨ ᠬᠢᠳᠡᠭ ᠪᠠᠢᠪᠠ᠃ ᠴᠡᠷᠢᠭ ᠢ᠋ᠶ᠋ᠡᠨ ᠪᠠᠢᠯᠳᠤᠭᠠᠨ ᠤ᠋ ᠵᠢᠷᠤᠮ ᠳ᠋ᠤ᠌ ᠪᠠᠢᠷᠢᠯᠠᠭᠤᠯᠬᠤ ᠳ᠋ᠠᠭᠠᠨ᠂ ᠰᠤᠮᠤ ᠲᠠᠯᠪᠢᠬᠤ ᠳ᠋ᠤ᠌ ᠨᠠᠷᠠᠨ ᠳ᠋ᠤ᠌ ᠨᠢᠳᠦ ᠭᠢᠯᠪᠠᠬᠤ ᠦᠭᠡᠢ ᠪᠠᠢᠬᠤ ᠪᠠᠷ ᠵᠣᠬᠢᠴᠠᠭᠤᠯᠵᠤ ᠨᠥᠭᠡᠴᠡᠨ ᠳ᠋ᠦ᠍ ᠶᠡᠬᠡᠬᠡᠨ ᠴᠡᠷᠢᠭ ᠦᠯᠡᠳᠡᠭᠡᠳᠡᠭ ᠪᠠᠢᠵᠠᠢ᠃ ᠪᠠᠢᠯᠳᠤᠭᠠᠨ ᠳ᠋ᠤ᠌ ᠬᠥᠩᠭᠡᠨ ᠮᠣᠷᠢᠨ ᠴᠡᠷᠢᠭ ᠡᠬᠢᠯᠡᠵᠦ ᠳᠠᠢᠰᠤᠨ ᠤᠷᠤᠭᠤ ᠰᠤᠮᠤᠨ ᠮᠥᠨᠳᠥᠷ ᠪᠠᠭᠤᠯᠭᠠᠭᠰᠠᠨ ᠤ᠋ ᠳᠠᠷᠠᠭ᠎ᠠ ᠮᠣᠷᠢᠨ ᠴᠡᠷᠢᠭ ᠳᠠᠷᠠᠭᠠᠯᠠᠨ ᠳᠠᠭᠠᠷᠢᠯᠲᠠ ᠬᠢᠵᠦ ᠡᠴᠦᠰ ᠲᠦ᠍ ᠨᠢ ᠨᠥᠭᠡᠴᠡ ᠪᠡᠨ ᠣᠷᠣᠭᠤᠯᠤᠨ᠎ᠠ᠂《ᠠᠷᠪᠠ ᠳ᠋ᠠᠬᠢ ᠳᠠᠭᠠᠷᠢᠯᠲᠠ ᠢᠯᠠᠯᠲᠠ ᠠᠪᠴᠢᠷᠠᠨ᠎ᠠ᠃》 ᠭᠡᠰᠡᠨ ᠵᠠᠷᠴᠢᠮ ᠢ᠋ ᠪᠠᠷᠢᠮᠲᠠᠯᠠᠳᠠᠭ ᠪᠠᠢᠪᠠ᠃
ᠳᠣᠭᠣᠯᠠᠩ ᠲᠡᠮᠦᠷ ᠡᠮᠢᠷ ᠪᠠᠢᠯᠳᠤᠨ ᠳᠠᠭᠠᠭᠤᠯᠤᠯᠲᠠ ᠪᠠᠨ 1371 ᠣᠨ ᠳ᠋ᠤ᠌ ᠡᠬᠢᠯᠡᠵᠦ 1380 ᠣᠨ ᠭᠡᠬᠦ ᠳ᠋ᠦ᠍ ᠶᠢᠰᠦᠨ ᠤᠳᠠᠭ᠎ᠠ ᠶ᠋ᠢᠨ ᠠᠶᠠᠨ ᠲᠡᠢᠨ ᠢ᠋ᠶ᠋ᠡᠷ ᠦᠽᠸᠪᠧᠺ ᠢᠷᠭᠡᠳ ᠣᠷᠣᠰᠢᠨ ᠰᠠᠭᠤᠳᠠᠭ᠂ ᠥᠨᠥ ᠶ᠋ᠢᠨ ᠠᠹᠭᠠᠨᠢᠰᠲ᠋ᠠᠨ ᠤ᠋ ᠳᠡᠢᠯᠦᠩᠭᠢ ᠨᠤᠲᠤᠭ ᠳᠡᠪᠢᠰᠬᠡᠷ ᠢ᠋ ᠡᠵᠡᠯᠡᠨ ᠡᠷᠬᠡᠰᠢᠶᠡᠯ ᠳ᠋ᠡᠭᠡᠨ ᠣᠷᠣᠭᠤᠯᠵᠤ ᠡᠰᠡᠷᠭᠦᠴᠡᠯ ᠦᠵᠡᠭᠦᠯᠦᠭᠰᠡᠨ ᠳᠠᠢᠰᠤᠨ ᠤ᠋ ᠴᠡᠷᠢᠭ ᠦ᠋ᠳ ᠦ᠋ᠨ ᠲᠣᠯᠣᠭᠠᠢ ᠶ᠋ᠢ ᠲᠠᠰᠤᠳᠠᠵᠤ ᠫᠢᠷᠠᠮᠢᠳ ᠪᠤᠰᠬᠠᠵᠤ ᠪᠠᠢᠪᠠ᠃
ᠳᠣᠭᠣᠯᠠᠩ ᠲᠡᠮᠦᠷ 1376 ᠣᠨ ᠳ᠋ᠤ᠌ ᠴᠢᠩᠭᠢᠰ ᠬᠠᠭᠠᠨ ᠤ᠋ ᠤᠳᠤᠮ ᠤ᠋ᠨ ᠲᠣᠭᠲᠠᠮᠢᠱᠢ ᠵᠠᠩᠵᠤᠨ ᠳ᠋ᠤ᠌ ᠠᠯᠲᠠᠨ ᠣᠷᠳᠣᠨ ᠤ᠋ ᠤᠯᠤᠰ ᠤ᠋ᠨ ᠬᠠᠭᠠᠨ ᠪᠣᠯᠬᠤ ᠳ᠋ᠤ᠌ ᠨᠢ ᠴᠡᠷᠢᠭ ᠦ᠋ᠨ ᠲᠤᠰᠠᠯᠠᠯᠴᠠᠭ᠎ᠠ ᠦᠵᠡᠭᠦᠯᠦᠭᠰᠡᠨ ᠴᠦ᠍ ᠴᠠᠭᠠᠳᠤᠬᠢ ᠨᠢ ᠬᠣᠵᠢᠮ ᠢ᠋ᠶ᠋ᠠᠨ ᠠᠴᠢ ᠶ᠋ᠢ ᠨᠢ ᠪᠠᠴᠢ ᠪᠠᠷ ᠬᠠᠷᠢᠭᠤᠯᠵᠤ ᠶᠡᠬᠡ ᠬᠣᠣᠷ ᠤᠴᠠᠷᠠᠭᠤᠯᠤᠭᠰᠠᠨ ᠠᠵᠢ᠃
ᠨᠡᠢᠰᠯᠡᠯ ᠰᠠᠮᠠᠷᠺᠠᠠᠳ᠋ ᠬᠣᠲᠠ ᠪᠠᠨ ᠦᠨᠡᠲᠦ ᠡᠷᠳᠡᠨᠢᠰ ᠢ᠋ᠶ᠋ᠡᠷ ᠳᠦᠭᠦᠷᠭᠡᠵᠦ ᠡᠵᠡᠯᠡᠨ ᠲᠦᠷᠢᠮᠡᠬᠡᠢᠯᠡᠭᠰᠡᠨ ᠣᠷᠣᠨ ᠨᠤᠭᠤᠳ ᠠ᠋ᠴᠠ ᠨᠡᠢᠲᠡ ᠳ᠋ᠡᠭᠡᠨ 150 ᠮᠢᠩᠭ᠎ᠠ ᠭᠠᠷᠤᠢ ᠤᠷᠠᠨ ᠭᠠᠷᠳᠠᠨ ᠠᠪᠴᠢᠷᠠᠵᠤ ᠭᠣᠶᠣᠮᠰᠣᠭ ᠣᠷᠳᠣᠨ ᠬᠠᠷᠰᠢ ᠪᠠᠷᠢᠭᠤᠯᠵᠤ ᠲᠡᠳᠡᠭᠡᠷ ᠢ᠋ ᠮᠣᠩᠭᠣᠯ ᠤ᠋ᠨ ᠴᠡᠷᠢᠭ ᠦ᠋ᠨ ᠪᠠᠢᠯᠳᠤᠨ ᠳᠠᠭᠠᠭᠤᠯᠤᠯᠲᠠ ᠶ᠋ᠢ ᠬᠠᠷᠠᠭᠤᠯᠤᠭᠰᠠᠨ ᠵᠢᠷᠤᠭ ᠢ᠋ᠶ᠋ᠠᠷ ᠴᠢᠮᠡᠭᠯᠡᠭᠦᠯᠳᠡᠭ ᠪᠠᠢᠪᠠ᠃
1386 ᠣᠨ ᠳ᠋ᠤ᠌ ᠺᠠᠣᠬᠡᠰ ᠤᠷᠤᠭᠤ ᠲᠡᠢᠨ ᠬᠢᠵᠦ ᠲᠢᠹᠯᠢᠰ ᠬᠣᠲᠠ ᠶ᠋ᠢᠨ ᠣᠢᠷᠠᠯᠴᠠᠭ᠎ᠠ ᠪᠣᠯᠤᠭᠰᠠᠨ ᠲᠤᠯᠤᠯᠳᠤᠭᠠᠨ ᠳ᠋ᠤ᠌ ᠬᠦᠷᠵᠢ ᠶ᠋ᠢᠨ ᠴᠡᠷᠢᠭ ᠢ᠋ ᠪᠤᠲᠠ ᠨᠢᠷᠭᠡᠨ ᠨᠡᠢᠰᠯᠡᠯ ᠬᠣᠲᠠ ᠶ᠋ᠢ ᠨᠢ ᠲᠦᠢᠪᠡᠭᠡᠵᠦ ᠬᠦᠷᠰᠢ ᠣᠷᠣᠰᠢᠬᠤ ᠠᠷᠮᠧᠨᠢᠶ᠎ᠠ ᠶ᠋ᠢ ᠶᠠᠪᠤᠭᠤᠲᠠ ᠡᠵᠡᠯᠡᠵᠡᠢ᠃
1388 ᠣᠨ ᠳ᠋ᠤ᠌ ᠬᠣᠷᠧᠽᠮ ᠦ᠋ᠨ ᠬᠠᠭᠠᠨᠲᠤ ᠤᠯᠤᠰ ᠰᠢᠷᠦᠭᠦᠨ ᠡᠰᠡᠷᠭᠦᠴᠡᠯ ᠦᠵᠡᠭᠦᠯᠦᠭᠰᠡᠨ ᠴᠦ᠍ ᠮᠣᠩᠭᠣᠯ ᠤ᠋ᠨ ᠮᠣᠷᠢᠨ ᠴᠡᠷᠢᠭ ᠦ᠋ᠨ ᠤᠳᠠᠭ᠎ᠠ ᠳᠠᠷᠠᠭ᠎ᠠ ᠶ᠋ᠢᠨ ᠳᠠᠭᠠᠷᠢᠯᠲᠠ ᠶ᠋ᠢ ᠲᠡᠰᠦᠭᠰᠡᠨ ᠦᠭᠡᠢ᠂ ᠤᠳᠠᠭᠰᠠᠨ ᠦᠭᠡᠢ ᠪᠠᠭᠤᠵᠤ ᠥᠭᠴᠡᠢ᠃ ᠭᠡᠪᠡᠴᠦ ᠳᠣᠭᠣᠯᠠᠩ ᠲᠡᠮᠦᠷ ᠪᠠᠭᠤᠵᠤ ᠥᠭᠭᠦᠭᠰᠡᠨ ᠢ᠋ ᠨᠢ ᠡᠰᠡ ᠬᠠᠷᠠᠭᠠᠯᠵᠠᠨ ᠨᠡᠢᠰᠯᠡᠯ ᠡᠷᠭᠦᠮᠴᠢ ᠬᠣᠲᠠ ᠶ᠋ᠢᠨ ᠬᠢ ᠨᠢ ᠪᠦᠬᠦ ᠣᠷᠣᠰᠢᠨ ᠰᠠᠭᠤᠭᠴᠢ ᠶ᠋ᠢ ᠬᠦᠢᠰᠦ ᠲᠠᠮᠲᠠᠷᠢᠵᠠᠢ᠃ ᠡᠨᠡ ᠦᠶ᠎ᠡ ᠳ᠋ᠦ᠍ ᠵᠧᠢᠬᠤᠨ (ᠠᠮᠤᠳᠤᠷᠢᠶᠠ) ᠮᠥᠷᠡᠨ ᠦ᠌ ᠡᠷᠭᠢ ᠳᠠᠭᠠᠤ ᠳ᠋ᠠᠬᠢ ᠪᠦᠬᠦ ᠨᠤᠲᠤᠭ ᠫᠠᠮᠢᠷ ᠤ᠋ᠨ ᠠᠭᠤᠯᠠᠨ ᠠ᠋ᠴᠠ ᠠᠷᠠᠯ ᠤ᠋ᠨ ᠲᠠᠩᠭᠢᠰ ᠨᠤᠲᠤᠭ ᠢ᠋ ᠳᠣᠭᠣᠯᠠᠩ ᠲᠡᠮᠦᠷ ᠡᠮᠢᠷ ᠡᠷᠬᠡᠰᠢᠶᠡᠯ ᠳ᠋ᠡᠭᠡᠨ ᠣᠷᠣᠭᠤᠯᠤᠭᠰᠠᠨ ᠪᠠᠢᠪᠠ᠃
1389 ᠣᠨ ᠳ᠋ᠤ᠌ ᠪᠠᠯᠠᠠᠠᠱ ᠨᠠᠭᠤᠷ ᠤ᠋ᠨ ᠵᠦᠭ ᠰᠧᠮᠢᠷᠧᠴᠢᠶᠠ ᠨᠤᠲᠤᠭ ᠲᠤ᠌᠂ ᠥᠨᠥ ᠶ᠋ᠢᠨ ᠬᠠᠰᠠᠭᠰᠲ᠋ᠠᠨ ᠤ᠋ ᠡᠮᠦᠨᠡᠲᠦ ᠨᠤᠲᠤᠭ ᠤᠷᠤᠭᠤ ᠠᠶᠠᠨ ᠬᠢᠵᠦ ᠳᠠᠷᠠᠭ᠎ᠠ ᠨᠢ ᠫᠧᠷᠰ ᠦ᠋ᠨ ᠡᠵᠡᠨᠲᠦ ᠭᠦᠷᠦᠨ ᠦ᠌ ᠨᠤᠲᠤᠭ ᠤᠷᠤᠭᠤ ᠬᠦᠯᠦᠭ ᠦ᠋ᠨ ᠵᠢᠯᠣᠭᠣ ᠶ᠋ᠢ ᠵᠠᠯᠠᠬᠤ ᠦᠶ᠎ᠡ ᠳ᠋ᠦ᠍ ᠨᠢ ᠠᠯᠲᠠᠨ ᠣᠷᠳᠣᠨ ᠤ᠋ ᠤᠯᠤᠰ ᠤ᠋ᠨ ᠲᠣᠠᠠᠳᠠᠮᠢᠱᠢ ᠬᠠᠭᠠᠨ ᠡᠮᠢᠷ ᠦ᠋ᠨ ᠨᠤᠲᠤᠭ ᠲᠤ᠌ ᠬᠠᠯᠳᠠᠵᠤ ᠬᠣᠢᠲᠤ ᠨᠤᠲᠤᠭ ᠢ᠋ ᠨᠢ ᠳᠦᠢᠪᠡᠭᠡᠵᠦ ᠪᠠᠢᠭ᠎ᠠ ᠲᠤᠬᠠᠢ ᠮᠡᠳᠡᠭᠡ ᠠᠪᠴᠤ ᠨᠡᠢᠰᠯᠡᠯ ᠰᠠᠮᠠᠷᠺᠠᠠᠳ᠋ ᠬᠣᠲᠠ ᠳ᠋ᠠᠭᠠᠨ ᠪᠤᠴᠠᠨ ᠢᠷᠡᠵᠦ ᠲᠣᠮᠣᠬᠠᠨ ᠲᠡᠢᠨ ᠳ᠋ᠦ᠍ ᠪᠡᠯᠡᠳᠬᠡᠵᠦ ᠡᠬᠢᠯᠡᠵᠡᠢ᠃ ᠳᠣᠭᠣᠯᠠᠩ ᠲᠡᠮᠦᠷ ᠡᠮᠢᠷ ᠠᠯᠲᠠᠨ ᠣᠷᠳᠣᠨ ᠤ᠋ ᠤᠯᠤᠰ ᠤᠷᠤᠭᠤ 1389᠂ 1391᠂ 1394᠂ 1395 ᠣᠨ ᠨᠤᠭᠤᠳ ᠲᠤ᠌ ᠨᠡᠢᠲᠡ ᠳ᠋ᠡᠭᠡᠨ ᠭᠤᠷᠪᠠᠨ ᠤᠳᠠᠭ᠎ᠠ ᠠᠶᠠᠨ ᠲᠡᠢᠨ ᠬᠢᠵᠦ ᠲᠤᠬᠠᠢ ᠪᠦᠷᠢ ᠨᠠᠷᠠ ᠲᠥᠭᠡᠨᠡᠭᠰᠡᠨ ᠬᠡᠭᠡᠷ᠎ᠡ ᠲᠠᠯ᠎ᠠ ᠪᠠᠷ 2500 ᠺᠢᠯᠣᠮᠧᠲ᠋ᠷ ᠵᠠᠮ ᠲᠤᠭᠤᠯᠵᠤ ᠪᠠᠢᠪᠠ᠃ ᠬᠠᠷᠢᠨ ᠰᠡᠭᠦᠯᠴᠢ ᠶ᠋ᠢᠨ ᠤᠳᠠᠭ᠎ᠠ ᠺᠠᠰᠫᠢ ᠶ᠋ᠢᠨ ᠲᠠᠩᠭᠢᠰ ᠤ᠋ᠨ ᠪᠠᠷᠠᠭᠤᠨ ᠡᠷᠭᠢ ᠳᠠᠭᠠᠤ ᠠᠽᠧᠷᠪᠠᠢᠵᠠᠨ ᠤ᠋ ᠨᠤᠲᠤᠭ᠂ ᠳ᠋ᠸᠷᠸᠸᠠᠲ ᠴᠠᠢᠵᠠ ᠪᠠᠷ ᠳᠠᠭᠠᠷᠢᠵᠤ ᠶᠠᠪᠤᠵᠠᠢ᠃
1391 ᠣᠨ ᠤ᠋ ᠳᠣᠯᠣᠳᠤᠭᠠᠷ ᠰᠠᠷ᠎ᠠ ᠳ᠋ᠤ᠌ ᠺᠧᠺᠭ᠌ᠧᠯ ᠨᠠᠭᠤᠷ ᠤ᠋ᠨ ᠳᠡᠷᠭᠡᠳᠡ ᠪᠣᠯᠤᠭᠰᠠᠨ ᠰᠢᠢᠳᠪᠦᠷᠢᠯᠡᠬᠦ ᠲᠤᠯᠤᠯᠳᠤᠭᠠᠨ ᠳ᠋ᠤ᠌ ᠬᠣᠶᠠᠷ ᠲᠠᠯ᠎ᠠ ᠠ᠋ᠴᠠ ᠲᠤᠰ ᠪᠦᠷᠢ 300 ᠮᠢᠩᠭ᠎ᠠ ᠣᠷᠴᠢᠮ ᠴᠡᠷᠢᠭ ᠣᠷᠣᠯᠴᠠᠵᠤ ᠳᠣᠭᠣᠯᠠᠩ ᠲᠡᠮᠦᠷ ᠡᠮᠢᠷ ᠦ᠋ᠨ ᠴᠡᠷᠢᠭ ᠢᠯᠠᠵᠤ ᠠᠯᠲᠠᠨ ᠣᠷᠳᠣᠨ ᠤ᠋ ᠤᠯᠤᠰ ᠤ᠋ᠨ ᠨᠡᠢᠰᠯᠡᠯ ᠰᠡᠷᠡᠢ ᠬᠣᠲᠠ ᠶ᠋ᠢ ᠡᠵᠡᠯᠡᠨ ᠳᠦᠢᠪᠡᠭᠡᠭᠰᠡᠨ ᠴᠦ᠍ ᠲᠤᠰ ᠣᠷᠣᠨ ᠤ᠋ ᠨᠤᠲᠤᠭ ᠢ᠋ ᠡᠷᠬᠡᠰᠢᠶᠡᠯ ᠳ᠋ᠡᠭᠡᠨ ᠠᠪᠤᠭᠰᠠᠨ ᠦᠭᠡᠢ᠂ ᠨᠤᠲᠤᠭ ᠪᠤᠴᠠᠵᠠᠢ᠃ 1395 ᠣᠨ ᠳ᠋ᠤ᠌ ᠠᠯᠲᠠᠨ ᠣᠷᠳᠣᠨ ᠤ᠋ ᠤᠯᠤᠰ ᠢ᠋ ᠳᠠᠬᠢᠨ ᠲᠦᠢᠪᠡᠭᠡᠭᠰᠡᠨ ᠦ᠌ ᠳᠠᠷᠠᠭ᠎ᠠ ᠣᠷᠣᠰ ᠤ᠋ᠨ ᠨᠤᠲᠤᠭ ᠲᠤ᠌ ᠬᠦᠷᠴᠦ ᠬᠢᠯᠢ ᠶ᠋ᠢᠨ ᠶᠡᠯᠧᠼ ᠬᠣᠲᠠ ᠴᠠᠢᠵᠠ ᠶ᠋ᠢ ᠡᠵᠡᠯᠡᠵᠦ ᠲᠦᠢᠮᠡᠷᠳᠡᠭᠰᠡᠨ ᠦ᠌ ᠳᠠᠷᠠᠭ᠎ᠠ ᠶᠠᠭᠠᠬᠢᠭᠠᠳ ᠴᠤ᠌ ᠶᠤᠮ ᠪᠤᠴᠠᠨ ᠶᠠᠪᠤᠵᠠᠢ᠃
1392-1398 ᠣᠨ ᠨᠤᠭᠤᠳ ᠲᠤ᠌ ᠫᠧᠷᠰ᠂ ᠬᠥᠷᠰᠢ ᠣᠷᠣᠰᠢᠬᠤ ᠺᠠᠣᠬᠡᠰ ᠦ᠋ᠨ ᠴᠢᠨᠠᠳᠤ ᠳ᠋ᠠᠬᠢ ᠨᠤᠲᠤᠭ ᠢ᠋ ᠲᠦᠷᠢᠮᠡᠬᠡᠢᠯᠡᠬᠦ ᠳ᠋ᠡᠭᠡᠨ 1394 ᠣᠨ ᠳ᠋ᠤ᠌ ᠫᠠᠲ᠋ᠢᠯᠠ ᠬᠣᠲᠠ ᠶ᠋ᠢᠨ ᠣᠢᠷᠠᠯᠴᠠᠭ᠎ᠠ ᠫᠧᠷᠰ ᠦ᠋ᠨ ᠮᠠᠠᠰᠣᠷ ᠱᠠᠭᠢ ᠶ᠋ᠢᠨ ᠶᠡᠬᠡ ᠴᠡᠷᠢᠭ ᠲᠡᠢ ᠲᠣᠮᠣᠬᠠᠨ ᠪᠠᠢᠯᠳᠤᠭᠠᠨ ᠬᠢᠵᠦ ᠳᠠᠢᠰᠤᠨ ᠤ᠋ ᠬᠣᠷᠢᠭᠯᠠᠯᠲᠠ ᠶ᠋ᠢᠨ ᠲᠥᠪ ᠬᠡᠰᠡᠭ ᠤᠷᠤᠭᠤ ᠮᠣᠷᠢᠨ ᠴᠡᠷᠢᠭ ᠦ᠋ᠨ ᠳᠠᠭᠠᠷᠢᠯᠲᠠ ᠬᠢᠭᠰᠡᠨ ᠨᠢ ᠪᠦᠲᠦᠯᠭᠦᠢᠲᠦᠵᠦ ᠨᠥᠭᠡᠴᠡᠨ ᠳ᠋ᠦ᠍ ᠪᠠᠢᠭᠰᠠᠨ ᠬᠦᠨᠳᠦ ᠮᠣᠷᠢᠨ ᠴᠡᠷᠢᠭ ᠢ᠋ᠶ᠋ᠡᠨ ᠲᠤᠯᠤᠯᠳᠤᠭᠠᠨ ᠳ᠋ᠤ᠌ ᠣᠷᠣᠭᠤᠯᠵᠤ ᠪᠠᠢᠵᠤ ᠰᠠᠶᠢ ᠨᠢᠭᠡ ᠳᠡᠢᠯᠵᠡᠢ᠃ ᠡᠨᠡ ᠢᠯᠠᠯᠲᠠ ᠶ᠋ᠢᠨ ᠦᠷ᠎ᠡ ᠳ᠋ᠦᠩ ᠳ᠋ᠦ᠍ ᠫᠧᠷᠰ ᠦ᠋ᠨ ᠡᠵᠡᠨᠲᠦ ᠭᠦᠷᠦᠨ ᠢ᠋ ᠪᠦᠷᠢᠨ ᠡᠷᠬᠡᠰᠢᠶᠡᠯ ᠳ᠋ᠡᠭᠡᠨ ᠣᠷᠣᠭᠤᠯᠵᠠᠢ᠃ ᠫᠧᠷᠰ ᠦ᠋ᠨ ᠵᠠᠷᠢᠮ ᠬᠣᠲᠠ᠂ ᠮᠣᠵᠢ ᠳ᠋ᠤ᠌ ᠮᠣᠩᠭᠣᠯᠴᠤᠳ ᠤ᠋ᠨ ᠡᠰᠡᠷᠡᠭ ᠭᠤᠷᠪᠠᠨ ᠤᠳᠠᠭ᠎ᠠ ᠲᠣᠮᠣᠬᠠᠨ ᠪᠣᠰᠤᠯᠭ᠎ᠠ ᠭᠠᠷᠬᠤ ᠳ᠋ᠤ᠌ ᠲᠤᠬᠠᠢ ᠪᠦᠷᠢ ᠵᠡᠪᠰᠡᠭ ᠦ᠋ᠨ ᠬᠦᠴᠦ ᠪᠡᠷ ᠳᠠᠷᠤᠵᠤ ᠬᠣᠲᠠ᠂ ᠰᠠᠭᠤᠷᠢᠨ ᠢ᠋ ᠨᠢ ᠲᠦᠢᠮᠡᠷᠳᠡᠵᠦ ᠣᠷᠣᠰᠢᠨ ᠰᠠᠭᠤᠭᠴᠢᠳ ᠢ᠋ ᠨᠢ ᠲᠣᠯᠣᠭᠠᠢ ᠳᠠᠷᠠᠭᠠᠯᠠᠨ ᠬᠦᠢᠰᠦ ᠲᠡᠮᠲᠡᠷᠢᠵᠦ ᠪᠠᠢᠵᠠᠢ᠃
1398 ᠣᠨ ᠳ᠋ᠤ᠌ ᠡᠨᠡᠳᠬᠡᠭ ᠲᠦ᠍ ᠨᠡᠪᠲᠡᠷᠡᠵᠦ ᠡᠨᠡᠳᠭᠡᠭᠴᠦᠳ ᠢᠯᠠᠭᠳᠠᠰᠢ ᠦᠭᠡᠢ ᠭᠡᠵᠦ ᠦᠵᠡᠵᠦ ᠪᠠᠢᠭᠰᠠᠨ ᠮᠧᠷᠠᠲ᠋ᠭ᠋ ᠬᠣᠲᠠ ᠶ᠋ᠢ ᠪᠦᠰᠡᠯᠡᠵᠦ ᠭᠠᠵᠠᠷ ᠳᠣᠣᠭᠤᠷ ᠨᠦᠬᠡ ᠤᠬᠤᠵᠤ ᠡᠬᠢᠯᠡᠭᠰᠡᠨ ᠨᠢ ᠤᠳᠠᠭᠠᠰᠢᠷᠠᠬᠤ ᠳ᠋ᠤ᠌ ᠵᠠᠯᠭᠠᠮᠠᠯ ᠱᠠᠲᠤ ᠠᠰᠢᠭᠯᠠᠨ ᠬᠣᠲᠠ ᠳ᠋ᠤ᠌ ᠨᠡᠪᠲᠡᠷᠡᠵᠦ ᠪᠦᠬᠦ ᠢᠷᠭᠡᠨ ᠢ᠋ ᠨᠢ ᠬᠢᠳᠤᠭᠰᠠᠨ ᠤ᠋ ᠳᠠᠷᠠᠭ᠎ᠠ ᠴᠠᠢᠵᠠ ᠶ᠋ᠢᠨ ᠬᠡᠷᠡᠮ ᠢ᠋ ᠨᠤᠷᠠᠭᠠᠵᠠᠢ᠃ ᠭᠠᠩᠭ᠎ᠠ ᠮᠥᠷᠡᠨ ᠦ᠌ ᠡᠷᠭᠢ ᠳᠡᠭᠡᠷ᠎ᠡ ᠪᠣᠯᠤᠭᠰᠠᠨ ᠨᠢᠭᠡᠨ ᠲᠤᠯᠤᠯᠳᠤᠭᠠᠨ ᠳ᠋ᠤ᠌ ᠮᠣᠩᠭᠣᠯᠴᠤᠳ ᠮᠣᠷᠢᠲᠠᠢ ᠶ᠋ᠢ ᠪᠡᠨ ᠤᠰᠤᠨ ᠳ᠋ᠤ᠌ ᠣᠷᠣᠵᠤ ᠡᠨᠡᠳᠬᠡᠭ ᠦ᠋ᠨ ᠤᠰᠤᠨ ᠣᠩᠭᠣᠴᠠ ᠨᠤᠭᠤᠳ ᠤᠷᠤᠭᠤ ᠳᠠᠭᠠᠷᠢᠵᠤ ᠨᠤᠮᠤ ᠰᠤᠮᠤ ᠪᠠᠷ ᠤᠰᠤᠨ ᠴᠡᠷᠢᠭ ᠦ᠋ᠳ ᠢ᠋ ᠠᠯᠠᠵᠤ 48 ᠭᠣᠣᠯ ᠤ᠋ᠨ ᠵᠠᠪᠢ᠂ ᠤᠰᠤᠨ ᠣᠩᠭᠣᠴᠠ ᠶ᠋ᠢ ᠨᠢ ᠪᠤᠯᠢᠶᠠᠨ ᠠᠪᠴᠠᠢ᠃
1398 ᠣᠨ ᠤ᠋ ᠰᠡᠭᠦᠯᠴᠢ ᠪᠡᠷ ᠳ᠋ᠧᠯᠢ ᠬᠣᠲᠠ ᠳ᠋ᠤ᠌ ᠳᠥᠭᠥᠨ ᠣᠴᠢᠵᠤ ᠮᠠᠠᠠᠠᠮᠣᠢᠳ᠋ ᠲᠤᠺᠯᠠᠺ ᠤ᠋ᠨ ᠤᠳᠤᠷᠢᠳᠤᠭᠰᠠᠨ ᠴᠡᠷᠢᠭ ᠢ᠋ ᠪᠤᠲᠠ ᠨᠢᠷᠭᠡᠵᠦ ᠬᠥᠮᠦᠨ ᠠᠮᠠ ᠣᠯᠠᠨ ᠲᠠᠢ᠂ ᠪᠠᠶᠠᠨ ᠬᠣᠲᠠ ᠶ᠋ᠢ ᠣᠷᠣ ᠦᠭᠡᠢ ᠲᠣᠨᠣᠨ ᠳᠡᠭᠡᠷᠡᠮᠳᠡᠵᠦ ᠲᠡᠭᠡᠭᠡᠪᠦᠷᠢᠯᠡᠵᠦ ᠪᠣᠯᠬᠤ ᠡᠳ᠋ ᠵᠦᠢᠯᠡᠰ ᠢ᠋ ᠨᠢ ᠰᠠᠮᠠᠷᠺᠠᠠᠳ᠋ ᠤᠷᠤᠭᠤ ᠢᠯᠡᠭᠡᠵᠦ ᠪᠦᠬᠦ ᠪᠠᠢᠰᠢᠩ ᠪᠠᠷᠢᠯᠭ᠎ᠠ ᠶ᠋ᠢ ᠨᠢ ᠨᠤᠷᠠᠭᠠᠨ ᠭᠠᠵᠠᠷ ᠤ᠋ᠨ ᠬᠥᠷᠥᠰᠥᠲᠡᠢ ᠲᠡᠭᠰᠢᠯᠡᠵᠦ ᠳ᠋ᠧᠯᠢᠴᠤᠳ ᠲᠥᠷᠥᠯᠬᠢ ᠬᠣᠲᠠ ᠪᠠᠨ ᠪᠠᠷᠤᠭ ᠵᠠᠭᠤᠨ ᠵᠢᠯ ᠬᠥᠳᠡᠯᠮᠦᠷᠢᠯᠡᠵᠦ ᠪᠠᠢᠵᠤ ᠰᠠᠶᠢ ᠨᠢᠭᠡ ᠰᠡᠷᠭᠦᠭᠡᠨ ᠪᠤᠰᠬᠠᠵᠤ ᠴᠢᠳᠠᠭᠰᠠᠨ ᠪᠢᠯᠡ᠃ 1398 ᠣᠨ ᠳ᠋ᠤ᠌ ᠫᠠᠨᠢᠫᠠᠲ ᠬᠣᠲᠠ ᠶ᠋ᠢᠨ ᠳᠡᠷᠭᠡᠳᠡ ᠪᠣᠯᠤᠭᠰᠠᠨ ᠲᠤᠯᠤᠯᠳᠤᠭᠠᠨ ᠳ᠋ᠤ᠌ ᠣᠯᠵᠠᠯᠠᠭᠳᠠᠭᠰᠠᠨ ᠵᠠᠭᠤᠨ ᠮᠢᠩᠭᠠᠨ ᠡᠨᠡᠳᠬᠡᠭ ᠦ᠋ᠨ ᠴᠡᠷᠢᠭ ᠢ᠋ ᠴᠥᠮ ᠢ᠋ ᠨᠢ ᠠᠯᠠᠵᠤ ᠪᠠᠢᠯ᠎ᠠ᠃
ᠳᠣᠭᠣᠯᠠᠩ ᠲᠡᠮᠦᠷ 1400 ᠣᠨ ᠳ᠋ᠤ᠌ ᠰᠢᠷᠢᠶ᠎ᠡ ᠤᠯᠤᠰ ᠤᠷᠤᠭᠤ ᠠᠶᠠᠨ ᠲᠡᠢᠨ ᠳ᠋ᠦ᠍ ᠮᠣᠷᠳᠠᠬᠤ ᠳ᠋ᠠᠭᠠᠨ᠂ ᠤᠷᠢᠳᠤ ᠨᠢ ᠡᠵᠡᠯᠡᠭᠰᠡᠨ ᠪᠠᠢᠭᠰᠠᠨ ᠮᠧᠰᠣᠫᠣᠲ᠋ᠠᠮ ᠤ᠋ᠨ ᠨᠤᠲᠤᠭ ᠢ᠋ᠶ᠋ᠠᠷ ᠳᠠᠭᠠᠷᠢᠵᠤ ᠠᠫᠧᠫᠫᠣ ( ᠥᠨᠥ ᠶ᠋ᠢᠨ ᠬᠠᠯᠧᠪ ᠬᠣᠲᠠ) ᠬᠣᠲᠠ ᠶ᠋ᠢᠨ ᠣᠢᠷᠠᠯᠴᠠᠭ᠎ᠠ ᠬᠢᠭᠰᠡᠨ ᠲᠤᠯᠤᠯᠳᠤᠭᠠᠨ ᠳ᠋ᠤ᠌ ᠰᠢᠷᠢᠶ᠎ᠡ ᠶ᠋ᠢᠨ ᠡᠮᠢᠷ ᠦ᠋ᠳ ᠤᠳᠤᠷᠢᠳᠤᠭᠰᠠᠨ ᠲᠦᠺ ᠦ᠋ᠨ ᠴᠡᠷᠢᠭ ᠢ᠋ ᠲᠠᠯ᠎ᠠ ᠳ᠋ᠤ᠌ ᠢᠯᠠᠵᠤ ᠳᠠᠷᠠᠭ᠎ᠠ ᠨᠢ ᠬᠣᠲᠠ ᠴᠠᠢᠵᠠ ᠶ᠋ᠢ ᠡᠵᠡᠯᠡᠵᠦ ᠮᠥᠨ ᠯᠡ ᠦᠨᠡᠰᠦᠨ ᠲᠣᠪᠷᠠᠭ ᠪᠣᠯᠵᠠᠢ᠃ ᠰᠢᠷᠢᠶ᠎ᠡ ᠶ᠋ᠢᠨ ᠨᠡᠢᠰᠯᠡᠯ ᠳ᠋ᠠᠮᠠᠰᠺ ᠬᠣᠲᠠ ᠶ᠋ᠢ 1401 ᠣᠨ ᠤ᠋ ᠨᠢᠭᠡᠳᠦᠭᠡᠷ ᠰᠠᠷ᠎ᠠ ᠶ᠋ᠢᠨ 25 ᠳ᠋ᠤ᠌ ᠡᠵᠡᠯᠡᠵᠦ ᠦᠨᠡᠲᠡᠢ ᠴᠠᠢ ᠲᠠᠢ ᠪᠦᠬᠦᠨ ᠢ᠋ ᠨᠢ ᠨᠡᠢᠰᠯᠡᠯ ᠰᠠᠮᠠᠷᠺᠠᠠᠳ᠋ ᠬᠣᠲᠠ ᠤᠷᠤᠭᠤ ᠵᠥᠭᠡᠭᠡᠵᠦ ᠠᠮᠢᠳᠤ ᠦᠯᠡᠳᠡᠭᠰᠡᠨ ᠬᠣᠷᠢᠨ ᠮᠢᠩᠭ᠎ᠠ ᠣᠷᠴᠢᠮ ᠢᠷᠭᠡᠳ ᠢ᠋ ᠮᠥᠨ ᠴᠢᠨᠠᠭᠰᠢ ᠬᠠᠷᠠᠭᠤᠯᠵᠠᠢ᠃
ᠰᠢᠷᠢᠶ᠎ᠡ ᠶ᠋ᠢ ᠡᠵᠡᠯᠡᠭᠰᠡᠨ ᠦ᠌ ᠳᠠᠷᠠᠭ᠎ᠠ ᠲᠦᠺ ᠦ᠋ᠨ ᠡᠰᠡᠷᠡᠭ ᠲᠡᠢᠨ ᠡᠬᠢᠯᠡᠵᠦ ᠬᠢᠯᠢ ᠶ᠋ᠢᠨ ᠺᠧᠮᠠᠺ ᠴᠠᠢᠵᠠ᠂ ᠱᠢᠸᠠᠰ ᠬᠣᠲᠠ ᠶ᠋ᠢ ᠡᠵᠡᠯᠡᠵᠦ ᠲᠦᠺ ᠦ᠋ᠨ ᠨᠢᠭᠡᠳᠦᠭᠡᠷ ᠪᠠᠶᠠᠽᠢᠳᠠ ᠰᠤᠯᠲᠠᠨ ᠠ᠋ᠴᠠ ᠡᠩᠬᠡ ᠶ᠋ᠢᠨ ᠬᠡᠯᠡᠯᠴᠡᠭᠡ ᠬᠢᠯᠭᠡᠬᠦ ᠪᠡᠷ ᠡᠯᠴᠢ ᠢᠷᠡᠭᠦᠯᠬᠦ ᠳ᠋ᠦ᠍ ᠲᠡᠳᠡᠨ ᠢ᠋ ᠠᠶᠤᠯᠭᠠᠬᠤ ᠵᠣᠷᠢᠯᠭ᠎ᠠ ᠪᠠᠷ 800 ᠮᠢᠩᠭᠠᠨ ᠴᠡᠷᠢᠭ ᠦ᠋ᠨ ᠢ᠋ᠶ᠋ᠡᠨ ᠵᠢᠭᠰᠠᠭᠠᠯ ᠢ᠋ ᠬᠠᠷᠠᠭᠤᠯᠵᠤ ᠪᠠᠢᠪᠠ᠃ ᠤᠳᠠᠭᠰᠠᠨ ᠦᠭᠡᠢ ᠺᠢᠽᠢᠯ ᠢ᠋ ᠢᠷᠮᠠᠺ ᠭᠣᠣᠯ ᠢ᠋ ᠭᠠᠲᠤᠯᠠᠵᠤ ᠨᠡᠢᠰᠯᠡᠯ ᠠᠨᠺᠠᠷᠠ ᠬᠣᠲᠠ ᠶ᠋ᠢ ᠪᠦᠰᠡᠯᠡᠪᠡ᠃ 1402 ᠣᠨ ᠤ᠋ ᠵᠢᠷᠭᠤᠳᠤᠭᠠᠷ ᠰᠠᠷ᠎ᠠ ᠶ᠋ᠢᠨ 20 ᠤ᠋ ᠡᠳᠦᠷ ᠠᠨᠺᠠᠷᠠ ᠬᠣᠲᠠ ᠶ᠋ᠢᠨ ᠬᠠᠵᠠᠭᠤ ᠳ᠋ᠤ᠌ ᠪᠣᠯᠤᠭᠰᠠᠨ 300 ᠮᠢᠩᠭᠠᠨ ᠴᠡᠷᠢᠭ᠂ ᠡᠨᠡᠳᠬᠡᠭ ᠡᠴᠡ ᠠᠪᠴᠢᠷᠠᠭᠰᠠᠨ 32 ᠪᠠᠢᠯᠳᠤᠭᠠᠨ ᠤ᠋ ᠵᠠᠭᠠᠨ ᠲᠠᠢ ᠮᠣᠩᠭᠣᠯ ᠤ᠋ᠨ ᠴᠡᠷᠢᠭ ᠲᠦᠺ ᠦ᠋ᠨ ᠲᠠᠯ᠎ᠠ ᠶ᠋ᠢᠨ ᠬᠥᠯᠥᠰᠥᠨ ᠦ᠌ ᠲᠠᠲ᠋ᠠᠷ᠂ ᠰᠧᠷᠪ ᠪᠣᠯᠤᠨ ᠣᠲ᠋ᠮᠠᠨ ᠤ᠋ ᠡᠵᠡᠨᠲᠦ ᠭᠦᠷᠦᠨ ᠦ᠌ ᠣᠯᠠᠨ ᠠᠷᠠᠳ ᠲᠦᠮᠡᠨ ᠦ᠌ ᠲᠥᠯᠥᠭᠡᠯᠡᠭᠴᠢᠳ ᠡᠴᠡ ᠪᠦᠷᠢᠳᠦᠭᠰᠡᠨ 200 ᠮᠢᠩᠭᠠᠨ ᠴᠡᠷᠢᠭ ᠲᠡᠢ ᠲᠤᠯᠵᠤ ᠳᠠᠢᠰᠤᠨ ᠤ᠋ ᠬᠣᠶᠠᠷ ᠵᠢᠭᠦᠷ ᠤᠷᠤᠭᠤ ᠬᠢᠭᠰᠡᠨ ᠮᠣᠷᠢᠨ ᠴᠡᠷᠢᠭ ᠦ᠋ᠨ ᠳᠠᠭᠠᠷᠢᠯᠲᠠ᠂ ᠲᠡᠷᠡᠴᠢᠯᠡᠨ 18 ᠮᠢᠩᠭᠠᠨ ᠲᠠᠲ᠋ᠠᠷ ᠤ᠋ᠳ ᠢ᠋ ᠤᠷᠪᠠᠭᠤᠯᠤᠨ ᠠᠪᠤᠭᠰᠠᠨ ᠢ᠋ᠶ᠋ᠠᠷ ᠢᠯᠠᠯᠲᠠ ᠪᠠᠢᠭᠤᠯᠵᠠᠢ᠃
ᠳᠠᠷᠠᠭ᠎ᠠ ᠨᠢ ᠲᠠᠩᠭᠢᠰ ᠤ᠋ᠨ ᠡᠷᠭᠢ ᠶ᠋ᠢᠨ ᠰᠮᠢᠷᠠᠨᠠ ᠬᠣᠲᠠ ᠶ᠋ᠢ ᠡᠵᠡᠯᠡᠵᠦ ᠳᠤᠮᠳᠠᠳᠤ ᠠᠽᠢᠶ᠎ᠠ ᠤᠷᠤᠭᠤ ᠬᠦᠯᠦᠭ ᠦ᠋ᠨ ᠵᠣᠯ ᠢ᠋ᠶ᠋ᠠᠨ ᠵᠠᠯᠠᠬᠤ ᠳ᠋ᠠᠭᠠᠨ ᠵᠠᠮ ᠵᠠᠭᠤᠷ᠎ᠠ ᠬᠦᠷᠵᠢ ᠶ᠋ᠢ ᠪᠠᠢᠯᠳᠤᠨ ᠳᠠᠭᠠᠭᠤᠯᠵᠠᠢ᠃ ᠡᠭᠦᠨ ᠦ᠌ ᠳᠠᠷᠠᠭ᠎ᠠ ᠬᠥᠷᠰᠢ ᠣᠷᠣᠰᠢᠬᠤ ᠣᠷᠣᠨ ᠨᠤᠭᠤᠳ ᠨᠢ ᠪᠠᠢᠯᠳᠤᠨ ᠳᠠᠭᠠᠭᠤᠯᠤᠯᠲᠠ ᠠ᠋ᠴᠠ ᠨᠢ ᠡᠮᠢᠶᠡᠵᠦ ᠡᠷᠬᠡᠰᠢᠶᠡᠯ ᠳ᠋ᠦ᠍ ᠨᠢ ᠣᠷᠣᠭᠰᠠᠨ ᠢ᠋ᠶ᠋ᠠᠨ ᠮᠡᠳᠡᠭᠳᠡᠵᠦ ᠶᠡᠬᠡᠬᠡᠨ ᠲᠠᠲᠠᠪᠤᠷᠢ ᠲᠥᠯᠥᠪᠦᠷᠢ ᠥᠭᠳᠡᠭ ᠪᠣᠯᠵᠠᠢ᠃ ᠲᠤᠬᠠᠢᠯᠠᠪᠠᠯ 1404 ᠣᠨ ᠳ᠋ᠤ᠌ ᠶᠸᠵᠢᠫᠲ ᠦ᠋ᠨ ᠰᠤᠯᠲᠠᠨ᠂ ᠸᠢᠽᠠᠠᠲ ᠤ᠋ᠨ ᠡᠵᠡᠨᠲᠦ ᠭᠦᠷᠦᠨ ᠦ᠌ ᠢᠣᠠᠨ ᠬᠠᠭᠠᠨ ᠳᠣᠭᠣᠯᠠᠩ ᠲᠡᠮᠦᠷ ᠡᠮᠢᠷ ᠲᠦ᠍ ᠠᠰᠤᠷᠤ ᠶᠡᠬᠡ ᠪᠡᠯᠡᠭ ᠢᠷᠡᠭᠦᠯᠵᠦ ᠪᠠᠢᠪᠠ᠃
ᠴᠢᠩᠭᠢᠰ ᠬᠠᠭᠠᠨ ᠤ᠋ ᠴᠡᠷᠢᠭ ᠦ᠋ᠨ ᠪᠠᠢᠭᠤᠯᠤᠯᠲᠠ ᠶ᠋ᠢᠨ ᠤᠯᠠᠮᠵᠢᠯᠠᠯ ᠢ᠋ ᠦᠷᠭᠦᠯᠵᠢᠯᠡᠭᠦᠯᠵᠦ ᠠᠰᠤᠷᠤ ᠶᠡᠬᠡ ᠴᠡᠷᠢᠭ ᠢ᠋ᠶ᠋ᠡᠨ ᠴᠢᠳᠠᠮᠠᠭᠠᠢ ᠤᠳᠤᠷᠢᠳᠴᠤ ᠪᠠᠢᠭᠰᠠᠨ ᠢ᠋ᠶ᠋ᠠᠷ ᠠᠤᠭ᠎ᠠ ᠶᠡᠬᠡ ᠪᠠᠢᠯᠳᠤᠨ ᠳᠠᠭᠠᠭᠤᠯᠤᠭᠴᠢ ᠳᠣᠭᠣᠯᠠᠩ ᠲᠡᠮᠦᠷ ᠲᠣᠮᠣ ᠡᠵᠡᠨᠲᠦ ᠭᠦᠷᠦᠨ ᠪᠠᠢᠭᠤᠯᠵᠤ ᠴᠢᠳᠠᠭᠰᠠᠨ ᠶᠤᠮ᠃ ᠬᠢᠲᠠᠳ ᠤᠷᠤᠭᠤ ᠠᠶᠠᠨ ᠲᠡᠢᠨ ᠬᠢᠬᠦ ᠪᠡᠷ ᠪᠡᠯᠡᠳᠬᠡᠵᠦ ᠪᠠᠢᠬᠤ ᠳ᠋ᠠᠭᠠᠨ 1405 ᠣᠨ ᠳ᠋ᠤ᠌ ᠥᠭᠡᠳᠡ ᠪᠣᠯᠵᠤ ᠭᠡᠷᠢᠶᠡᠰᠯᠡᠯ ᠶᠣᠰᠣᠭᠠᠷ ᠨᠢ ᠡᠵᠡᠨᠲᠦ ᠭᠦᠷᠦᠨ ᠦ᠌ ᠨᠤᠲᠤᠭ ᠳᠡᠪᠢᠰᠬᠡᠷ ᠢ᠋ ᠨᠢ ᠬᠤᠪᠢᠶᠠᠨ ᠠᠪᠤᠭᠰᠠᠨ ᠬᠥᠪᠡᠭᠦᠳ ᠨᠢ ᠬᠣᠭᠣᠷᠣᠨᠳᠣ ᠪᠠᠨ ᠳᠠᠢᠳᠤᠵᠤ ᠠᠮᠢᠳᠤ ᠦᠯᠡᠳᠡᠭᠰᠡᠨ ᠴᠣᠷ ᠤ᠋ᠨ ᠭᠠᠭᠴᠠ ᠵᠠᠯᠭᠠᠮᠵᠢᠯᠠᠭᠴᠢ ᠱᠠᠷᠤᠺ ᠨᠢ 1420 ᠣᠨ ᠳ᠋ᠤ᠌ ᠰᠠᠮᠠᠷᠺᠠᠠᠳ᠋ ᠬᠣᠲᠠ ᠳ᠋ᠤ᠌ ᠡᠮᠢᠷ ᠢ᠋ᠶ᠋ᠡᠷ ᠵᠠᠯᠠᠷᠠᠵᠠᠢ᠃
ᠲᠡᠭᠦᠨ ᠦ᠌ ᠲᠠᠯ᠎ᠠ ᠪᠠᠷ ᠵᠠᠷᠢᠮ ᠨᠢᠭᠡᠨ ᠰᠣᠨᠢᠷᠬᠠᠯᠲᠠᠢ ᠮᠡᠳᠡᠭᠡ ᠪᠠᠷᠢᠮᠲᠠ ᠨᠤᠭᠤᠳ ᠪᠠᠢᠳᠠᠭ ᠪᠣᠢᠬᠡᠣᠨ ᠲᠤᠬᠠᠢᠯᠠᠪᠠᠯ ᠰᠠᠮᠠᠷᠺᠠᠠᠳ᠋ ᠲᠤ᠌ ᠪᠠᠢᠳᠠᠭ ᠲᠡᠭᠦᠨ ᠦ᠌ ᠪᠣᠩᠠᠠᠣᠨ ᠢ᠋ 1941 ᠣᠨ ᠳ᠋ᠤ᠌ ᠵᠠᠷᠢᠮ ᠮᠡᠳᠡᠭᠡ ᠪᠡᠷ 1940 ᠣᠨ ᠳ᠋ᠤ᠌ ᠵᠥᠪᠯᠡᠯᠲᠦ ᠬᠣᠯᠪᠣᠭᠠᠲᠤ ᠤᠯᠤᠰ ᠤ᠋ᠨ ᠰᠣᠳᠣᠯᠣᠭᠠᠴᠢᠣᠨ ᠬᠥᠨᠳᠡᠬᠦ ᠳ᠋ᠦ᠍ ᠬᠡᠷᠪᠡ ᠮᠢᠨᠦ ᠪᠣᠩᠠᠠᠣᠨ ᠢ᠋ ᠬᠥᠨᠳᠡᠬᠦ ᠠᠪᠠᠰᠤ ᠨᠢᠭᠡᠨ ᠵᠢᠯ ᠦ᠋ᠨ ᠳᠠᠷᠠᠭ᠎ᠠ ᠲᠠᠨ ᠤ᠋ ᠤᠯᠤᠰ ᠢ᠋ ᠬᠦᠴᠦᠷᠬᠡᠭ ᠨᠢᠭᠡᠨ ᠭᠦᠷᠦᠨ ᠬᠠᠯᠳᠠᠨ ᠲᠣᠪᠳᠣᠯᠠᠠᠣ᠌ ᠪᠣᠯᠤᠨ᠎ᠠ ᠭᠡᠰᠡᠨ ᠤᠳᠬ᠎ᠠ ᠲᠠᠢ ᠪᠢᠴᠢᠭᠡᠰᠦ ᠭᠠᠷᠴᠤ ᠢᠷᠡᠭᠰᠡᠨ ᠭᠡᠳᠡᠭ᠃ ᠮᠥᠨ ᠮᠣᠩᠭᠣᠯ ᠤ᠋ᠨ ᠥᠯᠵᠡᠢᠲᠡᠮᠦᠷ ᠬᠠᠭᠠᠨ ᠲᠠᠢ ᠬᠣᠯᠪᠣᠭ᠎ᠠ ᠲᠠᠢ ᠪᠠᠢᠵᠤ ᠮᠢᠩ ᠤᠯᠤᠰ ᠢ᠋ ᠡᠵᠡᠯᠡᠵᠦ ᠤᠷᠢᠳᠤ ᠶ᠋ᠢᠨ ᠮᠣᠩᠭᠣᠯ ᠤ᠋ᠨ ᠶᠤᠸᠠᠨ ᠭᠦᠷᠦᠨ ᠢ᠋ ᠰᠡᠷᠭᠦᠭᠡᠬᠦ ᠶ᠋ᠢ ᠵᠣᠷᠢᠵᠤ ᠶᠡᠬᠡ ᠲᠡᠢᠨ ᠳ᠋ᠦ᠍ ᠪᠡᠯᠡᠳᠬᠡᠵᠦ ᠪᠠᠢᠭᠰᠠᠨ ᠪᠣᠯᠪᠠᠴᠤ ᠬᠠᠷᠠᠮᠰᠠᠯᠲᠠᠢ ᠨᠢ ᠠᠮᠵᠢᠯ ᠦᠭᠡᠢ 1405 ᠣᠨ ᠳ᠋ᠤ᠌ ᠵᠠᠭᠤᠷᠠᠳᠤ ᠪᠠᠷ ᠨᠠᠰᠤ ᠪᠠᠷᠠᠭᠰᠠᠨ ᠶᠤᠮ ᠃ ᠮᠣᠩᠭᠣᠯ ᠤ᠋ᠨ ᠰᠠᠢᠨ ᠡᠷ᠎ᠡ ᠳᠣᠭᠣᠯᠠᠩ ᠲᠡᠮᠦᠷ ᠬᠠᠭᠠᠨ ᠤ᠋ ᠭᠡᠭᠡᠨ ᠰᠦᠨᠡᠰᠦ ᠳᠠᠷᠤᠯᠠᠭᠳᠠᠵᠤ ᠪᠠᠢᠭ᠎ᠠ ᠮᠣᠩᠭᠣᠯᠴᠤᠳ ᠢ᠋ᠶ᠋ᠠᠨ ᠠᠪᠤᠷᠠᠭᠠᠰᠠᠢ!
