ᠬᠠᠪᠤᠷ ᠤᠨ ᠬᠥᠬᠡ ᠵᠡᠷᠭᠡᠯᠭᠡ - ᠸᠠᠴᠢᠷᠪᠠᠲᠤ ᠶ᠋ᠢᠨ ᠳᠠᠰᠢᠪᠠᠯᠪᠠᠷ Хаврын хөх зэрэглээ - Очирбатын Дашбалбар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠪᠤᠷ ᠤᠨ ᠬᠥᠬᠡ ᠵᠡᠷᠭᠡᠯᠭᠡ - ᠸᠠᠴᠢᠷᠪᠠᠲᠤ ᠶ᠋ᠢᠨ ᠳᠠᠰᠢᠪᠠᠯᠪᠠᠷ Хаврын хөх зэрэглээ - Очирбатын Дашбалбар

ᠬᠠᠪᠤᠷ ᠤᠨ ᠬᠥᠬᠡ ᠵᠡᠷᠭᠡᠯᠭᠡ - ᠸᠠᠴᠢᠷᠪᠠᠲᠤ ᠶ᠋ᠢᠨ ᠳᠠᠰᠢᠪᠠᠯᠪᠠᠷ Хаврын хөх зэрэглээ - Очирбатын Дашбалбар

2024-10-31

946

ᠬᠠᠪᠤᠷ ᠤᠨ ᠬᠥᠬᠡ ᠵᠡᠷᠭᠡᠯᠭᠡ


 ᠰᠢᠷᠭᠤᠯᠵᠢ ᠬᠦᠷᠲᠡᠯ᠎ᠡ ᠠᠮᠢᠳᠤᠷᠠᠳᠠᠭ ᠡᠨᠡ ᠣᠷᠴᠢᠯᠠᠩ ᠳ᠋ᠤ᠌ 
 ᠱᠣᠣᠯᠠᠵᠤ ᠮᠠᠭᠤᠯᠠᠵᠤ ᠵᠣᠪᠠᠭᠠᠭᠠᠳ ᠶᠠᠭᠤ ᠪᠠᠨ ᠬᠢᠨ᠎ᠡ ᠳᠡ? 
 ᠱᠣᠷᠪᠣᠭ ᠲᠠᠢ ᠤᠰᠤ ᠲᠠᠢ ᠳᠠᠯᠠᠢ ᠳ᠋ᠠᠭᠠᠨ ᠵᠢᠭᠠᠰᠤ ᠪᠦᠬᠦᠨ ᠪᠠᠭᠲᠠᠪᠠᠴᠤ 
 ᠰᠢᠷᠣᠢᠲᠤ ᠡᠨᠡ ᠳᠡᠯᠡᠬᠡᠢ ᠳ᠋ᠡᠭᠡᠨ ᠬᠥᠮᠦᠨ ᠪᠦᠬᠦᠨ ᠬᠡᠷᠡᠯᠳᠦᠬᠦ ᠶᠦᠮ᠃ 

 ᠡᠷᠪᠡᠬᠡᠢ ᠬᠦᠷᠲᠡᠯ᠎ᠡ ᠠᠮᠢᠳᠤᠷᠠᠳᠠᠭ ᠡᠨᠡ ᠬᠣᠷᠸ᠎ᠠ ᠳ᠋ᠤ᠌ 
 ᠡᠷᠭᠢᠭᠦᠦ ᠲᠡᠨᠡᠭ ᠲᠦ᠍ ᠮᠢᠨᠢ ᠬᠦᠷᠦᠭᠡᠳ ᠶᠠᠭᠠᠬᠢᠨ᠎ᠠ ᠳᠠ᠂ ᠴᠢ! 
 ᠡᠯᠦᠰᠦᠲᠡᠢᠬᠡᠨ ᠭᠣᠪᠢ ᠳ᠋ᠠᠭᠠᠨ ᠬᠦᠷᠪᠡᠯ ᠮᠣᠭᠠᠢ ᠴᠤ᠌ ᠪᠠᠭᠲᠠᠨ᠎ᠠ 
 ᠡᠨᠡᠷᠡᠯᠲᠡᠢᠬᠡᠨ ᠬᠥᠮᠦᠨ ᠦ᠌ ᠦᠷᠡᠰ ᠯᠡ ᠬᠣᠭᠣᠷᠣᠨᠳᠣ ᠪᠠᠨ ᠭᠡᠷᠡᠯᠲᠦᠨ᠎ᠡ 

 ᠴᠠᠰᠤᠲᠤ ᠠᠭᠤᠯᠠ ᠶ᠋ᠢᠨ ᠠᠷᠰᠯᠠᠨ ᠢ᠋ ᠰᠢᠷᠭᠤᠯᠵᠢ ᠪᠠᠷᠢᠳᠠᠭ ᠬᠣᠷᠸ᠎ᠠ ᠳ᠋ᠤ᠌ 
 ᠴᠠᠷᠠᠮ ᠳ᠋ᠤ᠌ ᠤᠷᠭᠤᠭᠰᠠᠨ ᠮᠣᠳᠣ ᠶ᠋ᠢ ᠬᠣᠷᠣᠬᠠᠢ ᠮᠡᠷᠡᠳᠡᠭ ᠶᠢᠷᠲᠢᠨᠴᠦ ᠳ᠋ᠦ᠍ 
 ᠴᠠᠭ ᠢ᠋ ᠡᠯᠡᠭᠡᠬᠦ ᠬᠥᠮᠦᠨ ᠦ᠌ ᠦᠷᠡᠰ ᠥᠪᠡᠷ ᠵᠠᠭᠤᠷ᠎ᠠ ᠪᠠᠨ ᠳᠡᠷᠰᠡᠯᠳᠦᠨ᠎ᠡ 
 ᠴᠠᠪ ᠰᠠᠭᠤᠭᠰᠠᠨ ᠱᠠᠭᠠᠵᠠᠩ ᠰᠢᠭ᠋ ᠨᠢᠭᠡᠨ ᠡᠳᠦᠷ ᠬᠠᠭᠠᠷᠠᠯᠳᠤᠨ᠎ᠠ 

 ᠢᠯᠠᠭ᠎ᠠ ᠰᠢᠮᠠᠭᠤᠯ ᠬᠦᠷᠲᠡᠯ᠎ᠡ ᠠᠳᠤᠭᠤ ᠮᠠᠯ ᠢ᠋ ᠵᠣᠪᠠᠭᠠᠬᠤ ᠳ᠋ᠤ᠌ 
 ᠶᠠᠯᠢᠬᠤ ᠦᠭᠡᠢ ᠠᠮᠢᠲᠠᠰ ᠶᠡᠬᠡ ᠮᠡᠷᠭᠡᠳ ᠢ᠋ ᠴᠢᠯᠡᠭᠡᠬᠦ ᠶᠦᠮ 
 ᠶᠠᠩᠵᠤ ᠮᠠᠭᠤᠲᠠᠢ ᠬᠥᠮᠦᠨ ᠦ᠌ ᠦᠷᠡᠰ ᠪᠡᠶ᠎ᠡ ᠪᠡᠶ᠎ᠡ ᠪᠡᠨ ᠲᠠᠷᠴᠢᠯᠠᠭᠠᠵᠤ 
 ᠶᠠᠭ ᠴᠠᠭ ᠲᠠᠭᠠᠨ ᠢᠷᠡᠬᠦ ᠪᠡᠷ ᠬᠡᠨ ᠬᠡᠨ ᠢ᠋ᠶ᠋ᠡᠨ ᠥᠷᠥᠪᠳᠦᠬᠦ ᠶᠦᠮ  

 ᠠᠳᠬᠤ ᠬᠦᠷᠬᠦ ᠦᠭᠡᠢ ᠣᠭᠣᠲᠣᠨ᠎ᠠ ᠴᠤ᠌ ᠠᠪᠤᠷᠭᠤ ᠵᠠᠭᠠᠨ ᠢ ᠬᠥᠨᠥᠭᠡᠬᠦ ᠶᠦᠮ 
 ᠠᠲᠤᠭᠠᠷ ᠵᠢᠭᠠᠬᠠᠨ ᠬᠥᠮᠦᠨ ᠴᠦ᠍ ᠠᠤᠭ᠎ᠠ ᠲᠠᠩᠭᠢᠰ ᠢ᠋ ᠰᠢᠷᠭᠢᠭᠡᠬᠦ ᠶᠦᠮ 
 ᠪᠡᠶ᠎ᠡ ᠪᠡᠶ᠎ᠡ ᠲᠡᠢ ᠪᠡᠨ ᠱᠦᠷᠬᠦᠭᠡᠴᠡᠯᠳᠦᠭᠰᠡᠭᠡᠷ ᠪᠢᠳᠡᠨ ᠦ᠌ ᠬᠣᠷᠸ᠎ᠠ ᠳᠠᠭᠤᠰᠬᠤ ᠶᠤᠮ 
 ᠪᠢᠯᠢᠭ ᠦ᠋ᠨ ᠨᠢᠳᠦ ᠪᠡᠷ ᠬᠠᠷᠠᠪᠠᠯ ᠬᠠᠪᠤᠷ ᠤ᠋ᠨ ᠬᠥᠬᠡ ᠵᠡᠷᠭᠡᠯᠭᠡ ᠯᠡ ᠶᠦᠮ᠃