ᠬᠦᠰᠡᠯ ᠦᠨ ᠠᠭᠤᠯᠠ-ᠪ.ᠪᠠᠲᠤᠡᠨᠡᠷᠢᠯKhüsliin uul-B.Bat-enerelХүслийн уул-Б.Бат-энэрэл
ᠬᠦᠰᠡᠯ ᠦᠨ ᠠᠭᠤᠯᠠ
ᠰᠢᠯᠦᠭ᠄ ᠠ᠊᠂ ᠰᠠᠩᠵᠢᠤᠡᠳᠠᠮᠤᠷ
ᠠᠶᠠᠯᠭᠤ᠄ ᠴ᠂ ᠳᠠᠰᠢᠵᠡᠪᠡᠭ
ᠪ᠊᠊ ᠂ ᠪᠠᠳᠤᠡᠨᠠᠷᠢᠯ ᠳᠠᠭᠤᠯᠠᠨ᠎ᠠ
ᠯᠤᠤ ᠲᠠᠢ ᠲᠩᠷᠢ ᠪᠠᠨ ᠮᠦᠷᠤᠯᠩᠰᠠᠨ
ᠯᠤᠤᠰ ᠦᠨ ᠰᠠᠬᠢᠭᠤᠰᠤ ᠲᠠᠢ ᠬᠠᠢᠷᠬᠠᠨ ᠮᠢᠨᠢ
ᠬᠤᠪᠢᠯᠭᠠᠨ ᠬᠤᠲᠤᠭᠲᠤ ᠵᠢᠨ ᠤᠪᠠᠳᠢᠰ ᠲᠠᠢ
ᠬᠥᠯᠭᠡᠨ ᠰᠤᠳᠤᠷ ᠲᠠᠢ ᠲᠠᠷᠨᠢ ᠠᠭᠤᠯᠠ ᠠ᠋
ᠮᠥᠷᠭᠥᠯ ᠦᠨ ᠰᠦᠨ ᠡᠷᠭᠦᠯ ᠲᠠᠢ
ᠮᠥᠩᠬᠡ ᠵᠢᠨ ᠴᠠᠭᠠᠨ ᠠᠶᠠᠯᠭᠤ ᠲᠠᠢ
ᠮᠥᠷᠥᠭᠡᠳᠦᠯ ᠪᠦᠬᠦᠨ ᠢ᠋ᠶ᠋ᠡᠨ ᠲᠠᠭᠤᠬᠠᠬᠠᠰᠠᠨ
ᠮᠣᠩᠭᠣᠯ ᠲᠦᠮᠡᠨ ᠦ᠌ ᠮᠢᠨᠢ ᠬᠦᠰᠡᠯ ᠦ᠋ᠨ ᠠᠭᠤᠯᠠ ᠠ᠋
ᠭᠦᠶᠦᠭᠦᠯ ᠮᠣᠷᠢᠨ ᠵᠡᠷᠭᠡᠯᠡᠭᠡ ᠲᠡᠢ
ᠭᠦᠷᠦᠮᠡᠯ ᠰᠤᠪᠤᠳ ᠤ᠋ᠨ ᠰᠠᠯᠬᠢ ᠲᠠᠢ
ᠭᠠᠩ ᠲᠤᠯᠭ᠎ᠠ ᠰᠢᠭ᠋ ᠴᠤᠷᠤᠯᠵᠬᠠᠰᠠᠨ
ᠭᠣᠪᠢ ᠶ᠋ᠢᠨ ᠲᠬᠠᠰᠢᠨ ᠬᠠᠷ᠎ᠠ ᠠᠭᠤᠯᠠ ᠠ᠋
ᠮᠥᠷᠭᠥᠯ ᠦ᠋ᠨ ᠰᠦᠨ ᠡᠷᠭᠦᠯ ᠲᠠᠢ
ᠮᠥᠩᠬᠡ ᠵᠢᠨ ᠴᠠᠭᠠᠨ ᠠᠶᠠᠯᠭᠤ ᠲᠠᠢ
ᠮᠥᠷᠥᠭᠡᠳᠦᠯ ᠪᠦᠬᠦᠨ ᠢ᠋ᠶ᠋ᠡᠨ ᠲᠠᠭᠤᠬᠠᠬᠠᠰᠠᠨ
ᠮᠣᠩᠭᠣᠯ ᠲᠦᠮᠡᠨ ᠦ᠌ ᠮᠢᠨᠢ ᠬᠦᠰᠡᠯ ᠦ᠋ᠨ ᠠᠭᠤᠯᠠ ᠠ᠋
ᠨᠠᠷᠠ ᠨᠢ ᠰᠠᠷᠢᠬᠦᠴᠩᠰᠠᠨ ᠡᠩᠭᠡᠷ ᠲᠦ᠍ ᠪᠡᠨ
ᠨᠣᠮ ᠤ᠋ᠨ ᠠᠪᠢᠰᠢᠭ᠌ ᠲᠠᠢ ᠬᠠᠢᠷᠬᠠᠨ ᠮᠢᠨᠢ
ᠨᠠᠮᠬᠠᠨ ᠬᠤᠸᠠ ᠲᠤᠯᠤᠭᠠᠳ ᠲᠤ᠌ ᠪᠠᠨ
ᠡᠨᠧᠷᠭᠢ ᠠᠭᠤᠯᠤᠭᠰᠠᠨ ᠳᠡᠯᠡᠬᠡᠢ ᠶ᠋ᠢᠨ ᠠᠭᠤᠯᠠ ᠠ᠋
ᠮᠥᠷᠭᠥᠯ ᠦ᠋ᠨ ᠰᠦᠨ ᠡᠷᠭᠦᠯ ᠲᠠᠢ
ᠮᠥᠩᠬᠡ ᠵᠢᠨ ᠴᠠᠭᠠᠨ ᠠᠶᠠᠯᠭᠤ ᠲᠠᠢ
ᠮᠥᠷᠥᠭᠡᠳᠦᠯ ᠪᠦᠬᠦᠨ ᠢ᠋ᠶ᠋ᠡᠨ ᠲᠠᠭᠤᠬᠠᠬᠠᠰᠠᠨ
ᠮᠣᠩᠭᠣᠯ ᠲᠦᠮᠡᠨ ᠦ᠌ ᠮᠢᠨᠢ ᠬᠦᠰᠡᠯ ᠦ᠋ᠨ ᠠᠭᠤᠯᠠ ᠠ᠋
ᠮᠥᠷᠥᠭᠡᠳᠦᠯ ᠪᠦᠬᠦᠨ ᠢ᠋ᠶ᠋ᠡᠨ ᠲᠠᠭᠤᠬᠠᠬᠠᠰᠠᠨ
ᠮᠣᠩᠭᠣᠯ ᠲᠦᠮᠡᠨ ᠦ᠌ ᠮᠢᠨᠢ ᠬᠦᠰᠡᠯ ᠦ᠋ᠨ ᠠᠭᠤᠯᠠ ᠠ᠋
ᠳᠡᠯᠡᠬᠡᠢ ᠶ᠋ᠢᠨ ᠠᠭᠤᠯᠠ ᠠ᠋
ᠦᠰᠦᠭ ᠬᠠᠲᠠᠭᠰᠠᠨ᠄ ᠰᠠᠴᠠᠨᠭᠡᠷᠠᠯ
ᠦᠰᠦᠭ ᠠᠮᠢᠯᠠᠭᠤᠯᠤᠭᠰᠠᠨ᠄ ᠰᠠᠴᠡᠨᠬᠡᠷᠠᠯ
ᠬᠢᠨᠠᠭᠴᠢ ᠪᠠᠭᠰᠢ᠄ ᠮᠠᠨᠳᠠᠷᠠᠸ᠎ᠠ
