ᠨᠢᠭᠡᠨ ᠦᠳᠡᠰᠢ - ᠸᠠᠴᠢᠷᠪᠠᠲᠤ ᠶ᠋ᠢᠨ ᠳᠠᠰᠢᠪᠠᠯᠪᠠᠷ Нэгэн үдэш - Очирбатын Дашбалбар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠡᠨ ᠦᠳᠡᠰᠢ - ᠸᠠᠴᠢᠷᠪᠠᠲᠤ ᠶ᠋ᠢᠨ ᠳᠠᠰᠢᠪᠠᠯᠪᠠᠷ Нэгэн үдэш - Очирбатын Дашбалбар

ᠨᠢᠭᠡᠨ ᠦᠳᠡᠰᠢ - ᠸᠠᠴᠢᠷᠪᠠᠲᠤ ᠶ᠋ᠢᠨ ᠳᠠᠰᠢᠪᠠᠯᠪᠠᠷ Нэгэн үдэш - Очирбатын Дашбалбар

2024-10-30

667

ᠨᠢᠭᠡᠨ ᠦᠳᠡᠰᠢ


 ᠠᠩᠬᠢᠯᠤᠭᠤᠨ ᠴᠡᠴᠡᠷᠯᠢᠭ ᠢ᠋ ᠦᠳᠡᠰᠢ ᠶ᠋ᠢᠨ ᠰᠠᠷᠠᠨ ᠤ᠋ ᠲᠤᠶᠠᠭ᠎ᠠ 
 ᠠᠶᠠᠲᠠᠢᠬᠠᠨ ᠳᠣᠲᠣᠷᠯᠠᠵᠤ ᠮᠥᠩᠭᠥᠨ ᠠᠶᠠᠭ᠎ᠠ ᠰᠢᠭ᠋ ᠪᠣᠯᠭᠠᠵᠠᠢ 
 ᠮᠥᠩᠭᠥᠯᠢᠭ ᠡᠨᠡᠬᠡᠨ ᠰᠥᠨᠢ ᠵᠢᠵᠢᠭ ᠴᠥᠭᠥᠷᠥᠮ 
 ᠮᠥᠩᠭᠥᠨ ᠲᠣᠯᠢᠨ ᠤ᠋ ᠬᠠᠭᠠᠷᠠᠭᠰᠠᠨ ᠬᠡᠯᠲᠡᠷᠬᠡᠢ ᠰᠢᠭ  

 ᠲᠡᠭᠡᠭᠡᠳ ᠮᠥᠴᠢᠷ ᠳᠠᠮᠵᠢᠨ ᠭᠤᠯᠠᠰᠬᠤ ᠰᠠᠷᠠᠨ ᠤ᠋ ᠲᠤᠶᠠᠭ᠎ᠠ 
 ᠲᠩᠷᠢᠯᠢᠭ ᠮᠣᠳᠣᠳ ᠢ᠋ ᠮᠣᠭᠠᠢ ᠰᠢᠭ᠋ ᠣᠷᠢᠶᠠᠭᠰᠠᠭᠠᠷ ᠯᠠ ᠁  

 ᠰᠡᠢᠮᠡᠬᠡᠢ ᠬᠥᠰᠢᠭᠡ ᠰᠢᠭ ᠣᠳᠣᠳ ᠤ᠋ᠨ ᠨᠣᠭᠣᠭᠠᠬᠠᠨ ᠲᠤᠶᠠᠭ᠎ᠠ 
 ᠰᠡᠳᠬᠢᠯ ᠦ᠋ᠨ ᠭᠦᠨ ᠤᠷᠤᠭᠤ ᠡᠷᠳᠡᠨᠢ ᠶ᠋ᠢᠨ ᠤᠲᠠᠰᠤ ᠰᠦᠪᠡᠯᠡᠬᠦ ᠰᠢᠭ᠁  

 ᠴᠡᠴᠡᠭᠯᠡᠨ ᠪᠣᠢ ᠠᠯᠢᠮ᠎ᠠ ᠶ᠋ᠢᠨ ᠮᠣᠳᠣᠨ ᠤ᠋ ᠮᠥᠴᠢᠷ ᠳᠡᠭᠡᠷ᠎ᠡ 
 ᠴᠡᠩᠬᠡᠷᠬᠡᠨ ᠲᠤᠶᠠᠭ᠎ᠠ ᠲᠠᠢ ᠴᠥᠭᠥᠷᠥᠮ ᠠᠮᠠᠰᠠᠷ ᠢ᠋ ᠡᠮᠵᠢᠨ  

 ᠪᠦᠭᠡᠭᠡᠨ ᠣᠳᠣᠳ ᠤ᠋ᠨ ᠢᠯᠡᠭᠡᠭᠰᠡᠨ ᠨᠢᠭᠤᠴᠠ ᠵᠠᠬᠢᠳᠠᠯ ᠢ ᠲᠠᠢᠯᠤᠨ 
 ᠪᠦᠰᠡᠭᠦᠢ ᠬᠥᠮᠦᠨ ᠰᠢᠭ ᠡᠬᠡᠷ ᠲᠡᠳᠡᠨ ᠤᠩᠰᠢᠬᠤ ᠮᠢᠨᠦ᠁  

 ᠨᠠᠮᠤᠭ ᠤ᠋ᠨ ᠮᠡᠯᠡᠬᠡᠢ ᠨᠦ᠍ᠭᠦᠳ ᠬᠠᠮᠢᠭ᠎ᠠ ᠨᠢᠭᠡᠲᠡᠢ ᠭᠤᠸᠠᠯᠠᠬᠤ ᠠᠨᠤ 
 ᠨᠠᠮ ᠭᠦᠮ ᠳ᠋ᠦ᠍ ᠬᠠᠷᠢ ᠭᠠᠷᠠᠭ ᠲᠠᠢ ᠬᠠᠷᠢᠴᠠᠬᠤ ᠪᠤᠤᠬᠢᠶ᠎ᠠ ᠤᠤ! 
 ᠮᠡᠯᠡᠬᠡᠢ ᠶ᠋ᠢᠨ ᠬᠦᠢᠲᠡᠨ ᠪᠠᠶᠠᠨ ᠳ᠋ᠤ᠌ ᠮᠡᠳᠡᠷᠡᠬᠦᠢ ᠶ᠋ᠢᠨ ᠨᠢᠭᠤᠴᠠ ᠤᠪᠠᠳᠢᠰ 
 ᠮᠡᠳᠡᠬᠦ ᠪᠣᠯᠤᠭᠠᠳ ᠮᠡᠳᠡᠬᠦ ᠦᠭᠡᠢ ᠲᠡᠮᠳᠡᠭᠲᠦ ᠪᠡᠷ ᠨᠡᠪᠴᠢᠬᠦ ᠢᠨᠦ᠁  

 ᠨᠠᠪᠴᠢᠨ ᠳᠡᠭᠡᠷ᠎ᠡ ᠰᠡᠷᠢᠭᠦᠦ ᠲᠠᠲᠠᠵᠤ ᠰᠢᠭᠦᠳᠡᠷᠢ ᠪᠠᠭᠤᠨ᠎ᠠ 
 ᠨᠠᠭᠠᠯ ᠮᠣᠭᠠᠢ ᠰᠡᠮᠬᠡᠨ ᠭᠤᠯᠠᠰᠴᠤ ᠲᠡᠭᠦᠨ ᠢ᠋ ᠰᠢᠮᠡᠨ᠎ᠡ 
 ᠬᠠᠢᠷᠰᠤ ᠨᠢ ᠭᠢᠯᠲᠠᠭᠠᠨᠠᠬᠤ ᠲᠡᠭᠦᠨ ᠢ᠋ ᠰᠠᠷᠠᠨ ᠤ᠋ ᠲᠤᠶᠠᠭ᠎ᠠ ᠡᠩᠬᠦᠷᠡᠢᠯᠡᠨ᠎ᠡ 
 ᠬᠠᠮᠢᠭ᠎ᠠ ᠨᠢᠭᠡᠲᠡᠭᠡ ᠮᠡᠯᠡᠬᠡᠢ ᠭᠤᠸᠠᠭᠠᠯᠠᠬᠤ ᠨᠢ ᠮᠣᠭᠠᠢ ᠳ᠋ᠤ᠌ ᠲᠠᠭᠠᠲᠠᠢ᠃  

 ᠠᠯᠢᠮᠠᠨ ᠤ᠋ ᠮᠣᠳᠣᠨ ᠠ᠋ᠴᠠ ᠡᠨᠡ ᠰᠠᠷᠠ ᠶ᠋ᠢ ᠬᠡᠨ ᠳᠡᠭᠦᠵᠢᠯᠡᠭᠡ ᠪᠣᠢ 
 ᠠᠯᠲᠠᠨ ᠳ᠋ᠧᠩᠯᠦ ᠬᠡᠷᠡᠯᠳᠦᠬᠦ ᠰᠢᠭ ᠰᠠᠨᠠᠭᠳᠠᠮᠤᠢ 
 ᠠᠩᠬᠢᠯᠤᠭᠤᠨ ᠦᠨᠦᠷᠲᠦ ᠰᠥᠨᠢ ᠶ᠋ᠢᠨ ᠡᠨᠡᠬᠡᠨ ᠴᠡᠴᠡᠷᠯᠢᠭ ᠲᠦ᠍ 
 ᠠᠯᠤᠰ ᠤ᠋ᠨ ᠣᠳᠣᠳ ᠤ᠋ᠨ ᠴᠢᠭᠤᠯᠭᠠᠨ ᠳᠣᠬᠢᠶ᠎ᠠ ᠪᠠᠨ ᠰᠠᠮ ᠢᠯᠡᠭᠡᠭᠰᠡᠭᠡᠷ᠁  

 ᠴᠢᠯᠠᠭᠤᠲᠤ ᠪᠢᠴᠢᠬᠠᠨ ᠵᠥᠷᠢᠭ ᠢ᠋ᠶ᠋ᠡᠷ ᠰᠡᠷᠢᠭᠦᠦ ᠲᠠᠲᠠᠭᠤᠯᠤᠨ ᠠᠯᠬᠤᠬᠤᠢ 
 ᠴᠤᠩ ᠡᠷᠳᠡᠨᠢ ᠶ᠋ᠢᠨ ᠣᠳᠣᠳ ᠨᠠᠪᠴᠢᠰ ᠪᠣᠯᠭᠠᠨ ᠳᠡᠭᠡᠷ᠎ᠡ ᠭᠢᠯᠲᠠᠢᠨ᠎ᠠ 
 ᠲᠩᠷᠢ ᠪᠤᠷᠬᠠᠨ ᠤᠬᠢᠯᠠᠭᠰᠠᠨ ᠭᠡᠯᠲᠡᠢ ᠭᠡᠷᠡᠯᠲᠦ ᠰᠤᠪᠤᠳ ᠤ᠋ᠨ ᠰᠢᠭᠦᠳᠡᠷᠢ ᠨᠦ᠍ᠭᠦᠳ 
 ᠲᠡᠨᠳᠡ ᠡᠨᠳᠡ ᠦᠭᠡᠢ ᠴᠠᠴᠤᠭᠳᠠᠵᠤ ᠡᠨᠳᠡ ᠲᠡᠨᠳᠡ ᠦᠭᠡᠢ ᠪᠦᠩᠵᠦᠢᠨ᠎ᠠ᠃  

 ᠰᠠᠷᠠ ᠲᠤᠰᠤᠭᠰᠠᠨ ᠴᠥᠭᠥᠷᠥᠮ ᠦ᠋ᠨ ᠭᠦᠨ ᠳ᠋ᠦ᠍ ᠨᠢᠭᠡᠨ ᠨᠢᠭᠤᠴᠠ ᠬᠣᠲᠠ ᠪᠣᠢ 
 ᠰᠠᠨᠠᠭ᠎ᠠ ᠪᠣᠳᠣᠯ ᠢ᠋ᠶ᠋ᠠᠷ ᠪᠣᠰᠤᠭᠰᠠᠨ ᠬᠡᠢ ᠤᠷᠲᠤ ᠬᠠᠷᠰᠢ ᠨᠤᠭᠤᠳ ᠤ᠋ᠨ ᠳᠤᠮᠳᠠ 
 ᠬᠠᠷᠴᠠᠭᠠᠢ ᠰᠦᠷᠬᠢᠨ ᠥᠩᠭᠡᠷᠡᠬᠦᠢ ᠴᠥᠭᠥᠷᠥᠮ ᠦ᠋ᠨ ᠭᠠᠳᠠᠷᠭᠤ 
 ᠬᠠᠯᠭᠢᠨ ᠠᠳᠠᠷᠭ᠎ᠠ ᠡᠭᠦᠰᠴᠦ ᠭᠦᠨ ᠳ᠋ᠦ᠍ᠨᠢ ᠪᠦᠰᠡᠭᠦᠢ ᠬᠥᠮᠦᠨ ᠢᠨᠢᠶᠡᠨ᠎ᠡ᠃