ᠡᠵᠢ ᠶᠢᠨ ᠡᠨᠡᠷᠢᠯ-ᠮᠠᠨᠳᠤᠬᠤ ᠪᠠᠭᠰᠢ ᠶᠢᠨ ᠤᠷᠠᠨ ᠪᠢᠴᠢᠯᠭᠡ
ᠡᠵᠢ ᠶᠢᠨ ᠡᠨᠡᠷᠢᠯ
ᠦᠭᠡ᠄ ᠪᠣ᠂ ᠰᠣᠶᠣᠯᠲᠤ
ᠠᠶ᠎ᠠ᠄ ᠮᠠᠰᠢᠵᠢᠷᠭᠠᠯ
ᠳᠠᠭᠤᠴᠢᠨ᠄ ᠠ᠂ ᠴᠢᠮᠡᠭ
1᠂ ᠠᠩᠭᠢᠷ ᠰᠢᠷ᠎ᠠ ᠤᠭᠤᠷᠠᠭ ᠢ᠋ ᠴᠢᠨᠢ
ᠱᠠᠪᠰᠢᠨ ᠱᠠᠪᠰᠢᠨ ᠰᠢᠮᠡᠭᠡᠳ
ᠠᠷᠢᠭᠤᠨ ᠴᠠᠭᠠᠨ ᠡᠪᠦᠷ ᠳᠡᠭᠡᠷ᠎ᠡ ᠴᠢᠨᠢ
ᠬᠥᠷᠪᠡᠨ ᠪᠠᠢᠭᠰᠠᠭᠠᠷ ᠪᠣᠢᠵᠢᠯᠠ
ᠠᠢ ᠳᠠ ᠬᠥᠭᠡᠷᠦᠬᠦᠢ ᠪᠤᠭᠤᠷᠤᠯ ᠡᠵᠢ
ᠲᠥᠷᠥᠵᠦ ᠥᠰᠬᠡᠭᠰᠡᠨ ᠡᠵᠢ ᠮᠢᠨᠢ
ᠡᠨᠡᠷᠢᠯ ᠬᠠᠢᠷᠠᠲᠤ ᠠᠴᠢ ᠶ᠋ᠢ ᠲᠠᠨ
ᠡᠭᠦᠷᠢᠳᠡ ᠪᠢ ᠮᠠᠷᠲᠠᠬᠤ ᠦᠭᠡᠢ
2᠂ ᠤᠷᠠᠨ ᠳᠡᠮᠲᠡᠢ ᠬᠥᠳᠡᠯᠦᠯ ᠢ᠋ ᠴᠢᠨᠢ
ᠦᠵᠡᠨ ᠦᠵᠡᠨ ᠳᠠᠭᠤᠷᠢᠶᠠᠭᠠᠳ
ᠤᠴᠢᠷ ᠲᠠᠢ ᠮᠡᠷᠭᠡᠨ ᠦᠭᠡ ᠶ᠋ᠢ ᠴᠢᠨᠢ
ᠤᠬᠠᠨ ᠰᠡᠳᠬᠢᠵᠦ ᠬᠥᠮᠦᠵᠢᠯᠡ
ᠠᠢ ᠳᠠ ᠬᠥᠭᠡᠷᠦᠬᠦᠢ ᠪᠤᠭᠤᠷᠤᠯ ᠡᠵᠢ
ᠲᠥᠷᠥᠵᠦ ᠥᠰᠬᠡᠭᠰᠡᠨ ᠡᠵᠢ ᠮᠢᠨᠢ
ᠡᠨᠡᠷᠢᠯ ᠬᠠᠢᠷᠠᠲᠤ ᠠᠴᠢ ᠶ᠋ᠢ ᠲᠠᠨ
ᠡᠭᠦᠷᠢᠳᠡ ᠪᠢ ᠮᠠᠷᠲᠠᠬᠤ ᠦᠭᠡᠢ
3᠂ ᠬᠥᠲᠥᠯᠵᠦ ᠠᠯᠬᠤᠭᠤᠯᠤᠭᠰᠠᠨ ᠵᠠᠮ ᠢ᠋ ᠴᠢᠨᠢ
ᠳᠠᠭᠠᠨ ᠳᠠᠭᠠᠨ ᠤᠷᠤᠭᠰᠢᠯᠠᠭᠠᠳ
ᠬᠦᠰᠡᠵᠦ ᠵᠠᠬᠢᠭᠰᠠᠨ ᠰᠤᠷᠭᠠᠯ ᠢ᠋ ᠴᠢᠨᠢ
ᠪᠣᠳᠣᠨ ᠰᠠᠨᠠᠵᠤ ᠪᠡᠶᠡᠯᠡᠭᠦᠯᠦᠶ᠎ᠡ᠃
ᠦᠰᠦᠭ ᠠᠮᠢᠯᠠᠭᠤᠯᠤᠭᠴᠢ᠄ ᠰᠢᠷᠠᠬᠤᠰᠢᠭᠤ ᠶ᠋ᠢᠨ ᠣᠳᠬᠣᠨᠴᠡᠴᠡᠭ
ᠬᠢᠨᠠᠭᠴᠢ᠄ ᠲᠦᠮᠡᠨᠴᠡᠴᠡᠭ
