ᠰᠣᠶᠣᠯ ᠬᠥᠮᠦᠵᠢᠯ ᠦ᠋ᠨ ᠰᠣᠳᠣᠨ ᠤᠳᠤᠷᠢᠳᠤᠭᠴᠢ-ᠬᠣᠯᠪᠣᠭ᠎ᠠ- ᠪᠠᠯᠵᠢСоёл хүмүүжлийн содон удирдагч-Холбоо-Балжи ᠦᠯᠢᠭᠡᠷ ᠬᠣᠯᠪᠣᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠣᠶᠣᠯ ᠬᠥᠮᠦᠵᠢᠯ ᠦ᠋ᠨ ᠰᠣᠳᠣᠨ ᠤᠳᠤᠷᠢᠳᠤᠭᠴᠢ-ᠬᠣᠯᠪᠣᠭ᠎ᠠ- ᠪᠠᠯᠵᠢСоёл хүмүүжлийн содон удирдагч-Холбоо-Балжи

ᠰᠣᠶᠣᠯ ᠬᠥᠮᠦᠵᠢᠯ ᠦ᠋ᠨ ᠰᠣᠳᠣᠨ ᠤᠳᠤᠷᠢᠳᠤᠭᠴᠢ-ᠬᠣᠯᠪᠣᠭ᠎ᠠ- ᠪᠠᠯᠵᠢСоёл хүмүүжлийн содон удирдагч-Холбоо-Балжи

2024-10-29

4624

ᠰᠣᠶᠣᠯ ᠬᠥᠮᠦᠵᠢᠯ ᠦ᠋ᠨ ᠰᠣᠳᠣᠨ ᠤᠳᠤᠷᠢᠳᠤᠭᠴᠢ

        ᠬᠣᠯᠪᠣᠭ᠎ᠠ 
            -- ᠪᠠᠯᠵᠢ 
ᠽᠠᠨᠳᠠᠨ ᠰᠠᠢᠬᠠᠨ ᠬᠤᠭᠤᠷ ᠮᠢᠨᠢ 
ᠰᠠᠨᠠᠭᠠᠨ ᠤ᠋ ᠠᠶ᠎ᠠ ᠪᠠᠷ ᠬᠦᠩᠭᠢᠨᠡᠯ᠎ᠡ 
ᠰᠠᠨᠠᠵᠤ ᠪᠣᠳᠣᠭᠰᠠᠨ ᠬᠡᠳᠦᠨ ᠦᠭᠡ ᠪᠡᠨ 
ᠰᠢᠯᠦᠭ ᠪᠣᠯᠭᠠᠨ ᠬᠣᠯᠪᠣᠶ᠎ᠠ 

ᠤᠶᠠᠩᠭᠠᠲᠤ ᠬᠤᠭᠤᠷ ᠤ᠋ᠨ ᠠᠶ᠎ᠠ ᠳ᠋ᠤ᠌ 
ᠤᠷ᠎ᠠ ᠠᠪᠢᠶᠠᠰ ᠮᠢᠨᠢ ᠬᠥᠪᠬᠡᠯᠵᠡᠯ᠎ᠡ 
ᠣᠯᠠᠨ ᠳ᠋ᠠᠭᠠᠨ ᠬᠦᠷᠢᠶᠡᠯᠡᠯ ᠲᠡᠢ ᠣ ᠪᠠᠭᠰᠢ ᠶ᠋ᠢᠨ ᠢ᠋ᠶ᠋ᠡᠨ 
ᠠᠮᠢᠳᠤᠷᠠᠯ ᠤ᠋ᠨ ᠥᠩᠭᠡᠷᠡᠯᠲᠡ ᠶ᠋ᠢ ᠤᠶᠠᠩᠭᠠᠯᠠᠶ᠎ᠠ 

ᠤᠷᠠᠳ ᠤ᠋ᠨ ᠳᠤᠮᠳᠠᠳᠤ ᠬᠤᠰᠢᠭᠤᠨ ᠤ᠋ ᠡᠭᠡᠯ ᠮᠠᠯᠴᠢᠨ ᠤ᠋ ᠠᠢᠯ ᠳ᠋ᠤ᠌
ᠦᠷ᠎ᠡ ᠨᠢ ᠪᠣᠯᠵᠤ ᠵᠠᠶᠠᠭᠠᠵᠤ ᠪᠢᠯᠡ
ᠦᠰᠦᠭ ᠪᠢᠴᠢᠭ ᠲᠤ ᠪᠡᠨ ᠰᠢᠮᠳᠠᠭᠠᠷᠠᠢ ᠭᠡᠵᠦ
ᠣᠳᠬᠠᠨᠰᠸ᠎ᠠ ᠭᠡᠳᠡᠭ ᠨᠡᠷ᠎ᠡ ᠶ᠋ᠢ ᠬᠠᠢᠷᠠᠯᠠᠵᠠᠢ

ᠵᠠᠶᠠᠭᠠᠵᠤ ᠲᠥᠷᠥᠭᠰᠡᠨ ᠵᠢᠷᠭᠤᠭᠠᠨ ᠬᠡᠦᠬᠡᠳ ᠦ᠋ᠨ ᠢ᠋ᠶ᠋ᠡᠨ ᠳᠤᠮᠳᠠ
ᠴᠡᠴᠡᠭ ᠨᠢ ᠪᠣᠯᠵᠤ ᠳᠡᠯᠭᠡᠷᠡᠭᠰᠡᠨ ᠶᠦᠮ
ᠵᠢᠷᠭᠠᠯᠲᠤ ᠥᠭᠡᠳᠡᠯᠡᠬᠦ ᠡᠷᠦᠬᠡ ᠠᠢᠯ ᠤ᠋ᠨ ᠢ᠋ᠶ᠋ᠠᠨ
ᠴᠢᠮᠡᠭ ᠨᠢ ᠪᠣᠯᠵᠤ ᠭᠡᠷᠡᠯᠲᠦᠭᠰᠡᠨ ᠶᠦᠮ

ᠰᠤᠷᠭᠠᠭᠤᠯᠢ ᠶ᠋ᠢᠨ ᠪᠣᠱᠣᠭ᠎ᠠ ᠶ᠋ᠢ ᠠᠯᠬᠤᠮᠠᠭᠴᠠ
ᠰᠤᠷᠴᠤ ᠡᠵᠡᠮᠰᠢᠬᠦ ᠨᠢ ᠭᠠᠢᠬᠠᠯᠲᠠᠢ
ᠵᠢᠭᠠᠭᠰᠠᠨ ᠬᠢᠴᠢᠶᠡᠯ ᠢ᠋ ᠬᠢᠴᠢᠶᠡᠩᠭᠦᠢᠯᠡᠭᠡᠳ
ᠵᠠᠭᠤᠨ ᠤ᠋ ᠳᠤᠮᠳᠠ ᠰᠠᠢᠰᠢᠶᠠᠯ ᠲᠠᠢ

ᠠᠷᠪᠠᠨ ᠬᠣᠶᠠᠷ ᠨᠠᠰᠤᠲᠠᠢ ᠲᠡᠷᠡ ᠵᠢᠯ
ᠠᠵᠠ ᠪᠤᠰᠤ ᠶ᠋ᠢᠨ ᠤᠴᠢᠷ ᠲᠣᠬᠢᠶᠠᠯᠳᠤᠵᠠᠢ
ᠠᠮᠢᠳᠤᠷᠠᠯ ᠤ᠋ᠨ ᠲᠦᠰᠢᠯᠭᠡ ᠠᠴᠢᠯᠠᠯᠲᠤ ᠠᠪᠤ ᠨᠢ
ᠠᠩᠭᠢᠵᠢᠷᠠᠵᠤ ᠡᠭᠡᠨᠡᠭᠲᠡ ᠬᠠᠭᠠᠴᠠᠯ᠎ᠠ

ᠡᠨᠡᠷᠢᠯᠲᠦ ᠡᠬᠡ ᠪᠡᠨ ᠬᠠᠮᠵᠢᠵᠤ
ᠦᠢᠯᠡ ᠠᠵᠢᠯ ᠳ᠋ᠤ᠌ ᠣᠷᠣᠯᠴᠠᠯ᠎ᠠ
ᠥᠷᠥᠭᠡᠯ ᠡᠴᠡ ᠳᠤᠲᠠᠭᠤ ᠦᠭᠡᠢ ᠠᠮᠢᠳᠤᠷᠠᠨ᠎ᠠ ᠭᠡᠵᠦ
ᠡᠬᠡ ᠶ᠋ᠢᠨ ᠰᠤᠷᠭᠠᠯ ᠳ᠋ᠤ᠌ ᠬᠥᠪᠴᠢᠯᠡᠭᠳᠡᠭᠰᠡᠨ ᠶᠦᠮ

ᠪᠤᠶᠠᠨᠲᠤ ᠡᠵᠢ ᠶ᠋ᠢᠨ ᠢ᠋ᠶ᠋ᠡᠨ ᠵᠠᠬᠢᠶ᠎ᠠ ᠶ᠋ᠢ ᠭᠦᠢᠴᠡᠳᠬᠡᠨ
ᠪᠢᠴᠢᠭ ᠨᠣᠮ ᠳ᠋ᠤ᠌ ᠪᠠᠨ ᠨᠡᠩ ᠰᠢᠮᠳᠠᠯ᠎ᠠ
ᠪᠤᠯᠪᠠᠷᠠᠢ ᠪᠠᠭ᠎ᠠ ᠨᠠᠰᠤᠨ ᠠ᠋ᠴᠠ ᠪᠠᠨ
ᠪᠠᠷᠢᠭᠠᠳᠠ ᠶ᠋ᠢᠨ ᠠᠵᠢᠯ ᠳ᠋ᠤ᠌ ᠴᠤ᠌ ᠣᠷᠣᠯᠴᠠᠯ᠎ᠠ

ᠬᠥᠮᠦᠨ ᠬᠦᠴᠢᠷ ᠲᠦ᠍ ᠤᠬᠠᠭᠠᠨ ᠰᠠᠭᠤᠵᠤ
ᠬᠦᠯᠦᠭ ᠳᠠᠪᠠᠭᠠᠨ ᠳ᠋ᠤ᠌ ᠵᠢᠷᠣᠭ᠎ᠠ ᠣᠷᠣᠳᠠᠭ ᠠ᠋ᠴᠠ
ᠬᠥᠮᠦᠨ ᠮᠥᠰᠥ ᠲᠡᠢ ᠬᠥᠮᠦᠨ ᠪᠣᠯᠬᠤ ᠶ᠋ᠢᠨ
ᠬᠠᠷᠢᠭᠤᠴᠠᠯᠭ᠎ᠠ ᠡᠭᠦᠷᠭᠡᠯᠡᠨ ᠵᠣᠷᠢᠭ ᠡᠷᠴᠢᠯᠡᠵᠡᠢ

ᠳᠠᠯᠠᠨ ᠳᠥᠷᠪᠡᠨ ᠣᠨ ᠳ᠋ᠤ᠌ ᠰᠤᠷᠤᠯᠭ᠎ᠠ ᠲᠡᠭᠦᠰᠦᠭᠡᠳ
ᠳᠠᠷᠤᠶ᠋ᠢᠬᠠᠨ ᠪᠠᠷᠢᠭᠠᠳᠠ ᠳ᠋ᠤ᠌ ᠪᠠᠨ ᠬᠠᠷᠢᠵᠤ ᠠᠵᠢᠯᠯᠠᠯ᠎ᠠ
《ᠲᠡᠮᠦᠷ ᠬᠡᠦᠬᠡᠨᠴᠦᠳ》 ᠦ᠋ᠨ ᠪᠦᠯᠬᠦᠮ ᠳ᠋ᠦ᠍ ᠪᠡᠨ
ᠲᠡᠰᠪᠦᠷᠢ ᠲᠡᠪᠴᠢᠶᠡᠷᠢ ᠲᠡᠢ ᠬᠥᠳᠡᠯᠮᠦᠷᠢᠯᠡᠯ᠎ᠡ

ᠬᠦᠳᠡᠷ ᠦ᠋ᠨ ᠦᠢᠯᠡᠳᠪᠦᠷᠢ ᠳ᠋ᠦ᠍ ᠠᠵᠢᠯᠯᠠᠭᠠᠳ
ᠬᠥᠳᠡᠯᠮᠦᠷᠢ ᠶ᠋ᠢᠨ ᠵᠢᠱ᠌ᠢᠶᠡᠴᠢ ᠪᠡᠷ ᠰᠣᠩᠭᠣᠭᠳᠠᠪᠠ
ᠬᠡᠳᠦᠬᠡᠨ ᠮᠥᠩᠭᠥ ᠶ᠋ᠢᠨ ᠬᠠᠷᠠᠮᠵᠢ ᠶ᠋ᠢ ᠪᠡᠨ
ᠬᠠᠷᠢᠭᠠᠳ ᠭᠡᠷ ᠲᠡᠭᠡᠨ ᠨᠡᠮᠡᠷᠢ ᠪᠣᠯᠭᠠᠨ᠎ᠠ

ᠪᠠᠭᠰᠢ ᠶ᠋ᠢᠨ ᠰᠤᠷᠭᠠᠭᠤᠯᠢ ᠪᠠᠨ ᠲᠡᠭᠦᠰᠦᠭᠰᠡᠨ ᠦ᠌ ᠰᠡᠭᠦᠯᠡᠷ
ᠤᠷᠠᠳ ᠤ᠋ᠨ ᠬᠣᠢᠲᠤ ᠬᠤᠰᠢᠭᠤᠨ ᠳ᠋ᠤ᠌ ᠠᠵᠢᠯ ᠬᠤᠪᠢᠶᠠᠭᠳᠠᠵᠠᠢ
ᠪᠠᠢᠷᠢᠨ ᠳ᠋ᠠᠭᠠᠨ ᠭᠠᠷᠤᠭᠰᠠᠨ ᠳᠣᠯᠣᠭᠠᠨ ᠵᠢᠯ ᠳ᠋ᠦ᠍
ᠪᠠᠶᠠᠨᠨᠠᠭᠤᠷ ᠬᠣᠲᠠ ᠶ᠋ᠢᠨ ᠰᠢᠯᠢᠳᠡᠭ ᠪᠠᠭᠰᠢ ᠪᠠᠷ ᠴᠣᠯᠠᠯᠠᠭᠳᠠᠪᠠ

ᠣ ᠡᠩᠭᠡᠰᠬᠡ ᠪᠡᠷ ᠭᠠᠩᠭᠠᠯᠠᠬᠤ
ᠠᠲᠠᠭ᠎ᠠ ᠴᠤ᠌ ᠪᠠᠢᠭᠰᠠᠨ ᠦᠭᠡᠢ ᠣ ᠪᠠᠭᠰᠢ ᠳ᠋ᠤ᠌
ᠡᠮᠦᠰᠴᠦ ᠵᠡᠭᠦᠬᠦ ᠪᠡᠷ ᠶᠠᠩᠵᠤᠯᠠᠬᠤ
ᠵᠢᠲᠥᠭᠡ ᠴᠤ᠌ ᠬᠦᠷᠦᠭᠰᠡᠨ ᠴᠤ᠌ ᠦᠭᠡᠢ ᠮᠠᠨ ᠤ᠋ ᠪᠠᠭᠰᠢ

ᠣᠯᠤᠭᠰᠠᠨ ᠬᠡᠳᠦᠨ ᠮᠥᠩᠭᠥ ᠪᠡᠨ
ᠠᠮᠢᠳᠤᠷᠠᠯ ᠳ᠋ᠠᠭᠠᠨ ᠣᠷᠣᠭᠤᠯᠤᠭᠠᠳ ᠵᠢᠳᠬᠦᠵᠦ ᠶᠠᠪᠤᠵᠠᠢ
ᠭᠤᠷᠪᠠᠨ ᠳᠡᠭᠦᠦ ᠶ᠋ᠢᠨ ᠢ᠋ᠶ᠋ᠡᠨ ᠰᠤᠷᠤᠯᠭ᠎ᠠ ᠶ᠋ᠢ ᠳᠠᠮᠵᠢᠨ
ᠭᠠᠷ ᠢ᠋ ᠨᠢ ᠭᠠᠨᠵᠤᠭ᠎ᠠ ᠰᠢᠭᠦᠷᠡᠭᠦᠯᠵᠡᠢ

ᠨᠠᠷᠠ ᠶᠢᠷᠲᠢᠨᠴᠦ ᠶ᠋ᠢᠨ ᠵᠠᠩ ᠵᠢᠷᠤᠮ ᠢ᠋ᠶ᠋ᠠᠷ
83 ᠣᠨ ᠳ᠋ᠤ᠌ ᠠᠢᠯ ᠪᠣᠯᠵᠠᠢ
ᠬᠣᠶᠠᠷ ᠬᠡᠦᠬᠡᠨ ᠢ᠋ᠶ᠋ᠡᠨ ᠥᠰᠬᠡᠨ ᠪᠣᠢᠵᠢᠭᠤᠯᠤᠭᠠᠳ
ᠬᠦᠰᠡᠯ ᠦ᠋ᠨ ᠵᠢᠯᠣᠭᠣ ᠶ᠋ᠢ ᠨᠢ ᠠᠳᠬᠤᠭᠤᠯᠵᠠᠢ

ᠡᠨᠡᠷᠢᠯᠲᠦ ᠡᠬᠡ ᠨᠢ 98 ᠣᠨ ᠳ᠋ᠤ᠌
ᠦᠵᠡᠬᠦ ᠨᠢᠳᠦᠨ ᠦ᠌ ᠬᠠᠷᠠᠭ᠎ᠠ ᠮᠠᠭᠤᠳᠠᠭᠰᠠᠨ ᠳ᠋ᠤ᠌
ᠦᠷ᠎ᠡ ᠶ᠋ᠢᠨ ᠶᠣᠰᠣ ᠪᠠᠷ ᠠᠴᠢᠯᠠᠯ ᠢ᠋ᠶ᠋ᠠᠨ ᠭᠦᠢᠴᠡᠳᠬᠡᠨ
ᠤᠳᠠᠭᠠᠨ ᠵᠢᠯ ᠠᠰᠠᠷᠠᠨ ᠰᠤᠪᠢᠯᠠᠪᠠ

ᠪᠤᠭᠤᠲᠤ ᠬᠣᠲᠠ ᠶ᠋ᠢᠨ ᠵᠧᠦ ᠶᠤᠸᠠᠨ ᠰᠤᠷᠭᠠᠭᠤᠯᠢ ᠳ᠋ᠤ᠌
27 ᠵᠢᠯ ᠠᠵᠢᠯᠯᠠᠵᠤ ᠶᠠᠪᠤᠵᠠᠢ
ᠪᠠᠢᠳᠠᠭ ᠣᠶᠤᠨ ᠴᠢᠳᠠᠪᠤᠷᠢ ᠪᠠᠨ
ᠮᠣᠩᠭᠣᠯ ᠰᠣᠶᠣᠯ ᠳ᠋ᠠᠭᠠᠨ ᠡᠷᠭᠦᠵᠦ ᠢᠷᠡᠵᠡᠢ

ᠠᠮᠠᠷᠠᠯᠲᠠ ᠠᠪᠤᠭᠰᠠᠨ ᠤ᠋ ᠳᠥᠷᠪᠡᠨ ᠵᠢᠯ ᠳ᠋ᠦ᠍
ᠠᠮᠠᠷᠠᠵᠤ ᠰᠠᠭᠤᠭᠰᠠᠨ ᠦᠭᠡᠢ ᠡᠨᠡ ᠡᠵᠢ ᠠ᠋
ᠴᠡᠪᠡᠷ ᠲᠣᠳᠣᠬᠠᠨ ᠮᠣᠩᠭᠣᠯ ᠬᠡᠯᠡ ᠪᠡᠷ ᠢ᠋ᠶ᠋ᠡᠨ
ᠴᠡᠴᠡᠷᠯᠢᠭ ᠦ᠋ᠨ ᠬᠡᠦᠬᠡᠳ ᠢ᠋ ᠵᠠᠯᠭᠠᠭᠠᠳ ᠬᠥᠮᠦᠵᠢᠭᠦᠯᠵᠡᠢ

ᠵᠥᠪ ᠪᠢᠴᠢᠯᠭᠡ ᠶ᠋ᠢᠨ ᠬᠣᠶᠠᠷ ᠵᠢᠯ ᠭᠠᠷᠤᠢ ᠳ᠋ᠤ᠌
ᠵᠢᠳᠬᠦᠯ ᠭᠠᠷᠭᠠᠯ᠎ᠠ ᠪᠠᠭᠰᠢ ᠮᠢᠨᠢ
ᠵᠠᠭᠤᠨ ᠣᠯᠠᠨ ᠮᠣᠩᠭᠣᠯᠴᠤᠳ ᠢ᠋ᠶ᠋ᠠᠨ
ᠵᠢᠷᠦᠬᠡᠨ ᠤᠭ ᠠ᠋ᠴᠠ ᠪᠠᠨ ᠰᠠᠨᠠᠭᠠᠴᠢᠯᠠᠵᠠᠢ

ᠳᠤᠭᠵᠢᠷᠠᠵᠤ ᠪᠠᠢᠭᠰᠠᠨ ᠬᠥᠮᠦᠰ ᠢ᠋ᠶ᠋ᠡᠨ
ᠳᠠᠭᠤᠳᠠᠨ ᠰᠡᠷᠢᠭᠡᠯ᠎ᠡ ᠪᠠᠭᠰᠢ ᠮᠢᠨᠢ
ᠳᠡᠭᠡᠳᠦᠰ ᠡᠴᠡ ᠥᠪᠯᠡᠭᠰᠡᠨ ᠠᠴᠢᠶᠠᠯᠠᠪᠤᠷᠢ ᠪᠠᠨ
ᠲᠦᠭᠡᠭᠡᠨ ᠳᠡᠯᠭᠡᠷᠡᠭᠦᠯᠬᠦ ᠪᠡᠷ ᠤᠷᠢᠶᠠᠯᠠᠯ᠎ᠠ

ᠴᠠᠭᠠᠰᠤᠨ ᠳ᠋ᠤ᠌ ᠪᠢᠴᠢᠳᠡᠭ ᠪᠣᠰᠤᠭ᠎ᠠ ᠦᠰᠦᠭ ᠢ᠋ᠶ᠋ᠡᠨ
ᠴᠠᠬᠢᠮᠵᠢᠭᠤᠯᠬᠤ ᠮᠡᠷᠭᠡᠵᠢᠯ ᠢ᠋ᠶ᠋ᠡᠷ ᠵᠢᠭᠠᠵᠤ ᠡᠬᠢᠯᠡᠯ᠎ᠡ
ᠴᠠᠭ ᠦᠶ᠎ᠡ ᠶ᠋ᠢᠨ ᠬᠥᠭᠵᠢᠯᠲᠡ ᠳ᠋ᠦ᠍
ᠴᠥᠬᠥᠷᠡᠯ ᠦᠭᠡᠢ ᠴᠢᠷᠮᠠᠢᠯ᠎ᠠ

ᠠᠵᠠᠢ ᠪᠤᠭᠤᠷᠤᠯ ᠪᠣᠯᠤᠯ᠎ᠠ ᠭᠡᠳ
ᠠᠮᠠᠷᠠᠯᠲᠠ ᠶᠡᠷᠦ ᠠᠪᠳᠠᠭ ᠦᠭᠡᠢ
ᠠᠯᠬᠤᠵᠤ ᠠᠮᠢᠰᠬᠤᠬᠤ ᠮᠥᠴᠡ ᠪᠦᠷᠢ ᠳ᠋ᠡᠭᠡᠨ
ᠠᠭᠤᠤ ᠰᠣᠶᠣᠯ ᠤ᠋ᠨ ᠢ᠋ᠶ᠋ᠠᠨ ᠲᠥᠯᠥᠭᠡ ᠰᠠᠨᠠᠭᠠᠰᠢᠷᠠᠳᠠᠭ

ᠬᠠᠪᠢᠷᠭ᠎ᠠ ᠨᠡᠪᠲᠡᠷᠡᠮ᠎ᠡ ᠬᠦᠢᠲᠡᠨ ᠢ᠋
ᠨᠠᠮᠵᠢᠭᠤᠯᠤᠭᠠᠳ ᠴᠢᠳᠠᠳᠠᠭ ᠲᠠ ᠪᠢᠯᠡ
ᠬᠠᠷ᠎ᠠ ᠰᠠᠯᠬᠢ ᠰᠢᠭᠤᠷᠭᠠᠨ ᠢ᠋
ᠨᠣᠮᠣᠬᠠᠳᠬᠠᠵᠤ ᠴᠢᠳᠠᠳᠠᠭ ᠲᠠ ᠪᠢᠯᠡ

ᠬᠠᠨ ᠳᠡᠯᠡᠬᠡᠢ ᠶ᠋ᠢᠨ ᠬᠠᠰ ᠤ᠋ᠨ ᠴᠠᠭᠠᠨ ᠪᠦᠷᠬᠦᠪᠴᠢ ᠶ᠋ᠢ
ᠰᠡᠬᠡᠭᠡᠵᠦ ᠴᠢᠳᠠᠳᠠᠭ ᠲᠠ ᠪᠢᠯᠡ
ᠬᠠᠮᠤᠭ ᠮᠣᠩᠭᠣᠯ ᠤ᠋ᠨ ᠢ᠋ᠶ᠋ᠠᠨ ᠦᠰᠦᠭ ᠪᠢᠴᠢᠭ ᠢ᠋
ᠬᠥᠭᠵᠢᠭᠦᠯᠬᠦ ᠪᠡᠷ ᠴᠢᠷᠮᠠᠢᠭᠰᠠᠨ ᠲᠠ ᠪᠢᠯᠡ

ᠬᠦᠢᠲᠡᠨ ᠬᠠᠯᠠᠭᠤᠨ ᠳᠠᠪᠬᠤᠴᠠᠭᠰᠠᠨ ᠬᠡᠳᠦᠨ ᠠᠷᠪᠠᠨ ᠵᠢᠯ ᠦ᠋ᠨ ᠲᠤᠷᠰᠢ
ᠬᠦᠴᠢᠷ ᠪᠡᠷᠬᠡᠰᠢᠶᠡᠯ ᠲᠡᠢ ᠠᠮᠢᠳᠤᠷᠠᠯ ᠤ᠋ᠨ ᠲᠣᠭᠣᠷᠢᠨ ᠳ᠋ᠤ᠌ ᠨᠠᠷᠠᠰᠤ ᠰᠢᠭ᠋ ᠰᠦᠨᠳᠡᠷᠯᠡᠵᠦ
ᠬᠠᠢᠷ᠎ᠠ ᠶ᠋ᠢᠨ ᠳᠡᠭᠡᠵᠢ ᠪᠢᠰᠢᠷᠡᠯᠲᠡᠢ ᠦᠢᠯᠡ ᠴᠢᠨᠢ ᠲᠡᠦᠬᠡ ᠪᠣᠯᠤᠨ ᠲᠡᠮᠳᠡᠭᠯᠡᠭᠳᠡᠵᠦ
ᠬᠠᠯᠠᠭᠤᠨ ᠡᠯᠢᠭᠡᠲᠦ ᠮᠣᠩᠭᠣᠯ ᠲᠦᠮᠡᠨ ᠳ᠋ᠡᠭᠡᠨ ᠳᠠᠭᠤᠷᠢᠶᠠᠯ ᠪᠣᠯᠪᠠᠢ