ᠬᠥᠳᠡᠭᠡᠨ ᠦ ᠨᠣᠬᠠᠢ-ᠬᠡᠦᠬᠡᠯᠳᠡᠢ ᠶᠢᠨ ᠺᠢᠨᠣ᠋Хөдөөний нохой(Huduunii nohoi) хүүхэлдэйн кино
ᠬᠥᠳᠡᠭᠡᠨ ᠦ ᠨᠣᠬᠠᠢ
ᠬᠣᠢᠯᠣᠭ ᠨᠡᠷ᠎ᠡ ᠲᠡᠢ ᠬᠣᠲᠠᠴᠢ ᠨᠣᠬᠠᠢ ᠪᠢ ᠤᠭ ᠨᠢ
ᠥᠷᠥᠰᠢᠶᠡᠯᠳᠦ ᠡᠵᠡᠨ ᠦ᠌ ᠪᠡᠨ ᠦᠨᠡᠨᠴᠢ ᠲᠤᠰᠠ
ᠥᠪᠡᠷ ᠦ᠋ᠨ ᠭᠡᠰᠡᠨ ᠠᠨᠳᠠ ᠲᠠᠢ᠂ ᠰᠡᠭᠦᠯ ᠲᠡᠢ
ᠰᠡᠭᠦᠯ ᠦᠭᠡᠢ ᠴᠢᠨᠣ᠎ᠠ ᠶ᠋ᠢ ᠰᠦᠷᠦᠭ ᠮᠠᠯ ᠤᠷᠤᠭᠤ ᠪᠠᠨ
ᠠᠯᠬᠤᠮ ᠴᠤ᠌ ᠣᠢᠷᠠᠲᠤᠭᠤᠯᠳᠠᠭ ᠦᠭᠡᠢ
ᠨᠢᠭᠡ ᠶᠣᠰᠣᠨ ᠳ᠋ᠤ᠌ ᠪᠠᠨ ᠲᠠᠩᠭᠠᠷᠢᠭ ᠡᠷᠭᠦᠭᠡ ᠦᠭᠡᠢ ᠬᠢᠯᠢᠴᠢᠨ
ᠭᠡᠷ᠎ᠡ ᠬᠢᠭᠡ ᠦᠭᠡᠢ ᠴᠦ᠍ ᠬᠠᠮᠠᠭᠠᠯᠠᠭᠴᠢ ᠶᠠᠪᠤᠯ᠎ᠠ᠃
ᠲᠥᠷᠥᠭᠰᠡᠨ ᠨᠤᠲᠤᠭ ᠠ᠋ᠴᠠ ᠪᠠᠨ
ᠲᠥᠭᠡ ᠴᠦ᠍ ᠬᠣᠯᠠᠳᠴᠤ ᠦᠵᠡᠭᠡ ᠦᠭᠡᠢ
ᠲᠥᠪ ᠰᠠᠭᠤᠷᠢᠨ ᠭᠠᠵᠠᠷ ᠤ᠋ᠨ ᠪᠠᠷ᠎ᠠ ᠶ᠋ᠢ ᠴᠦ᠍ ᠬᠠᠷᠠᠵᠤ ᠶᠠᠪᠤᠭ᠎ᠠ ᠦᠭᠡᠢ
ᠲᠠᠯ᠎ᠠ ᠰᠠᠢᠬᠠᠨ ᠨᠤᠲᠤᠭ ᠲᠤ᠌ ᠪᠠᠨ
ᠲᠠᠪᠤᠨ ᠬᠣᠰᠢᠭᠤ ᠮᠠᠯ ᠢ᠋ᠶ᠋ᠠᠨ ᠬᠠᠷᠢᠭᠤᠯᠵᠤ
ᠲᠠᠪᠠ ᠪᠠᠷ ᠢ᠋ᠶ᠋ᠠᠨ ᠠᠮᠢᠳᠤᠷᠠᠵᠤ ᠶᠠᠪᠤᠬᠤ
ᠲᠠᠪᠢᠯᠠᠩ ᠵᠠᠶᠠᠭᠠᠨ ᠳ᠋ᠤ᠌ ᠪᠠᠨ ᠢᠲᠡᠭᠡᠭᠰᠡᠨ ᠥᠪᠡᠷ ᠢ᠋ ᠪᠡᠨ
ᠲᠣᠮᠣᠭᠤᠲᠤ ᠶ᠋ᠢᠨ ᠲᠣᠭᠣᠰᠣ ᠰᠢᠷᠣᠢ ᠳ᠋ᠤ᠌ ᠳᠠᠷᠤᠭᠳᠠᠨ
ᠲᠣᠣᠷ ᠲᠠᠢ ᠬᠠᠰᠢᠶᠠᠨ ᠤ᠋ ᠪᠤᠯᠤᠩ ᠳ᠋ᠤ᠌ ᠬᠣᠷᠢᠭᠳᠠᠭᠠᠳ
ᠲᠣᠭ᠎ᠠ ᠲᠠᠢ ᠨᠠᠰᠤ ᠪᠠᠨ ᠡᠯᠡᠭᠡᠬᠦ ᠶᠦᠮ ᠠ᠋ ᠭᠡᠵᠦ
ᠲᠣᠭᠠᠴᠠᠭᠠᠯᠠ ᠪᠣᠳᠣᠵᠤ ᠶᠠᠪᠤᠭᠰᠠᠨ ᠦᠶ᠎ᠡ ᠪᠣᠢ᠃
ᠤᠯᠤᠰ ᠠᠮᠢᠲᠠᠨ ᠪᠥᠭᠡᠮ ᠢ᠋ᠶ᠋ᠡᠷ ᠢ᠋ᠶ᠋ᠡᠨ
ᠤᠯᠠᠭᠠᠨᠪᠠᠭᠠᠲᠤᠷ ᠢ᠋ ᠵᠣᠷᠢᠬᠤ ᠪᠣᠯᠤᠯ᠎ᠠ᠃
ᠠᠯᠤᠰ ᠢᠷᠡᠭᠡᠳᠦᠢ ᠶ᠋ᠢᠨ ᠢ᠋ᠶ᠋ᠡᠨ ᠲᠥᠯᠥᠭᠡ
ᠠᠬᠤᠢ ᠠᠮᠢᠳᠤᠷᠠᠯ ᠢ᠋ᠶ᠋ᠠᠨ ᠳᠡᠭᠡᠭᠰᠢᠯᠡᠭᠦᠯᠬᠦ
ᠬᠣᠢᠴᠢ ᠶ᠋ᠢᠨ ᠢ᠋ᠶ᠋ᠡᠨ ᠰᠠᠢᠨ ᠰᠠᠢᠬᠠᠨ ᠳ᠋ᠤ᠌ ᠢᠳᠡᠭᠡᠨ
ᠬᠣᠲᠠ ᠭᠠᠵᠠᠷ ᠤᠷᠤᠭᠤ ᠨᠡᠭᠦᠳᠡᠯᠯᠡᠬᠦ ᠪᠣᠯᠤᠯ᠎ᠠ᠃
ᠶᠡᠬᠡ ᠨᠡᠭᠦᠳᠡᠯ ᠦ᠋ᠨ ᠳᠠᠪᠠᠯᠭᠠᠨ
ᠡᠵᠡᠨ ᠬᠥᠮᠦᠰ ᠢ᠋ ᠨᠢ ᠮᠠᠨᠢ ᠴᠤ᠌ ᠲᠣᠭᠣᠷᠢᠭᠰᠠᠨ ᠦᠭᠡᠢ᠃
ᠬᠣᠨᠢ ᠮᠠᠯ ᠢ᠋ᠶ᠋ᠠᠨ ᠬᠤᠳᠠᠯᠳᠤᠭᠠᠳ
ᠬᠣᠢᠯᠣᠭ ᠨᠠᠮ᠎ᠠ ᠪᠠᠨ ᠳᠠᠭᠠᠭᠤᠯᠤᠭᠠᠳ
ᠬᠣᠯᠠ ᠶ᠋ᠢᠨ ᠬᠣᠯᠠ ᠶ᠋ᠢ ᠵᠣᠷᠢᠯ᠎ᠠ ᠃
ᠬᠣᠲᠠ ᠬᠡᠮᠡᠭᠴᠢ ᠭᠠᠵᠠᠷ ᠢᠷᠡᠯ᠎ᠡ ᠃
ᠤᠯᠤᠰ ᠤ᠋ᠨ ᠨᠡᠢᠰᠯᠡᠯ ᠤᠯᠠᠭᠠᠨᠪᠠᠭᠠᠲᠤᠷ ᠬᠣᠲᠠ ᠭᠡᠳᠡᠭ ᠴᠢᠨᠢ
ᠤᠭ ᠨᠢ ᠪᠣᠯ ᠲᠣᠮᠣ ᠭᠠᠵᠠᠷ ᠶᠤᠮ ᠠ᠋ ᠃
ᠤᠴᠢᠷ ᠢ᠋ ᠨᠢ ᠣᠯᠵᠤ ᠠᠮᠢᠳᠤᠷᠠᠬᠤ ᠳ᠋ᠤ᠌ ᠬᠠᠷᠢᠨ
ᠤᠬᠠᠭᠠᠨ ᠪᠣᠳᠣᠯ ᠬᠦᠷᠬᠦ ᠦᠭᠡᠢ ᠨᠢ ᠪᠣᠯᠤᠯᠲᠠᠢ
ᠤᠲᠤᠭ᠎ᠠ ᠤᠨᠢᠶᠠᠷ ᠢ᠋ᠶ᠋ᠠᠷ ᠨᠢ ᠠᠮᠢᠰᠬᠤᠯᠯᠠᠬᠤ ᠳ᠋ᠤ᠌
ᠠᠭᠤᠰᠬᠢ ᠴᠡᠭᠡᠵᠢ ᠮᠢᠨᠢ ᠴᠦ᠍ ᠳᠠᠪᠴᠢᠳᠠᠬᠤ ᠨᠢ ᠪᠣᠯᠤᠯᠲᠠᠢ ᠃
ᠨᠡᠢᠰᠯᠡᠯ ᠦ᠋ᠨ ᠨᠢᠭᠡᠨ ᠵᠠᠬ᠎ᠠ ᠳ᠋ᠤ᠌ ᠲᠡᠭᠦᠷᠭᠡ ᠶ᠋ᠢ
ᠨᠡᠢᠯᠡᠭᠦᠯᠦᠨ ᠪᠠᠷᠢᠭᠰᠠᠨ ᠣᠯᠠᠨ ᠬᠠᠰᠢᠶᠠᠨ ᠤ᠋ ᠮᠤᠬᠤᠷ ᠲᠤ᠌
ᠵᠠᠮ ᠮᠠᠭᠤᠲᠠᠢ ᠠᠢᠯ ᠤ᠋ᠨ ᠬᠠᠶᠠᠭᠠᠨ ᠳ᠋ᠤ᠌
ᠵᠠᠢ ᠭᠠᠷᠭᠠᠵᠤ ᠡᠵᠡᠳ ᠮᠠᠨᠢ ᠭᠡᠷ ᠢ᠋ᠶ᠋ᠡᠨ ᠪᠠᠷᠢᠯ᠎ᠠ ᠃
ᠬᠡᠦᠬᠡᠳ ᠪᠠᠭᠠᠴᠤᠳ ᠢ᠋ ᠠᠶᠤᠯᠭᠠᠴᠢᠬᠠᠨᠠ
ᠬᠥᠮᠦᠨ ᠠᠮᠢᠲᠠᠨ ᠢ᠋ ᠤᠷᠠᠴᠢᠬᠠᠨᠠ ᠭᠡᠳ
ᠣᠴᠢᠭᠰᠠᠨ ᠡᠳᠦᠷ ᠡᠴᠡ ᠪᠡᠨ ᠡᠬᠢᠯᠡᠭᠡᠳ
ᠣᠭᠣᠰᠣᠷ ᠭᠢᠨᠵᠢᠨ ᠳ᠋ᠦ᠍ ᠬᠦᠯᠢᠭᠳᠡᠪᠡ ᠪᠢ ᠴᠢᠨᠢ ᠃
ᠭᠡᠮ ᠬᠢᠭᠰᠡᠨ ᠠᠮᠢᠲᠠᠨ ᠰᠢᠭ᠋
ᠭᠢᠨᠵᠢᠨ ᠳ᠋ᠦ᠍ ᠳᠥᠩᠭᠡᠯᠡᠭᠦᠯᠵᠦ ᠬᠡᠪᠲᠡᠭᠡᠳ
ᠬᠣᠨᠢ ᠬᠠᠷᠢᠭᠤᠯᠳᠠᠭ ᠬᠣᠲᠠᠴᠢ ᠨᠣᠬᠠᠢ ᠪᠢ ᠴᠢᠨᠢ
ᠬᠣᠲᠠ ᠶ᠋ᠢᠨ ᠬᠠᠰᠢᠶᠠᠨ ᠤ᠋ ᠰᠠᠬᠢᠭᠤᠯ ᠪᠣᠯᠴᠢᠬᠠᠪᠠ ᠃
ᠬᠣᠶᠠᠷᠬᠠᠨ ᠠᠯᠬᠤᠮ ᠤ᠋ᠨ ᠵᠠᠢ ᠳ᠋ᠤ᠌
ᠬᠣᠯᠬᠢᠬᠤ ᠠ᠋ᠴᠠ ᠥᠭᠡᠷ᠎ᠡ ᠠᠵᠢᠯ ᠦᠭᠡᠢ
ᠬᠢᠬᠦ ᠶᠠᠭᠤᠮ᠎ᠠ ᠦᠭᠡᠢ ᠭᠡᠶᠦᠷᠡᠵᠦ ᠬᠡᠪᠲᠡᠭᠰᠡᠭᠡᠷ
ᠬᠡᠢ ᠬᠠᠭᠤᠴᠢ ᠳ᠋ᠤ᠌ ᠪᠠᠷᠢᠭᠳᠠᠵᠤ ᠡᠬᠢᠯᠡᠪᠡ ᠃
ᠰᠤᠷᠤᠭᠰᠠᠨ ᠭᠠᠭᠴᠠ ᠡᠷᠳᠡᠮ ᠮᠠᠨᠢ ᠬᠠᠷᠢᠨ
ᠰᠤᠨᠵᠤ ᠬᠡᠪᠲᠡᠬᠦ ᠯᠡ ᠪᠣᠯᠵᠠᠢ ᠳᠠ ᠃
ᠬᠤᠯᠠᠭᠠᠢᠴᠢ ᠵᠡᠯᠡᠭᠡᠴᠢ ᠢᠷᠡᠪᠡᠯ
ᠬᠤᠴᠠᠬᠤ ᠠ᠋ᠴᠠ ᠥᠭᠡᠷ᠎ᠡ ᠴᠢᠳᠠᠪᠤᠷᠢ ᠦᠭᠡᠢ ᠃
ᠶᠠᠮᠪᠠᠷᠠᠴᠢᠬᠠᠭᠰᠠᠨ ᠴᠤ᠌ ᠶᠤᠮ ᠰᠢᠭ᠋᠂
ᠶᠠᠳᠠᠷᠠᠴᠢᠬᠠᠭᠰᠠᠨ ᠶᠤᠮ ᠶᠤᠮ ᠰᠢᠭ᠋
ᠶᠠᠩᠵᠤ ᠶ᠋ᠢᠨ ᠠᠮᠢᠲᠠᠨ ᠪᠣᠯᠵᠤ ᠬᠤᠪᠢᠷᠠᠪᠠ ᠃
ᠲᠠᠯ᠎ᠠ ᠰᠠᠢᠬᠠᠨ ᠨᠤᠲᠤᠭ ᠢ᠋ᠶ᠋ᠠᠨ ᠰᠠᠨᠠᠨ ᠂
ᠲᠠᠪᠤᠨ ᠬᠣᠰᠢᠭᠤ ᠮᠠᠯ ᠢ᠋ᠶ᠋ᠠᠨ ᠦᠭᠡᠢᠯᠡᠨ ᠂
ᠪᠣᠰᠤᠨ ᠰᠠᠭᠤᠨ ᠤᠢᠳᠬᠠᠷᠯᠠᠨ ᠂
ᠪᠣᠷᠪᠢ ᠪᠠᠨ ᠲᠡᠨᠢᠢᠯᠭᠡᠬᠦ ᠬᠦᠰᠡᠯ ᠳ᠋ᠦ᠍ ᠪᠡᠨ ᠠᠪᠲᠠᠨ
ᠪᠣᠣᠬᠠᠢ ᠴᠢᠨᠣ᠎ᠠ ᠶ᠋ᠢ ᠴᠦ᠍ ᠦᠭᠡᠢᠯᠡᠬᠦ ᠶᠦᠮ ᠭᠡᠵᠦ
ᠪᠣᠳᠣᠵᠤ ᠦᠵᠡᠭᠰᠡᠨ ᠦᠭᠡᠢ ᠶᠠᠪᠤᠯ᠎ᠠ ᠃
ᠤᠨᠲᠠᠬᠤ ᠪᠣᠯᠭᠠᠨ ᠳ᠋ᠤ᠌ ᠪᠠᠨ ᠤᠨᠠᠭᠠᠨ ᠨᠤᠲᠤᠭ ᠂
ᠠᠭᠤᠯᠠ ᠤᠰᠤ ᠂ ᠬᠣᠲᠠ ᠠᠢᠯ ᠂
ᠬᠣᠨᠢ ᠬᠤᠷᠠᠭ᠎ᠠ ᠪᠠᠨ ᠵᠡᠭᠦᠳᠦᠯᠡᠨ᠎ᠡ ᠃
ᠰᠡᠷᠢᠬᠦ ᠲᠣᠭᠠᠯᠠᠩ ᠳ᠋ᠤ᠌ ᠪᠠᠨ ᠬᠠᠷᠢᠨ
ᠰᠡᠳᠬᠢᠯ ᠰᠠᠨᠠᠭ᠎ᠠ ᠪᠠᠷ ᠤᠨᠠᠨ᠎ᠠ ᠃
ᠡᠢᠨ ᠬᠦ᠌ ᠡᠳᠦᠷ ᠬᠣᠨᠣᠭ ᠢ᠋ ᠥᠩᠭᠡᠷᠡᠭᠡᠭᠰᠡᠭᠡᠷ
ᠶᠡᠬᠡ ᠬᠣᠲᠠ ᠶ᠋ᠢᠨ ᠠᠮᠢᠳᠤᠷᠠᠯ ᠳ᠋ᠤ᠌ ᠠᠭᠤᠰᠤᠯ᠎ᠠ᠃ ᠴᠢ ᠮᠢᠨᠢ
ᠢᠳᠡᠷ ᠴᠠᠬᠢᠷᠠᠭ ᠪᠡᠶ᠎ᠡ ᠮᠢᠨᠢ ᠬᠠᠷᠢᠨ
ᠢᠲᠡᠭᠡᠬᠦ ᠦᠭᠡᠢ ᠰᠤᠯᠪᠠᠭᠠᠷ ᠨᠢᠭᠡᠨ ᠪᠣᠯᠴᠢᠬᠠᠯ᠎ᠠ ᠃
ᠬᠠᠷᠢᠨ ᠨᠢᠭᠡ ᠡᠳᠦᠷ ᠡᠵᠡᠨ ᠮᠠᠨᠢ ᠦᠷᠦ ᠡᠪᠡᠳᠦᠭᠡᠳ
ᠬᠠᠰᠢᠶᠠᠨ ᠠ᠋ᠴᠠ ᠭᠠᠷᠬᠤ ᠴᠢᠯᠥᠭᠡ ᠣᠯᠭᠣᠪᠠ ᠃
ᠪᠠᠶᠠᠷᠯᠠᠵᠤ ᠬᠥᠭᠡᠷᠦᠭᠰᠡᠨ ᠳ᠋ᠦ᠍ ᠪᠡᠨ ᠪᠣᠯᠤᠭᠠᠳ ᠪᠢ ᠴᠢᠨᠢ
ᠪᠠᠬᠠᠨ ᠳᠠᠪᠬᠢᠵᠤ ᠶᠠᠪᠤᠭᠠᠳ
ᠪᠤᠴᠠᠭᠠᠳ ᠭᠡᠷ ᠲᠦ᠍ ᠪᠡᠨ ᠬᠠᠷᠢᠬᠤ ᠭᠡᠲᠡᠯ᠎ᠡ
ᠪᠤᠳᠤᠯᠢᠵᠤ ᠰᠠᠮᠠᠭᠤᠷᠠᠭᠠᠳ ᠲᠥᠭᠡᠷᠢᠴᠢᠬᠡᠪᠡ ᠃
ᠵᠠᠪᠰᠠᠷ ᠦᠭᠡᠢ ᠬᠥᠯᠬᠢᠬᠦ ᠮᠠᠰᠢᠨ ᠲᠡᠷᠭᠡ ᠨᠦ᠍ᠭᠦᠳ
ᠵᠠᠢ ᠦᠭᠡᠢ ᠰᠢᠬᠠᠯᠳᠤᠭᠰᠠᠨ ᠪᠠᠷᠢᠯᠭ᠎ᠠ ᠳᠤᠮᠳᠠ
ᠵᠦᠭ ᠢ᠋ᠶ᠋ᠡᠨ ᠠᠯᠳᠠᠵᠤ ᠲᠣᠯᠣᠭᠠᠢ ᠡᠷᠭᠢᠭᠡᠳ
ᠵᠣᠯᠪᠢᠩ ᠰᠢᠭ᠋ ᠬᠡᠳᠦᠨ ᠬᠣᠨᠣᠭ ᠲᠡᠨᠦᠯᠡ ᠃
ᠵᠣᠯᠪᠢᠩ ᠨᠣᠬᠠᠢ ᠪᠠᠢᠬᠤ ᠶ᠋ᠢᠨ
ᠵᠣᠪᠠᠯᠠᠩ ᠢ᠋ ᠬᠠᠷᠢᠨ ᠨᠢᠭᠡ ᠠᠮᠰᠠᠵᠤ ᠦᠵᠡᠯ᠎ᠡ ᠲᠠ ᠃
ᠵᠣᠯ ᠵᠠᠶᠠᠭᠠᠨ ᠳ᠋ᠤ᠌ ᠪᠠᠨ ᠭᠣᠮᠣᠳᠠᠭᠠᠳ
ᠵᠣᠯ ᠲᠠᠢ ᠯᠠ ᠦᠬᠦᠬᠦ ᠰᠢᠬᠠᠯ᠎ᠠ ᠃
ᠣᠷᠣᠨ ᠰᠠᠭᠤᠴᠠ ᠶ᠋ᠢᠨ ᠬᠣᠷᠢᠶᠠᠯᠠᠯ ᠳᠤᠮᠳᠠᠭᠤᠷ
ᠣᠷᠣᠵᠤ ᠨᠢᠭᠡ ᠲᠣᠭᠣᠷᠢᠵᠤ ᠨᠢᠭᠡ ᠶᠠᠪᠤᠵᠤ ᠪᠠᠢᠲᠠᠯ᠎ᠠ
ᠣᠭᠲᠣ ᠬᠠᠷᠠᠭ᠎ᠠ ᠦᠭᠡᠢ ᠬᠠᠴᠢᠨ ᠵᠢᠰᠦᠮ ᠦ᠋ᠨ ᠨᠣᠬᠠᠳ
ᠣᠢᠷᠠᠲᠤᠵᠤ ᠨᠠᠮ᠎ᠠ ᠶ᠋ᠢ ᠪᠦᠰᠡᠯᠡᠪᠡ ᠃
ᠰᠡᠭᠦᠯ ᠠᠭᠰᠠᠨ ᠳᠠᠭᠠᠷᠢᠯ᠎ᠠ ᠃
ᠰᠦᠷᠳᠡᠵᠦ ᠪᠢ ᠵᠢᠭᠤᠲᠠᠭᠰᠠᠨ ᠦᠭᠡᠢ ᠃
ᠪᠣᠣᠬᠠᠢ ᠴᠢᠨᠣ᠎ᠠ ᠲᠠᠢ ᠲᠡᠮᠡᠴᠡᠵᠦ ᠶᠠᠪᠤᠭᠰᠠᠨ ᠲᠤᠷᠰᠢᠯᠭ᠎ᠠ ᠪᠠᠷ ᠢ᠋ᠶ᠋ᠠᠨ
ᠪᠣᠭᠣᠷᠯᠠᠭᠰᠠᠨ ᠨᠣᠬᠠᠳ ᠲᠠᠢ ᠦᠵᠡᠯᠴᠡᠵᠦ ᠳᠡᠢᠯᠦᠯ᠎ᠡ ᠲᠠ᠃
ᠥᠪᠡᠷ ᠦ᠋ᠨ ᠢ᠋ᠶ᠋ᠡᠨ ᠨᠤᠲᠤᠭ ᠲᠤ᠌ ᠪᠠᠢᠭ᠎ᠠ ᠰᠠᠨ ᠪᠣᠯ
ᠥᠯᠥᠰᠬᠦ ᠶ᠋ᠢᠨ ᠵᠣᠪᠠᠯᠠᠩ ᠢ᠋ ᠦᠵᠡᠨ᠎ᠡ ᠭᠡᠵᠦ ᠦᠭᠡᠢ ᠰᠠᠨ ᠃
ᠳᠠᠩᠴᠤ ᠬᠥᠮᠦᠨ ᠣ ᠨᠤᠲᠤᠭ ᠲᠤ᠌ ᠪᠠᠢᠭ᠎ᠠ ᠪᠣᠯᠬᠣᠷ
ᠳᠠᠭᠠᠭᠠᠮᠠᠢ ᠶᠡᠬᠡ ᠥᠯᠥᠰᠴᠦ ᠶᠠᠳᠠᠷᠠᠯ᠎ᠠ ᠃
ᠬᠣᠭᠣᠯᠠ ᠬᠠᠢᠨ ᠭᠦᠶᠦᠵᠦ ᠶᠠᠪᠤᠭᠰᠠᠭᠠᠷ
ᠬᠣᠭ ᠤ᠋ᠨ ᠰᠠᠪᠠ ᠶ᠋ᠢᠨ ᠣᠢᠷ᠎ᠠ ᠢᠷᠡᠯ᠎ᠡ ᠃
ᠭᠡᠨᠡᠳᠲᠡ ᠲᠡᠭᠡᠲᠡᠯ᠎ᠡ ᠫᠤᠤ ᠳᠤᠤᠭᠠᠷᠴᠤ
ᠭᠡᠮ ᠦᠭᠡᠢ ᠨᠢᠭᠡ ᠨᠣᠬᠠᠢ ᠳᠡᠷᠡᠢᠬᠦ ᠬᠠᠷᠠᠭᠳᠠᠯ᠎ᠠ ᠃
ᠶᠡᠬᠡ ᠬᠣᠯᠠ ᠶ᠋ᠢᠨ ᠡᠨᠡ ᠡᠷᠬᠢᠮᠰᠦᠭ ᠬᠥᠮᠦᠰ ᠴᠢᠨᠢ
ᠡᠵᠡᠨ ᠦᠭᠡᠢ ᠶᠠᠪᠤᠭ᠎ᠠ ᠨᠣᠬᠠᠢ ᠶ᠋ᠢ ᠦᠵᠡᠬᠦ ᠦᠭᠡᠢ ᠶᠦᠮ ᠭᠡᠵᠦ
ᠡᠪ ᠵᠦᠢ ᠶ᠋ᠢ ᠨᠢ ᠲᠠᠭᠠᠷᠠᠭᠤᠯᠵᠤ ᠪᠠᠢᠭᠠᠳ
ᠡᠳ᠋ ᠪᠡᠯᠡ ᠬᠢᠳᠡᠭ ᠪᠣᠯᠤᠯᠲᠠᠢ ᠶᠤᠮ ᠪᠠᠢᠨ᠎ᠠ ᠃
ᠦᠳᠲᠡᠷ ᠲᠦᠷᠭᠡᠨ ᠵᠠᠢᠯᠠᠬᠤ ᠦᠭᠡᠢ ᠪᠣᠯ
ᠦᠬᠦᠵᠦ ᠴᠦ᠍ ᠮᠡᠳᠡᠬᠦ ᠨᠢ ᠠ᠋! ᠭᠡᠳ
ᠬᠠᠨᠳᠤᠭᠰᠠᠨ ᠵᠦᠭ ᠤᠷᠤᠭᠤ ᠪᠠᠨ ᠳᠠᠪᠬᠢᠵᠤ ᠶᠠᠪᠤᠲᠠᠯ᠎ᠠ
ᠬᠠᠴᠢᠨ ᠲᠠᠨᠢᠯ ᠦᠨᠦᠷ ᠬᠠᠩ ᠬᠢᠯ᠎ᠡ ᠃
ᠬᠣᠲᠠ ᠶ᠋ᠢᠨ ᠵᠠᠬ᠎ᠠ ᠳ᠋ᠤ᠌ ᠪᠡᠯᠴᠢᠵᠦ ᠶᠠᠪᠤᠭ᠎ᠠ
ᠬᠣᠨᠢ ᠢᠮᠠᠭ᠎ᠠ ᠬᠠᠷᠠᠭᠳᠠᠬᠤ ᠨᠢ ᠲᠡᠷᠡ ᠃
ᠬᠠᠨᠢ ᠢᠵᠢᠯᠢ ᠪᠡᠨ ᠣᠯᠤᠭᠰᠠᠨ ᠶᠤᠮ ᠰᠢᠭ᠋
ᠬᠠᠴᠢᠨ ᠶᠡᠬᠡ ᠪᠠᠶᠠᠷᠯᠠᠭᠠᠳ ᠳᠥᠭᠥᠲᠡᠯᠡ
ᠬᠦᠢ! ᠬᠠᠢ! ᠵᠣᠯᠪᠢᠩ ᠨᠣᠬᠠᠢ ᠢᠷᠡᠯ᠎ᠡ ᠃
ᠬᠠᠭᠤ ᠲᠠᠲᠠᠴᠢᠬᠠᠨᠠ ᠰᠢᠦ ᠂ ᠨᠠᠭᠠᠳᠤᠬᠢ ᠴᠢᠨᠢ
ᠬᠣᠨᠢ ᠢᠮᠠᠭ᠎ᠠ ᠶ᠋ᠢ ᠮᠢᠨᠢ ᠭᠡᠵᠦ ᠬᠥᠮᠦᠰ ᠬᠠᠰᠬᠢᠷᠤᠯᠳᠤᠯ᠎ᠠ ᠃
ᠡᠨᠳᠡ ᠲᠡᠨᠳᠡ ᠡᠴᠡ ᠴᠢᠯᠠᠭᠤ ᠨᠡᠭᠦᠯᠭᠡᠯᠡ ᠃
ᠬᠣᠨᠢ ᠮᠠᠯ ᠤ᠋ᠨ ᠠᠪᠤᠷᠠᠨ ᠬᠠᠮᠠᠭᠠᠯᠠᠭᠴᠢ
ᠬᠣᠲᠠᠴᠢ ᠨᠣᠬᠠᠢ ᠪᠠᠢᠭᠰᠠᠨ ᠢ᠋ᠶ᠋ᠠᠨ ᠳᠤᠷᠠᠰᠤᠨ
ᠬᠣᠭᠣᠯᠠᠢ ᠮᠢᠨᠢ ᠵᠠᠩᠭᠢᠷᠠᠭᠠᠳ ᠢᠷᠡᠯ᠎ᠡ ᠃
ᠬᠣᠷᠭᠣᠳᠠᠨ ᠬᠣᠷᠭᠣᠳᠠᠭᠰᠠᠭᠠᠷ ᠬᠣᠯᠠᠳᠠᠯ᠎ᠠ ᠃
ᠳᠠᠬᠢᠭᠠᠳ ᠯᠠ ᠴᠠᠭᠠᠱᠢ ᠪᠠᠨ ᠳᠡᠮᠡᠢ ᠳᠠᠪᠬᠢᠵᠤ ᠶᠠᠪᠤᠭᠠᠳ ᠭᠠᠷᠲᠠᠯ᠎ᠠ
ᠬᠥᠭᠡᠷᠦᠬᠦᠢ ᠡᠵᠡᠨ ᠮᠢᠨᠢ ᠠᠯᠬᠤᠵᠤ ᠶᠠᠪᠤᠯ᠎ᠠ ᠃
ᠬᠥᠯ ᠦ᠋ᠨ ᠬᠤᠷᠳᠤ ᠪᠠᠷ ᠬᠠᠷᠠᠢᠵᠤ ᠬᠦᠷᠦᠯ᠎ᠡ ᠃
ᠥᠪᠡᠷ ᠦ᠋ᠨ ᠡᠵᠡᠨ ᠭᠡᠳᠡᠭ ᠶᠠᠭᠤᠲᠠᠢ ᠰᠠᠢᠬᠠᠨ
ᠥᠭᠭᠢᠶᠡᠮᠦᠷ ᠬᠠᠢᠷ᠎ᠠ ᠨᠢ ᠶᠠᠮᠠᠷ ᠠᠭᠤᠤ ᠪᠣᠢ ᠃
ᠬᠡᠷᠪᠡ ᠪᠢ ᠶᠠᠷᠢᠵᠤ ᠴᠢᠳᠠᠳᠠᠭ ᠰᠠᠨ ᠪᠣᠯ
ᠬᠡᠷᠬᠢᠨ ᠲᠠᠯᠠᠷᠬᠠᠭᠰᠠᠨ ᠢ᠋ᠶ᠋ᠠᠨ ᠬᠡᠯᠡᠬᠦ ᠪᠠᠢᠯ᠎ᠠ ᠃
ᠲᠥᠷᠥᠭᠰᠡᠨ ᠨᠤᠲᠤᠭ ᠲᠤ᠌ ᠪᠠᠨ ᠪᠤᠴᠠᠵᠤ ᠣᠴᠢᠬᠤ ᠶ᠋ᠢ
ᠲᠦᠮᠡᠨᠲᠡ ᠮᠥᠷᠭᠥᠵᠦ ᠭᠤᠶᠤᠬᠤ ᠪᠠᠢᠯ᠎ᠠ ᠃
ᠬᠥᠮᠦᠰ ᠲᠠ ᠨᠠᠷ ᠲᠤ᠌ ᠪᠢᠳᠡ ᠴᠢᠨᠢ ᠪᠠᠶᠠᠷᠯᠠᠵᠤ ᠶᠠᠪᠤᠳᠠᠭ ᠶᠤᠮ ᠠ᠋!
ᠪᠠᠶᠠᠷᠯᠠᠵᠤ ᠶᠠᠪᠤᠳᠠᠭ ᠶᠤᠮ ᠠ᠋!
ᠬᠥᠮᠦᠨ ᠢ᠋ ᠲᠤᠰᠠᠯᠠᠬᠤ ᠪᠣᠯᠤᠭᠰᠠᠨ ᠳ᠋ᠤ᠌ ᠪᠠᠨ
ᠪᠠᠬᠠᠷᠬᠠᠵᠤ ᠶᠠᠪᠤᠳᠠᠭ ᠶᠤᠮ ᠠ᠋! ᠥᠪᠡᠷᠰᠡᠳ ᠢ᠋ᠶ᠋ᠡᠷ ᠢ᠋ᠶ᠋ᠡᠨ
ᠬᠣᠯᠠ ᠶ᠋ᠢᠨ ᠬᠣᠯᠠ ᠬᠣᠲᠠ ᠭᠠᠵᠠᠷ ᠨᠡᠭᠦᠬᠦ ᠳ᠋ᠦ᠍ ᠪᠡᠨ
ᠬᠣᠭᠣᠰᠣᠨ ᠪᠠᠭᠤᠷᠢᠨ ᠳᠡᠭᠡᠷ᠎ᠡ ᠪᠡᠨ ᠣᠷᠬᠢᠵᠤ ᠶᠠᠪᠤᠭ᠎ᠠ ᠦᠭᠡᠢ
ᠬᠣᠲᠠᠴᠢ ᠨᠣᠬᠠᠢ ᠪᠣᠯᠭᠠᠬᠤ ᠬᠣᠪᠣᠷᠬᠠᠨ ᠵᠠᠶᠠᠭ᠎ᠠ ᠶ᠋ᠢ ᠬᠠᠢᠷᠠᠯᠠᠭᠰᠠᠨ
ᠡᠵᠡᠨ ᠬᠥᠮᠦᠨ ᠦ᠌ ᠪᠡᠨ ᠡᠭᠡᠨᠡᠭᠰᠢᠬᠦᠢ ᠠᠴᠢ ᠶ᠋ᠢ
ᠡᠨᠡ ᠶᠠᠪᠤᠭ᠎ᠠ ᠨᠠᠰᠤᠨ ᠳ᠋ᠤ᠌ ᠪᠠᠨ ᠬᠠᠷᠢᠭᠤᠯᠠᠨ᠎ᠠ ᠭᠡᠵᠦ ᠪᠣᠳᠣᠳᠠᠭ ᠃
ᠬᠣᠢᠲᠤ ᠨᠠᠰᠤ ᠭᠡᠵᠦ ᠬᠠᠷᠢᠨ ᠦᠨᠡᠬᠡᠷ ᠪᠠᠢᠳᠠᠭ ᠶᠤᠮ ᠪᠣᠯ
ᠬᠣᠲᠠ ᠶ᠋ᠢᠨ ᠨᠣᠬᠠᠢ ᠯᠠ ᠪᠣᠯᠵᠤ ᠲᠥᠷᠥᠬᠦ ᠦᠭᠡᠢ ᠶᠦᠮ ᠰᠠᠨ ᠲᠠ!
※ᠵᠣᠬᠢᠶᠠᠯᠴᠢ᠄ ᠴ· ᠨᠠᠷᠠᠨᠴᠡᠴᠡᠭ
ᠨᠠᠢᠷᠠᠭᠤᠯᠤᠭᠴᠢ᠄ ᠭ· ᠮᠥᠩᠬᠡᠲᠦ
ᠵᠢᠷᠤᠭᠯᠠᠴᠢ᠄ ᠪ· ᠪᠠᠲᠤᠴᠢᠯᠠᠭᠤᠨ
ᠬᠥᠳᠡᠯᠭᠡᠭᠡᠨ ᠣ ᠵᠢᠷᠤᠭᠠᠴᠢ᠄ ᠭ· ᠮᠥᠩᠬᠡᠪᠠᠲᠤ᠂ ᠮ· ᠤᠤᠭᠠᠨᠪᠠᠶᠠᠷ
ᠡᠪᠯᠡᠭᠦᠯᠦᠭᠴᠢ᠄ ᠳ· ᠭᠠᠩᠪᠠᠭᠠᠲᠤᠷ᠂
ᠳᠠᠭᠤᠤ ᠣᠷᠣᠭᠤᠯᠤᠭᠰᠠᠨ ᠵᠥᠴᠥᠭᠡᠭᠴᠢᠳ᠄ ᠭ· ᠷᠠᠪᠳᠠᠨ᠂ ᠱ· ᠪᠠᠲᠤᠪᠤᠯᠤᠳ
ᠫᠷᠦᠳ᠋ᠶᠣᠰᠸᠷ᠄ ᠭ· ᠮᠥᠩᠬᠡᠪᠠᠲᠤ
ᠮᠣᠩᠭᠣᠯ ᠦᠰᠦᠭ ᠬᠠᠳᠠᠭᠴᠢ ᠄ ᠵᠡᠷᠮᠦᠳ ᠸ· ᠥᠯᠵᠡᠢ
ᠬᠢᠨᠠᠭᠴᠢ᠄ ᠮᠥᠴᠢᠷ
