ᠴᠠᠳᠳᠠᠭ ᠦᠭᠡᠢ ᠮᠠᠷᠱᠠᠯЦаддаггүй маршал ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠳᠳᠠᠭ ᠦᠭᠡᠢ ᠮᠠᠷᠱᠠᠯЦаддаггүй маршал

ᠴᠠᠳᠳᠠᠭ ᠦᠭᠡᠢ ᠮᠠᠷᠱᠠᠯЦаддаггүй маршал

2024-10-26

1030

ᠴᠠᠳᠳᠠᠭ ᠦᠭᠡᠢ ᠮᠠᠷᠱᠠᠯ

    1963 ᠣᠨ ᠳ᠋ᠤ᠌ ᠷᠢᠨᠴᠢᠨ ᠡᠷᠳᠡᠮᠲᠡᠨ ᠳᠣᠷᠣᠨᠠᠲᠤ ᠠᠢᠮᠠᠭ ᠲᠤ ᠣᠴᠢᠵᠠᠢ᠃ ᠠᠢᠮᠠᠭ ᠤ᠋ᠨ ᠨᠠᠮ ᠤ᠋ᠨ ᠬᠣᠷᠢᠶᠠᠨ ᠤ᠋ ᠨᠢᠭᠡᠳᠦᠭᠡᠷ ᠨᠠᠷᠢᠨ ᠪᠢᠴᠢᠭ ᠦ᠋ᠨ ᠳᠠᠷᠤᠭ᠎ᠠ ᠴᠡᠳᠡᠨᠰᠠᠮᠪᠠ ᠠᠢᠮᠠᠭ ᠣᠷᠣᠨ ᠢ᠋ᠶ᠋ᠠᠨ ᠲᠠᠨᠢᠯᠴᠠᠭᠤᠯᠤᠨ ᠶᠡᠬᠡ ᠡᠷᠳᠡᠮᠲᠡᠨ ᠳ᠋ᠦ᠍ ᠪᠠᠷ᠎ᠠ ᠪᠣᠯᠵᠠᠢ᠃
    ᠠᠢᠮᠠᠭ ᠤ᠋ᠨ ᠨᠠᠮ ᠤ᠋ᠨ ᠬᠣᠷᠢᠶ᠎ᠠ᠂ ᠵᠠᠬᠢᠷᠭᠠᠨ ᠤ᠋ ᠰᠢᠨᠡᠬᠡᠨ ᠪᠠᠢᠰᠢᠩ ᠤ᠋ᠨ ᠡᠭᠦᠳᠡᠨ ᠳ᠋ᠦ᠍ ᠴᠣᠢᠪᠠᠯᠰᠠᠩ ᠤ᠋ᠨ ᠬᠥᠰᠢᠶ᠎ᠡ ᠪᠠᠢᠨ᠎ᠠ ᠭᠡᠨ᠎ᠡ᠃
ᠲᠠᠯ᠎ᠠ ᠬᠡᠭᠡᠷ᠎ᠡ ᠶ᠋ᠢᠨ ᠡᠯᠡᠰᠦᠨ ᠰᠢᠭᠤᠷᠭᠠᠨ ᠳ᠋ᠤ᠌ ᠣᠷᠢᠶᠠᠯᠭᠠᠭᠠᠳ ᠡᠯᠡᠭᠳᠡᠭᠰᠡᠭᠡᠷ ᠮᠠᠷᠱᠠᠯ ᠤ᠋ᠨ ᠬᠥᠰᠢᠭᠡ᠂ ᠫᠠᠢ ᠫᠤᠤᠳᠠᠯᠭ᠎ᠠ ᠶ᠋ᠢᠨ ᠪᠠᠩᠵᠠ ᠰᠢᠭ᠋ ᠪᠣᠯᠤᠭᠰᠠᠨ ᠢ᠋ ᠷᠢᠨᠴᠢᠨ ᠭᠤᠸᠠᠢ ᠠᠵᠢᠭᠯᠠᠬᠤ ᠶ᠋ᠢ ᠮᠡᠳᠡᠭᠰᠡᠨ ᠳᠠᠷᠤᠭ᠎ᠠ᠄
ᠪᠢ ᠰᠢᠨ᠎ᠡ ᠪᠠᠢᠷᠢ ᠪᠠᠷᠢᠭᠤᠯᠤᠭᠠᠳ ᠭᠦᠢᠴᠡᠵᠦ ᠪᠠᠢᠨ᠎ᠠ ᠭᠡᠵᠦ ᠦᠭᠡ ᠪᠡᠷ ᠲᠦᠢᠪᠡᠭᠦᠯᠬᠦ ᠳ᠋ᠦ᠍ ᠷᠢᠨᠴᠢᠨ ᠭᠤᠸᠠᠢ᠄
ᠡᠨᠡ ᠬᠥᠮᠦᠨ ᠦ᠌ ᠰᠸᠨ᠋ᠸᠯ ᠦ᠋ᠨ ᠡᠳ᠋ᠯᠡᠭᠡ ᠴᠤ᠌ ᠭᠦᠢᠴᠡᠵᠦ ᠪᠠᠢᠨ᠎ᠠ ᠳᠠ ᠭᠡᠵᠡᠢ᠃
    ᠲᠦᠳᠡᠬᠡᠨ ᠠᠢᠮᠠᠭ ᠠ᠋ᠴᠠ ᠬᠥᠰᠢᠶ᠎ᠡ ᠵᠠᠰᠠᠭᠤᠯᠬᠤ ᠶᠡᠬᠡ ᠲᠥᠰᠥᠪ ᠭᠠᠷᠭᠠᠵᠤ ᠲᠡᠭᠦᠨ ᠢ᠋ ᠪᠡᠨ ᠰᠠᠩ ᠤ᠋ᠨ ᠶᠠᠮᠤᠨ ᠢ᠋ᠶ᠋ᠠᠷ ᠪᠠᠲᠤᠯᠠᠭᠤᠯᠵᠤ ᠶᠠᠪᠤᠨ᠎ᠠ ᠭᠡᠳᠡᠭ ᠢ᠋ ᠷᠢᠨᠴᠢᠨ ᠪᠠᠭᠰᠢ ᠰᠣᠨᠣᠰᠤᠭᠠᠳ᠄ ᠠᠮᠢᠳᠤ ᠳ᠋ᠤ᠌ ᠪᠠᠨ 《ᠠᠩᠬᠠᠨ ᠤ᠋ ᠳᠣᠯᠣᠭ᠎ᠠ》 ᠶ᠋ᠢᠨ ᠢ᠋ᠶ᠋ᠡᠨ ᠲᠣᠯᠣᠭᠠᠢ ᠶ᠋ᠢ ᠮᠡᠯᠵᠢᠭᠡᠳ ᠴᠠᠳᠤᠭ᠎ᠠ ᠦᠭᠡᠢ ᠠᠪᠰᠠᠨ ᠳ᠋ᠤ᠌ ᠣᠷᠣᠭᠰᠠᠨ ᠬᠣᠢᠨ᠎ᠠ ᠪᠠᠨ ᠪᠠᠰᠠ ᠮᠥᠩᠭᠥ ᠢᠳᠡᠵᠦ ᠴᠠᠳᠳᠠᠭ ᠦᠭᠡᠢ ᠪᠠᠢᠬᠤ ᠨᠢ ᠠ᠋ ᠭᠡᠵᠦ ᠬᠣᠱᠣᠩᠨᠠᠭᠰᠠᠨ ᠨᠢ ᠴᠣᠢᠪᠠᠯᠰᠠᠩ ᠤ᠋ᠨ ᠬᠥᠰᠢᠭᠡᠨ ᠡᠴᠡ ᠢᠯᠡᠭᠦᠦ ᠴᠣᠢᠪᠠᠯᠰᠠᠩ ᠠᠢᠮᠠᠭ ᠤ᠋ᠨ ᠬᠥᠭᠵᠢᠯ ᠳ᠋ᠦ᠍ ᠮᠥᠩᠭᠥ ᠵᠠᠷᠤᠴᠠᠭᠤᠯᠬᠤ ᠶᠣᠰᠣᠲᠠᠢ ᠭᠡᠰᠡᠨ ᠰᠡᠩᠬᠡᠷᠡᠭᠦᠯᠭᠡ ᠪᠠᠢᠵᠤᠬᠤᠢ᠃
    ᠯᠣᠣᠬᠣᠵᠠ ᠶ᠋ᠢᠨ ᠪᠦᠯᠦᠭ ᠦ᠋ᠨ《 ᠡᠰᠡᠷᠭᠦᠨ》 ᠬᠡᠮᠡᠭᠳᠡᠨ ᠭᠡᠯᠮᠡᠭᠳᠡᠵᠦ ᠶᠠᠪᠤᠭᠰᠠᠨ᠂ ᠡᠳ᠋ ᠦ᠋ᠨ ᠵᠠᠰᠠᠭᠴᠢ ᠡᠷᠳᠡᠮᠲᠡᠨ ᠵᠠᠮᠪᠠ ᠠ᠋ᠴᠠ1999 ᠣᠨ ᠤ᠋12 ᠰᠠᠷ᠎ᠠ ᠶ᠋ᠢᠨ 7 ᠤ᠋ ᠡᠳᠦᠷ ᠲᠡᠮᠳᠡᠭᠯᠡᠪᠡ᠃
   ᠢᠷᠡᠯᠲᠡ ᠄ 《ᠠᠤᠭ᠎ᠠ ᠱᠣᠭᠴᠢ ᠷᠢᠨᠴᠢᠨ ᠦ᠌ ᠠᠶᠤᠩᠭᠠᠨ ᠶᠡᠬᠡ ᠦᠭᠡᠰ》 ᠨᠣᠮ ᠠ᠋ᠴᠠ ᠰᠡᠢᠷᠡᠭᠦᠯᠪᠡ᠃
   ᠦᠰᠦᠭ ᠠᠮᠢᠯᠠᠭᠤᠯᠤᠭᠰᠠᠨ ᠨᠢ ᠄ ᠴᠢ · ᠤᠷᠠᠨᠴᠡᠴᠡᠭ