ᠪᠣᠩ ᠠБон аа ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠩ ᠠБон аа

ᠪᠣᠩ ᠠБон аа

2024-10-23

755

ᠪᠣᠩ ᠠ

    ᠲᠤᠰ ᠡᠮ ᠪᠣᠯ ᠬᠣᠯᠲᠣᠰᠣᠨ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠬᠠᠷ᠎ ᠬᠤᠤᠷᠠᠰᠤ ᠲᠥᠮᠥᠰᠥᠯᠢᠭ ᠦᠨᠳᠦᠰᠦ ᠮᠥᠨ᠃ ᠪᠠᠰᠠ ᠪᠤᠩᠨᠠᠭ ᠮᠠᠨᠴᠢᠨ ᠭᠡᠳᠡᠭ᠃
   [ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃50~150cm ᠥᠨᠳᠥᠷ᠂ ᠡᠰᠢᠨ ᠳᠡᠭᠡᠷ᠎ᠡ ᠨᠢ ᠦᠰᠦ ᠦᠭᠡᠢ᠂ ᠪᠦᠳᠦᠭᠦᠨ ᠪᠥᠭᠡᠳ ᠰᠢᠯᠤᠭᠤᠨ ᠤᠷᠭᠤᠨ᠎ᠠ᠃ ᠡᠰᠢᠨ ᠦ᠌ ᠳᠤᠮᠳᠠ ᠬᠡᠰᠡᠭ ᠦ᠋ᠨ ᠨᠠᠪᠴᠢ ᠨᠢ ᠵᠢᠭᠠᠬᠠᠨ ᠤᠷᠲᠤ ᠪᠠᠷᠢᠭᠤᠯ ᠲᠠᠢ ᠪᠤᠶᠤ ᠣᠬᠣᠷ ᠪᠠᠷᠢᠭᠤᠯ ᠲᠠᠢ᠃ ᠨᠠᠪᠴᠢ ᠨᠢ ᠴᠠᠭᠠᠰᠤᠯᠢᠭ ᠪᠤᠶᠤ ᠰᠠᠷᠢᠰᠤᠯᠢᠭ᠂ ᠲᠠᠪᠤᠯᠵᠢᠨ ᠬᠡᠯᠪᠡᠷᠢ ᠲᠡᠢ᠂ 3 ᠭᠦᠢᠴᠡᠳ ᠣᠨᠢ ᠲᠠᠢ᠂ ᠭᠣᠣᠯ ᠳ᠋ᠠᠬᠢ ᠰᠡᠵᠢᠭᠦᠷ ᠢᠯᠲᠠᠰᠤ ᠨᠢ ᠥᠷᠭᠡᠨ ᠷᠣᠮᠪ ᠬᠡᠯᠪᠡᠷᠢ ᠲᠡᠢ᠂ᠱᠤᠪᠲᠤᠭᠠᠷ᠂ ᠥᠳᠥᠯᠢᠭ ᠭᠦᠨ ᠣᠨᠢ ᠲᠠᠢ᠃ ᠵᠢᠵᠢᠭ ᠢᠯᠲᠠᠰᠤ ᠨᠢ ᠲᠡᠪᠡᠨᠡ ᠬᠡᠯᠪᠡᠷᠢ ᠲᠡᠢ᠂ ᠨᠠᠪᠴᠢᠨ ᠥᠪᠥᠷ  ᠲᠤᠨᠢ ᠲᠠᠷᠠᠮᠠᠭ ᠦᠰᠦ ᠲᠡᠢ᠂ ᠠᠷᠤ ᠳ᠋ᠤᠨᠢ ᠦᠰᠦ ᠦᠭᠡᠢ᠂ ᠴᠠᠴᠤᠭ ᠬᠡᠯᠪᠡᠷᠢᠲᠦ ᠪᠠᠭ ᠴᠡᠴᠡᠭ ᠨᠢ ᠶᠡᠷᠦ ᠳ᠋ᠡᠭᠡᠨ ᠰᠠᠯᠠᠭᠠᠯᠠᠨ᠎ᠠ᠃ ᠲᠤᠩ ᠣᠯᠠᠨ ᠴᠡᠴᠡᠭ ᠲᠡᠢ᠂ ᠴᠡᠴᠡᠭ ᠦ᠋ᠨ ᠪᠠᠷᠢᠭᠤᠯ ᠨᠢ 2—5cm ᠤᠷᠲᠤ᠂ ᠴᠡᠴᠡᠭ ᠦ᠋ᠨ ᠲᠣᠭᠳᠣᠢ ᠨᠢ 5 ᠢᠯᠲᠠᠰᠤ ᠲᠠᠢ᠃ ᠪᠣᠷᠣᠪᠲᠤᠷ ᠬᠥᠬᠡ ᠥᠩᠭᠡ ᠲᠡᠢ᠂ ᠳᠡᠭᠡᠷ᠎ᠡ ᠲᠠᠯ᠎ᠠ ᠶ᠋ᠢᠨ ᠨᠢᠭᠡ ᠢᠯᠲᠠᠰᠤ ᠨᠢ ᠲᠤᠭᠤᠯᠭ᠎ᠠ ᠮᠡᠲᠦ᠂ ᠴᠡᠴᠡᠭ ᠦ᠋ᠨ ᠬᠡᠯᠲᠡᠰ ᠨᠢ 2᠂ ᠤᠷᠲᠤ ᠰᠢᠯᠪᠢ ᠲᠡᠢ ᠪᠥᠭᠡᠳ ᠴᠡᠴᠡᠭ ᠦ᠋ᠨ ᠲᠣᠭᠳᠣᠢ ᠶ᠋ᠢᠨ ᠲᠤᠭᠤᠯᠭ᠎ᠠ ᠰᠢᠭ᠋ ᠢᠯᠲᠠᠰᠤ ᠶ᠋ᠢᠨ ᠳᠣᠣᠷ᠎ᠠ ᠭᠣᠬ᠎ᠠ ᠰᠢᠭ᠋ ᠮᠤᠷᠤᠢ ᠨᠠᠭᠠᠯᠳᠤᠵᠤ ᠪᠠᠢᠳᠠᠭ᠃ ᠡᠷ᠎ᠡ ᠲᠣᠭᠣᠷᠴᠣᠭ ᠨᠢ ᠣᠯᠠᠨ᠂ ᠡᠮ᠎ᠡ ᠲᠣᠭᠣᠷᠴᠣᠭ ᠨᠢ 3~5᠂ ᠴᠠᠨ᠎ᠠ ᠵᠢᠮᠢᠰ ᠲᠡᠢ᠂ ᠠᠷᠪᠢᠨ ᠦᠷ᠎ᠡ ᠲᠡᠢ᠂ ᠦᠷ᠎ᠡ ᠨᠢ ᠲᠣᠷᠭᠠᠨ ᠬᠠᠯᠢᠰᠤᠯᠢᠭ ᠳᠠᠯᠠᠪᠴᠢ ᠲᠠᠢ᠃ 7~9  ᠳ᠋ᠦ᠍ᠭᠡᠷ ᠰᠠᠷ᠎ᠠ ᠳ᠋ᠤ᠌ ᠴᠡᠴᠡᠭᠯᠡᠵᠦ᠂ 8~10 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
   [ ᠤᠷᠭᠤᠬᠤ ᠣᠷᠴᠢᠨ ᠬᠢᠭᠡᠳ ᠲᠠᠷᠬᠠᠴᠠ] ᠨᠤᠭᠤ ᠲᠠᠯ᠎ᠠ᠂ ᠪᠤᠲᠠ ᠮᠣᠳᠣᠨ ᠤ᠋ ᠵᠠᠪᠰᠠᠷ ᠬᠢᠭᠡᠳ ᠠᠭᠤᠯᠠᠨ ᠳ᠋ᠤ᠌ ᠤᠷᠭᠤᠨ᠎ᠠ᠃ ᠵᠡᠭᠦᠨ ᠬᠣᠢᠲᠤ ᠣᠷᠣᠨ᠂ ᠥᠪᠥᠷ ᠮᠣᠩᠭᠣᠯ᠂ ᠾᠧᠪᠧᠢ᠂ ᠾᠧᠨᠠᠨ᠂ ᠱᠠᠨ ᠱᠢ᠂ ᠱᠠᠨᠳᠦ᠋ᠩ ᠵᠡᠷᠭᠡ ᠭᠠᠵᠠᠷ ᠣᠷᠣᠨ ᠳ᠋ᠤ᠌ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ] ᠨᠠᠮᠤᠷ ᠲᠥᠮᠥᠰᠥᠯᠢᠭ ᠦᠨᠳᠦᠰᠦ ᠶ᠋ᠢ ᠨᠢ ᠮᠠᠯᠲᠠᠨ ᠠᠪᠴᠤ ᠡᠰᠢᠨ ᠦ᠌ ᠦᠯᠡᠳᠡᠭᠳᠡᠯ᠂ ᠰᠠᠬᠠᠯ ᠦᠨᠳᠦᠰᠦ ᠶ᠋ᠢ ᠨᠢ ᠠᠷᠢᠯᠭᠠᠵᠤ ᠬᠠᠶᠠᠭᠠᠳ᠂ ᠰᠢᠪᠡᠷ ᠰᠢᠷᠣᠢ ᠶ᠋ᠢ ᠨᠢ ᠤᠬᠢᠶᠠᠨ ᠴᠡᠪᠡᠷᠯᠡᠵᠦ ᠨᠠᠷᠠᠨ ᠳ᠋ᠤ᠌ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠭᠤᠱᠤᠭᠤᠨ ᠠᠮᠲᠠ ᠲᠠᠢ; ᠪᠦᠯᠢᠶᠡᠨ ᠴᠢᠨᠠᠷ ᠲᠠᠢ; ᠬᠥᠩᠭᠡᠨ ᠡᠷᠳᠡᠮ ᠲᠡᠢ; ᠶᠡᠬᠡ ᠬᠣᠣᠷ ᠲᠠᠢ᠃
   [ ᠴᠢᠳᠠᠯ ᠪᠠ ᠭᠣᠣᠯᠳᠠᠭᠤ ᠵᠠᠰᠠᠬᠤ] ᠨᠢᠶᠠᠨ ᠢ᠋ ᠨᠢᠲᠤᠯᠬᠤ᠂ ᠡᠪᠡᠳᠬᠦ ᠶ᠋ᠢ ᠵᠣᠭᠰᠣᠭᠠᠬᠤ᠂ ᠰᠢᠷ᠎ᠠ ᠤᠰᠤ ᠶ᠋ᠢ ᠬᠠᠲᠠᠭᠠᠬᠤ ᠴᠢᠳᠠᠯ ᠲᠠᠢ᠃ ᠭᠣᠣᠯᠳᠠᠭᠤ ᠬᠢᠵᠢᠭ ᠲᠠᠭᠰᠢᠭᠤᠷ᠂ ᠭᠡᠳᠡᠰᠦᠨ ᠬᠠᠳᠬᠤᠯᠭ᠎ᠠ᠂ ᠣᠬᠣᠷ ᠬᠠᠳᠬᠤᠯᠭ᠎ᠠ᠂ ᠨᠢᠶᠠᠨ ᠴᠠᠩᠬ᠎ᠠ᠂ ᠨᠢᠶᠠᠨ ᠴᠢᠭᠢᠬ᠎ᠠ᠂ ᠭᠠᠯ ᠨᠠᠮᠤᠰᠤ᠂ ᠰᠠᠬᠤᠤ ᠪᠣᠭᠣᠮ᠎ᠠ᠂ ᠰᠢᠯᠢ ᠲᠠᠲᠠᠬᠤ᠂ ᠲᠤᠯᠠᠢ᠂ ᠬᠡᠷᠦᠬᠦ᠂ ᠦᠶ᠎ᠡ ᠭᠡᠰᠢᠭᠦᠦ ᠡᠪᠡᠳᠬᠦ᠂ ᠰᠠ᠂ ᠵᠢᠷᠦᠬᠡᠨ ᠦ᠌ ᠬᠡᠢ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
   [ ᠠᠩᠬᠠᠷᠤᠯ] ᠵᠢᠷᠮᠦᠰᠦᠨ ᠡᠮᠡᠭᠲᠡᠢ ᠳ᠋ᠦ᠍ ᠴᠡᠭᠡᠷᠯᠡᠵᠦ᠂ ᠨᠢᠯᠬᠠᠰ᠂ ᠨᠠᠰᠤᠲᠠᠳ᠂ ᠲᠠᠮᠢᠷ ᠳᠣᠷᠣᠢᠲᠠᠭᠰᠠᠳ ᠳᠤ ᠬᠢᠴᠢᠶᠡᠵᠦ ᠬᠡᠷᠡᠭᠯᠡᠨ᠎ᠡ᠃
   [ ᠳᠠᠭᠠᠯᠳᠤᠭᠤᠯᠤᠯ] ᠪᠣᠩ ᠠ ᠶ᠋ᠢᠨ ᠨᠠᠪᠴᠢ᠂ ᠰᠣᠶᠣᠭ᠎ᠠ ᠪᠠ ᠴᠡᠴᠡᠭ ᠢ᠋ ᠪᠠᠰᠠ ᠮᠣᠩᠭᠣᠯ ᠡᠮ ᠳ᠋ᠦ᠍ ᠬᠡᠷᠡᠭᠯᠡᠳᠡᠭ᠃

   ᠬᠢᠲᠠᠳ ᠨᠡᠷ᠎ᠡ᠄草乌 (北乌头)
   ᠠᠩᠭ᠌ᠯᠢ ᠨᠡᠷ᠎ᠡ᠄Aconitum Kusnezoffii Reichb.

   ᠦᠰᠦᠭ ᠠᠮᠢᠯᠠᠭᠤᠯᠤᠭᠴᠢ᠄  ᠡᠷᠳᠡᠨᠢᠭᠣᠸ᠎ᠠ
   ᠬᠢᠨᠠᠭᠴᠢ᠄ ᠥᠯᠵᠡᠢᠪᠠᠭᠠᠲᠤᠷ