ᠮᠣᠩᠭᠣᠯ ᠡᠷ᠎ᠡ ᠬᠥᠮᠦᠨ ᠲᠠ ᠬᠠᠮᠢᠭ᠎ᠠ ᠪᠠᠢᠨ᠎ᠠМонгол Эр Хүн Та Хаана Байна
ᠮᠣᠩᠭᠣᠯ ᠡᠷ᠎ᠡ ᠬᠥᠮᠦᠨ ᠲᠠ ᠬᠠᠮᠢᠭ᠎ᠠ ᠪᠠᠢᠨ᠎ᠠ
ᠮᠣᠩᠭᠣᠯ ᠤ᠋ᠨ ᠰᠠᠢᠬᠠᠨ ᠵᠠᠯᠠᠭᠤᠰ ᠭᠠᠳᠠᠭᠠᠳᠤ ᠣᠷᠣᠨ ᠤᠷᠤᠭᠤ ᠣᠯᠠᠨ ᠢ᠋ᠶ᠋ᠠᠷ ᠢ᠋ᠶ᠋ᠠᠨ ᠭᠠᠷᠴᠤ ᠡᠵᠡᠭᠦᠢᠷᠡᠵᠦ ᠪᠠᠢᠭ᠎ᠠ ᠡᠨᠡ ᠦᠶ᠎ᠡ ᠳ᠋ᠦ᠍ ᠮᠣᠩᠭᠣᠯ ᠣᠷᠣᠨ ᠠ᠋ᠴᠠ ᠪᠠᠨ ᠵᠢᠩᠬᠢᠨᠢ ᠮᠣᠩᠭᠣᠯ ᠵᠠᠯᠠᠭᠤ ᠶ᠋ᠢ ᠣᠯᠤᠨ᠎ᠠ ᠭᠡᠵᠦ ᠬᠡᠴᠡᠭᠦᠦ ᠪᠣᠯᠵᠠᠢ᠃ ᠦᠨᠡᠬᠡᠷ ᠶᠠᠭᠤᠮ᠎ᠠ ᠪᠣᠳᠣᠭᠳᠠᠭᠤᠯᠬᠤ ᠪᠠᠷ ᠨᠢᠭᠡᠨ ᠰᠢᠯᠦᠭ ᠢ᠋ ᠣᠯᠵᠤ ᠰᠣᠨᠣᠰᠤᠭᠠᠳ ᠲᠠᠨ ᠲᠠᠢ ᠬᠤᠪᠢᠶᠠᠯᠴᠠᠶ᠎ᠠ ᠭᠡᠵᠦ ᠪᠣᠳᠣᠭᠠᠳ ᠣᠷᠣᠭᠤᠯᠤᠯ᠎ᠠ.ᠡᠨᠡ ᠰᠢᠯᠦᠭ ᠢ᠋ ᠤᠩᠰᠢᠵᠤ ᠳᠠᠭᠤᠰᠤᠭᠠᠳ ᠮᠣᠩᠭᠣᠯ ᠡᠷ᠎ᠡ ᠬᠥᠮᠦᠨ ᠲᠠ ᠥᠪᠡᠷ ᠦ᠋ᠨ ᠡᠷᠬᠡ ᠦᠭᠡᠢ ᠣᠮᠣᠭᠰᠢᠵᠤ ᠬᠢᠵᠦ ᠪᠦᠲᠦᠭᠡᠬᠦ ᠡᠷᠡᠮᠡᠯᠵᠡᠯ ᠳ᠋ᠦ᠍ᠨᠢ ᠤᠯᠠᠮ ᠶᠡᠬᠡ ᠪᠡᠷ ᠲᠥᠷᠥᠨ᠎ᠡ ᠭᠡᠳᠡᠭ ᠲᠦ᠍ ᠨᠠᠢᠳᠠᠵᠤ ᠪᠠᠢᠨ᠎ᠠ᠃
ᠬᠥᠪᠴᠢᠨ ᠳᠡᠯᠡᠬᠡᠢ ᠶ᠋ᠢ ᠰᠥᠭᠥᠳᠦᠭᠦᠯᠵᠦ ᠶᠠᠪᠤᠭᠰᠠᠨ
ᠬᠥᠬᠡ ᠲᠣᠯᠪᠣᠲᠤ ᠮᠣᠩᠭᠣᠯ ᠡᠷ᠎ᠡ ᠬᠥᠮᠦᠨ ᠬᠠᠮᠢᠭ᠎ᠠ ᠪᠠᠢᠨ᠎ᠠ?
ᠴᠡᠯᠮᠡᠭ ᠲᠩᠷᠢ ᠳ᠋ᠡᠭᠡᠨ ᠰᠥᠭᠥᠳᠴᠦ ᠮᠥᠷᠭᠥᠭᠰᠡᠨ
ᠴᠠᠭᠠᠨ ᠰᠡᠳᠬᠢᠯᠲᠦ ᠮᠣᠩᠭᠣᠯ ᠡᠷ᠎ᠡ ᠬᠥᠮᠦᠨ ᠬᠠᠮᠢᠭ᠎ᠠ ᠪᠠᠢᠨ᠎ᠠ?
ᠬᠠᠵᠠᠭᠠᠷ ᠳᠠᠷᠤᠨ ᠲᠡᠮᠡᠦᠯᠦᠭᠰᠡᠨ ᠬᠠᠲᠠᠷᠢ ᠵᠢᠷᠣᠭ᠎ᠠ ᠬᠦᠯᠦᠭ ᠦ᠋ᠨ ᠡᠵᠡᠨ
ᠬᠠᠮᠤᠭ ᠮᠣᠩᠭᠣᠯ ᠤ᠋ᠨ ᠮᠢᠨᠢ ᠰᠦᠯᠳᠡ ᠲᠩᠷᠢ
ᠬᠠᠯᠬ᠎ᠠ ᠡᠷ᠎ᠡ ᠬᠥᠮᠦᠨ ᠲᠠ ᠬᠠᠮᠢᠭ᠎ᠠ ᠪᠠᠢᠨ᠎ᠠ?
ᠣᠢ ᠶ᠋ᠢᠨ ᠰᠤᠭᠤ ᠰᠢᠭ᠋ ᠲᠠᠩᠬᠢᠯᠬᠠᠨ ᠪᠦᠰᠡᠭᠦᠢ ᠲᠡᠢ
ᠣᠳᠣᠳ ᠤ᠋ᠨ ᠳᠣᠣᠷ᠎ᠠ ᠬᠠᠢᠷ᠎ᠠ ᠰᠢᠪᠡᠨᠡᠯᠳᠦᠭᠰᠡᠨ
ᠣᠷᠣᠨ ᠮᠣᠩᠭᠣᠯ ᠤ᠋ᠨ ᠮᠢᠨᠢ ᠬᠠᠯᠠᠭᠤᠨ ᠤᠷᠤᠭ
ᠣᠮᠣᠭᠯᠠᠩ ᠵᠠᠩ ᠲᠠᠢ ᠮᠣᠩᠭᠣᠯ ᠡᠷ᠎ᠡ ᠬᠥᠮᠦᠨ ᠲᠠ ᠬᠠᠮᠢᠭ᠎ᠠ ᠪᠠᠢᠨ᠎ᠠ?
ᠦᠨᠡᠭᠡᠴᠢᠯᠡᠨ ᠵᠡᠭᠦᠳᠦᠯᠡᠬᠦ ᠬᠣᠩᠭᠣᠷ ᠬᠦᠦ ᠶ᠋ᠢᠨ ᠢ᠋ᠶ᠋ᠡᠨ ᠲᠣᠯᠣᠭᠠᠢ ᠳᠡᠭᠡᠷ᠎ᠡ
ᠦᠨᠡᠭᠡ ᠬᠠᠢᠴᠢᠯᠠᠨ ᠳᠣᠮᠨᠣᠭᠰᠠᠨ ᠡᠴᠢᠭᠡ ᠶ᠋ᠢᠨ ᠴᠠᠭᠠᠨ ᠰᠡᠳᠬᠢᠯ ᠲᠡᠢ
ᠦᠨᠡᠨᠴᠢ ᠠᠮᠠᠷᠠᠭ ᠤ᠋ᠨ ᠬᠠᠷᠠᠴᠠᠨ ᠳ᠋ᠤ᠌ ᠨᠢᠯᠬ᠎ᠠ ᠤᠨᠠᠭ᠎ᠠ ᠰᠢᠭ᠋ ᠨᠣᠮᠣᠬᠠᠷᠠᠳᠠᠭ
ᠦᠭᠡ ᠨᠢ ᠬᠠᠲᠠᠭᠤ ᠮᠣᠩᠭᠣᠯ ᠡᠷ᠎ᠡ ᠬᠥᠮᠦᠨ ᠬᠠᠮᠢᠭ᠎ᠠ ᠪᠠᠢᠨ᠎ᠠ ᠲᠠ?
ᠭᠠᠩ ᠳᠥᠷᠦᠭᠡᠨ ᠳᠡᠭᠡᠷ᠎ᠡ ᠥᠭᠡᠳᠡᠩ ᠭᠤᠲᠤᠯ ᠵᠢᠭᠢᠵᠦ
ᠭᠠᠳᠠᠭᠠᠳᠤ ᠳᠠᠯᠠᠢ ᠶ᠋ᠢ ᠬᠦᠯᠦᠭ ᠦ᠋ᠨ ᠰᠢᠨᠳᠠᠰᠤ ᠪᠠᠷ ᠲᠤᠭᠤᠯᠵᠤ
ᠭᠠᠯᠪᠠ ᠶᠢᠷᠲᠢᠨᠴᠦ ᠳ᠋ᠦ᠍ ᠥᠪᠡᠷ ᠦ᠋ᠨ ᠲᠡᠦᠬᠡ ᠶ᠋ᠢ ᠪᠦᠲᠦᠭᠡᠭᠰᠡᠨ
ᠭᠠᠷ ᠲᠠᠭᠠᠨ ᠢᠯᠳᠦ ᠪᠠᠷᠢᠭᠰᠠᠨ ᠡᠪᠦᠭᠡᠳ ᠦ᠋ᠨ ᠤᠳᠤᠮ
ᠡᠷ᠎ᠡ ᠬᠥᠮᠦᠨ ᠲᠠ ᠬᠠᠮᠢᠭ᠎ᠠ ᠪᠠᠢᠨ᠎ᠠ ?
ᠴᠡᠯ ᠪᠤᠭᠤᠷᠤᠯ ᠠᠪᠤ ᠶ᠋ᠢᠨ ᠢ᠋ᠶ᠋ᠡᠨ ᠦᠭᠡᠨ ᠳ᠋ᠦ᠍ ᠬᠥᠮᠦᠵᠢᠭᠰᠡᠨ ᠬᠦᠦ
ᠴᠠᠭᠠᠨ ᠰᠡᠳᠬᠢᠯᠲᠦ ᠡᠵᠢ ᠶ᠋ᠢᠨ ᠢ᠋ᠶ᠋ᠡᠨ ᠬᠠᠢᠷᠠᠨ ᠳ᠋ᠤ᠌ ᠥᠰᠦᠭᠰᠡᠨ ᠦᠷ᠎ᠡ
ᠴᠢᠷᠠᠢᠯᠢᠭ ᠮᠣᠩᠭᠣᠯ ᠪᠦᠰᠡᠭᠦᠢ ᠶ᠋ᠢᠨ ᠬᠠᠷᠠᠴᠠ ᠶ᠋ᠢ ᠪᠤᠯᠢᠶᠠᠭᠰᠠᠨ ᠡᠷ᠎ᠡ
ᠴᠣᠪᠣᠭᠣ ᠬᠣᠩᠭᠣᠷ ᠦᠷ᠎ᠡ ᠶ᠋ᠢᠨ ᠢ᠋ᠶ᠋ᠡᠨ ᠰᠡᠳᠬᠢᠯ ᠳ᠋ᠦ᠍ ᠮᠥᠩᠬᠡᠷᠡᠭᠰᠡᠨ
ᠡᠴᠢᠭᠡ ᠡᠷ᠎ᠡ ᠬᠥᠮᠦᠨ ᠲᠠ ᠬᠠᠮᠢᠭ᠎ᠠ ᠪᠠᠢᠨ᠎ᠠ?
ᠬᠣᠯᠠ ᠶ᠋ᠢᠨ ᠬᠣᠯᠠ ᠡᠴᠡ ᠰᠢᠵᠢᠷᠳᠡᠬᠦ ᠠᠯᠲᠠᠨ ᠨᠠᠷᠠᠨ ᠤ᠋ ᠰᠠᠴᠤᠷᠠᠭ
ᠬᠥᠬᠡ ᠣᠭᠲᠠᠷᠭᠤᠢ ᠳ᠋ᠤ᠌ ᠨᠤᠮᠤᠷᠠᠬᠤ ᠰᠢᠨ᠎ᠡ ᠰᠣᠯᠣᠩᠭ᠎ᠠ ᠶ᠋ᠢᠨ ᠥᠩᠭᠡ
ᠬᠣᠣᠰ ᠢ᠋ᠶ᠋ᠠᠷ ᠠᠮᠢᠳᠤᠷᠠᠬᠤ ᠲᠠᠪᠢᠯᠠᠩ ᠤ᠋ᠨ ᠦᠯᠦ ᠲᠠᠰᠤᠷᠠᠬᠤ ᠪᠠᠭᠠᠨ᠎ᠠ
ᠬᠠᠨᠠᠲᠤ ᠥᠷᠭᠥᠭᠡ ᠭᠡᠷ ᠦ᠋ᠨ ᠬᠣᠢᠮᠣᠷ ᠲᠤ᠌ ᠵᠠᠯᠠᠷᠠᠬᠤ ᠰᠢᠲᠦᠭᠡᠨ
ᠡᠷ᠎ᠡ ᠬᠥᠮᠦᠨ ᠲᠠ ᠬᠠᠮᠢᠭ᠎ᠠ ᠪᠠᠢᠨ᠎ᠠ?
ᠠᠰᠬᠠᠲᠤ ᠥᠨᠳᠥᠷ ᠰᠠᠷᠢᠳᠠᠭ ᠤ᠋ᠨ ᠣᠷᠭᠢᠯ ᠳ᠋ᠤ᠌ ᠭᠥᠷᠥᠭᠡᠯᠡᠭᠰᠡᠨ ᠠᠩᠴᠢᠨ
ᠠᠷᠢᠭᠤᠨ ᠲᠤᠯᠭᠠᠲᠤ ᠲᠥᠷᠥ ᠶ᠋ᠢᠨ ᠭᠣᠯᠣᠮᠲᠠ ᠲᠦᠰᠢᠭᠰᠡᠨ ᠲᠥᠰᠢᠶ᠎ᠡ
ᠴᠡᠴᠡᠨ ᠫᠤᠤ ᠮᠥᠷᠥᠯᠡᠵᠦ ᠨᠢᠳᠦ ᠴᠠᠪᠴᠢᠭᠠ ᠦᠭᠡᠢ ᠬᠢᠯᠢᠴᠢᠨ
ᠴᠠᠭ ᠤ᠋ᠨ ᠰᠠᠭᠠᠬᠠᠯᠲᠠ ᠳ᠋ᠤ᠌ ᠮᠥᠬᠥᠭᠡ ᠦᠭᠡᠢ ᠠᠯᠲᠠᠨ ᠤᠷᠤᠭ ᠤ᠋ᠨ ᠵᠠᠯᠭᠠᠮᠵᠢ
ᠡᠷ᠎ᠡ ᠬᠥᠮᠦᠨ ᠲᠠ ᠬᠠᠮᠢᠭ᠎ᠠ ᠪᠠᠢᠨ᠎ᠠ?
ᠪᠥᠷᠲᠡ ᠴᠢᠨᠣ᠎ᠠ ᠶ᠋ᠢᠨ ᠤᠶᠠᠩᠭᠠᠲᠤ ᠣᠯᠢᠯᠲᠠ ᠶ᠋ᠢᠨ ᠦᠷᠭᠦᠯᠵᠢᠯᠡᠯ
ᠪᠣᠭᠳᠠ ᠴᠢᠩᠭᠢᠰ ᠬᠠᠭᠠᠨ ᠤ᠋ ᠤᠳᠤᠮ ᠵᠠᠯᠭᠠᠭᠰᠠᠨ ᠤᠷᠤᠭ
ᠬᠠᠲᠤᠨ ᠮᠠᠨᠳᠤᠬᠠᠢ ᠡᠬᠡ ᠶ᠋ᠢᠨ ᠬᠡᠪᠡᠯᠢ ᠳ᠋ᠦ᠍ ᠲᠣᠷᠨᠢᠭᠰᠠᠨ ᠦᠷ᠎ᠡ
ᠬᠠᠳᠠᠨ ᠵᠣᠷᠢᠭᠲᠤ ᠮᠣᠩᠭᠣᠯ ᠡᠷ᠎ᠡ ᠬᠥᠮᠦᠨ ᠲᠠ ᠬᠠᠮᠢᠭ᠎ᠠ ᠪᠠᠢᠨ᠎ᠠ?
ᠵᠣᠪᠠᠭᠰᠠᠨ ᠴᠤ᠌᠂ ᠵᠢᠷᠭᠠᠭᠰᠠᠨ ᠴᠤ᠌ ᠨᠢᠯᠪᠤᠰᠤ ᠪᠠᠨ ᠦᠵᠡᠭᠦᠯᠳᠡᠭ ᠦᠭᠡᠢ
ᠵᠣᠷᠢᠭ ᠵᠢᠷᠦᠬᠡ ᠂ ᠲᠡᠰᠪᠦᠷᠢ ᠲᠡᠪᠴᠢᠶᠡᠷᠢ ᠴᠢᠨᠢ ᠬᠠᠮᠢᠭ᠎ᠠ ᠪᠠᠢᠨ᠎ᠠ?
ᠴᠢᠰᠤᠨ ᠠ᠋ᠴᠠ ᠪᠠᠨ ᠦᠨᠡᠲᠡᠢ ᠨᠢᠯᠪᠤᠰᠤ ᠪᠠᠨ ᠦᠵᠡᠭᠦᠯᠳᠡᠭ ᠦᠭᠡᠢ
ᠴᠥᠬᠥᠷᠡᠵᠦ ᠦᠵᠡᠭᠡ ᠦᠭᠡᠢ ᠰᠡᠳᠬᠢᠯ ᠦ᠋ᠨ ᠬᠠᠳᠠ ᠴᠢᠨᠢ ᠬᠠᠮᠢᠭ᠎ᠠ ᠪᠠᠢᠨ᠎ᠠ?
ᠡᠷᠡᠳᠡᠭᠦᠦ ᠴᠡᠭᠡᠯᠬᠡᠨ ᠬᠣᠭᠣᠯᠠᠢ ᠪᠠᠷ ᠢ᠋ᠶ᠋ᠠᠨ
《ᠡᠷ᠎ᠡ ᠪᠣᠷᠣ ᠬᠠᠷᠴᠠᠭᠠᠢ》 ᠶ᠋ᠢ ᠠᠶᠠᠯᠵᠤ
ᠨᠢᠳᠦ ᠠᠯᠳᠠᠮ᠎ᠠ ᠴᠡᠩᠬᠡᠷ ᠲᠠᠯ᠎ᠠ ᠶ᠋ᠢ ᠤᠶᠠᠷᠠᠭᠠᠭᠰᠠᠨ
ᠨᠢᠳᠦᠨ ᠳ᠋ᠡᠭᠡᠨ ᠬᠣᠷᠸ᠎ᠠ ᠶ᠋ᠢ ᠰᠢᠨᠵᠢᠭᠰᠡᠨ ᠤᠬᠠᠭᠠᠨ ᠴᠢᠨᠢ ᠬᠠᠮᠢᠭ᠎ᠠ ᠪᠠᠢᠨ᠎ᠠ?
ᠡᠷ᠎ᠡ ᠬᠥᠮᠦᠨ ᠲᠠᠨ ᠢ᠋ ᠡᠷ᠎ᠡ ᠬᠥᠮᠦᠨ ᠪᠢ ᠬᠠᠢᠯ᠎ᠠ
ᠡᠨᠡ ᠨᠡᠢᠭᠡᠮ ᠦ᠋ᠨ ᠲᠠᠯᠠᠪᠤᠷ ᠡᠴᠡ ᠡᠷᠢᠯ ᠲᠠᠯᠪᠢᠵᠤ ᠰᠤᠷᠠᠯ᠎ᠠ
ᠡᠷᠢᠭᠰᠡᠨ ᠣᠯᠵᠠ ᠪᠠᠨ ᠡᠨᠳᠡ ᠡᠴᠡ ᠪᠢ ᠣᠯᠤᠯ᠎ᠠ
ᠡᠯᠢᠭᠡ ᠵᠢᠷᠦᠬᠡ ᠬᠣᠶᠠᠷ ᠲᠤ᠌ ᠥᠪᠡᠷ ᠦ᠋ᠨ ᠡᠷᠬᠡ ᠦᠭᠡᠢ ᠬᠠᠷᠠᠮᠰᠠᠯ᠎ᠠ
ᠬᠥᠬᠡ ᠲᠣᠯᠪᠣᠲᠤ ᠮᠣᠩᠭᠣᠯ ᠡᠷ᠎ᠡ ᠬᠥᠮᠦᠨ ᠢ᠋
ᠬᠣᠲᠠ ᠶ᠋ᠢᠨ ᠭᠤᠳᠤᠮᠵᠢᠨ ᠡᠴᠡ ᠣᠯᠤᠭᠰᠠᠨ ᠦᠭᠡᠢ ᠠ᠋
ᠥᠷᠭᠡᠨ ᠴᠡᠭᠡᠵᠢ ᠲᠡᠢ ᠬᠠᠩᠬᠠᠭᠠᠷ ᠡᠷ᠎ᠡ ᠶ᠋ᠢ
ᠡᠮᠦᠰᠦᠭᠰᠡᠨ ᠬᠤᠪᠴᠠᠰᠤᠨ ᠡᠴᠡ ᠨᠢ ᠪᠢ ᠣᠯᠤᠭᠰᠠᠨ ᠦᠭᠡᠢ?
ᠤᠷᠲᠤ ᠶ᠋ᠢᠨ ᠳᠠᠭᠤ ᠶ᠋ᠢ ᠪᠡᠨ ᠠᠶᠠᠯᠤᠭᠰᠠᠨ ᠡᠷ᠎ᠡ ᠬᠥᠮᠦᠨ ᠢ᠋
ᠤᠤᠭᠤᠭᠰᠠᠨ ᠠᠷᠢᠬᠢᠨ ᠤ᠋ ᠬᠢᠨᠢ ᠯᠣᠩᠬᠣᠨ ᠡᠴᠡ ᠣᠯᠤᠯ᠎ᠠ
ᠡᠷᠢᠯ ᠰᠤᠷᠠᠯ ᠪᠣᠯᠤᠭᠰᠠᠨ ᠡᠷ᠎ᠡ ᠬᠥᠮᠦᠨ ᠢ᠋ ᠪᠡᠨ ᠪᠢ
ᠡᠷᠡᠭᠦᠯᠵᠢᠭᠦᠯᠬᠦ ᠶ᠋ᠢᠨ ᠦᠮᠡᠬᠡᠢ ᠥᠷᠥᠭᠡᠨ ᠡᠴᠡ ᠣᠯᠤᠯ᠎ᠠ
ᠲᠠᠯ᠎ᠠ ᠳᠦᠭᠦᠷᠡᠩ ᠪᠡᠯᠴᠢᠬᠦ ᠰᠦᠷᠦᠭ ᠦ᠋ᠨ ᠡᠵᠡᠨ ᠢ᠋ ᠪᠡᠨ ᠪᠢ
ᠲᠠᠭ ᠬᠠᠷᠠᠩᠭᠤᠢ ᠲᠠᠷᠢᠶᠠᠨ ᠱᠠᠩ(ᠭᠣᠣ) ᠶ᠋ᠢᠨ ᠳᠣᠲᠣᠷ᠎ᠠ ᠡᠴᠡ ᠣᠯᠤᠯ᠎ᠠ
ᠵᠣᠷᠢᠭ ᠵᠢᠷᠦᠬᠡ ᠲᠡᠢ ᠮᠣᠩᠭᠣᠯ ᠡᠷ᠎ᠡ ᠬᠥᠮᠦᠨ ᠢ᠋ ᠪᠡᠨ ᠪᠢ
ᠵᠠᠰᠠᠭ ᠡᠴᠢᠭᠡ ᠶ᠋ᠢᠨ ᠵᠣᠪᠠᠯᠠᠩ ᠳᠣᠲᠣᠷ᠎ᠠ ᠪᠢ ᠬᠠᠷᠠᠯ᠎ᠠ
ᠨᠢᠯᠪᠤᠰᠤ ᠪᠠᠨ ᠦᠵᠡᠭᠦᠯᠳᠡᠭ ᠦᠭᠡᠢ ᠡᠷ᠎ᠡ ᠬᠥᠮᠦᠨ ᠢ᠋ ᠪᠢ
ᠨᠢᠰᠦ ᠨᠢᠯᠪᠤᠰᠤᠨ ᠳ᠋ᠠᠭᠠᠨ ᠬᠤᠳᠬᠤᠯᠳᠤᠵᠤ ᠤᠬᠢᠯᠠᠵᠤ ᠪᠠᠢᠬᠤ ᠶ᠋ᠢ ᠨᠢ ᠬᠠᠷᠠᠯ᠎ᠠ
ᠠᠤᠭ᠎ᠠ ᠳᠠᠢᠴᠢᠨ ᠶᠠᠪᠤᠭᠰᠠᠨ ᠡᠪᠦᠭᠡᠳ ᠦ᠋ᠨ ᠢ᠋ᠶ᠋ᠡᠨ ᠤᠳᠤᠮ ᠢ᠋
ᠠᠭᠠᠷ ᠴᠢᠭᠢᠭ ᠦᠭᠡᠢ ᠮᠥᠷᠳᠡᠨ ᠳᠣᠲᠣᠷ᠎ᠠ ᠪᠢ ᠦᠵᠡᠯ᠎ᠡ
ᠴᠠᠭ ᠲᠠᠭᠠᠨ ᠡᠪᠦᠳᠦᠭ ᠳᠡᠭᠡᠷ᠎ᠡ ᠨᠢ ᠰᠥᠭᠦᠳᠦᠭᠦᠯᠵᠦ ᠶᠠᠪᠤᠭᠰᠠᠨ ᠮᠣᠩᠭᠣᠯ ᠡᠷ᠎ᠡ ᠬᠥᠮᠦᠨ
ᠴᠢᠷᠠᠢ ᠠᠯᠲᠠᠨ ᠬᠠᠷᠢ ᠶ᠋ᠢᠨ ᠨᠤᠲᠤᠭ ᠲᠤ᠌ ᠪᠣᠭᠣᠯ ᠪᠣᠯᠤᠭᠰᠠᠨ ᠢ᠋ ᠦᠵᠡᠯ᠎ᠡ
ᠠᠮᠢᠳᠤᠷᠠᠯ ᠤ᠋ᠨ ᠲᠥᠯᠥᠭᠡ ᠬᠥᠮᠦᠨ ᠦ᠌ ᠨᠤᠲᠤᠭ ᠢ᠋ ᠵᠣᠷᠢᠭᠰᠠᠨ ᠡᠷ᠎ᠡ ᠬᠥᠮᠦᠨ ᠦ᠌
ᠠᠷᠤ ᠳ᠋ᠤ᠌ ᠨᠢ ᠦᠯᠡᠳᠡᠭᠰᠡᠨ ᠠᠪᠠᠭᠠᠢ ᠬᠡᠦᠬᠡᠳ ᠨᠢ ᠶᠠᠳᠠᠷᠠᠵᠤ ᠭᠤᠨᠢᠭᠯᠠᠬᠤ ᠶ᠋ᠢ ᠪᠢ ᠦᠵᠡᠯ᠎ᠡ
ᠠᠯᠢ ᠡᠷᠲᠡᠨ ᠦ᠌ ᠠᠹᠷᠢᠺᠠ ᠲᠢᠪ ᠦ᠋ᠨ ᠪᠣᠭᠣᠯ ᠤ᠋ᠨ ᠨᠡᠢᠭᠡᠮ ᠰᠢᠭ
ᠠᠵᠢᠯ ᠤ᠋ᠨ ᠬᠦᠨᠳᠦ ᠶ᠋ᠢ ᠨᠢ ᠨᠤᠭᠤᠯᠳᠠᠭ ᠬᠠᠷ᠎ᠠ ᠠᠷᠠᠰᠤᠲᠤ ᠬᠥᠮᠦᠰ ᠰᠢᠭ
ᠮᠣᠩᠭᠣᠯ ᠡᠷ᠎ᠡ ᠬᠥᠮᠦᠨ ᠢ᠋ ᠮᠢᠨᠢ ᠪᠡᠯᠡᠭ ᠦ᠋ᠨ ᠮᠣᠷᠢ ᠰᠢᠭ᠋ ᠦᠨᠡᠯᠡᠵᠦ
ᠮᠢᠬᠠᠨ ᠪᠢᠷ᠎ᠠ᠂ ᠡᠷᠡᠦ ᠰᠢᠳᠦ᠂ ᠴᠢᠭᠢᠷᠠᠭ ᠴᠢᠳᠠᠪᠤᠷᠢ ᠪᠠᠷ ᠨᠢ ᠰᠢᠨᠵᠢᠵᠦ
ᠪᠣᠭᠤᠢᠨ(ᠪᠣᠢᠨ) ᠳ᠋ᠤ᠌ ᠶᠠᠪᠤᠭᠤᠯᠳᠠᠭ ᠲᠠᠷᠭᠤᠨ ᠠᠳᠤᠭᠤ ᠰᠢᠭ᠋ ᠬᠠᠷᠢᠴᠠᠵᠤ
ᠪᠣᠭᠣᠯ ᠪᠣᠯᠭᠠᠬᠤ ᠪᠠᠷ ᠬᠥᠮᠦᠨ ᠦ᠌ ᠨᠤᠲᠤᠭ ᠤᠷᠤᠭᠤ ᠵᠥᠭᠡᠭᠡᠵᠦ ᠪᠠᠢᠬᠤ ᠶ᠋ᠢ ᠬᠠᠷᠠᠯ᠎ᠠ
ᠭᠠᠳᠠᠭᠠᠳᠤ ᠳ᠋ᠤ᠌ ᠠᠵᠢᠯᠯᠠᠬᠤ ᠬᠦᠴᠦ ᠭᠠᠷᠭᠠᠬᠤ ᠨᠡᠷᠡᠢᠳᠦᠯ ᠢ᠋ᠶ᠋ᠡᠷ
ᠭᠠᠯ ᠴᠣᠭ ᠲᠠᠢ ᠮᠣᠩᠭᠣᠯ ᠡᠷ᠎ᠡ ᠬᠥᠮᠦᠨ ᠢ᠋ ᠮᠢᠨᠢ ᠠᠪᠤᠭᠠᠳ ᠶᠠᠪᠤᠴᠢᠬᠠᠬᠤ ᠶ᠋ᠢ ᠦᠵᠡᠯ᠎ᠡ
ᠬᠣᠯᠠ ᠶ᠋ᠢᠨ ᠬᠣᠯᠠ ᠡᠴᠡ ᠭᠦᠶᠦᠬᠦ ᠤᠨᠠᠭᠠᠨ ᠬᠦᠯᠦᠭ ᠮᠣᠷᠢ ᠰᠢᠭ᠋
ᠬᠥᠮᠦᠨ ᠬᠥᠮᠦᠨ ᠦ᠌ ᠨᠤᠲᠤᠭ ᠡᠴᠡ ᠠᠮᠢᠳᠤ ᠢᠷᠡᠭᠰᠡᠨ ᠡᠷ᠎ᠡ ᠬᠥᠮᠦᠨ ᠢ᠋
ᠬᠥᠯᠥᠰᠥ ᠬᠦᠴᠦ ᠪᠡᠷ ᠵᠢᠳᠬᠦᠵᠦ ᠣᠯᠤᠭᠰᠠᠨ ᠬᠥᠷᠥᠩᠭᠡ ᠨᠢ
ᠬᠥᠨᠳᠡᠭᠦᠷᠯᠡᠵᠦ ᠡᠪᠡᠳᠳᠡᠭ ᠵᠢᠷᠦᠬᠡ᠂ ᠡᠷᠡᠭᠦᠯ ᠪᠤᠰᠤ ᠪᠡᠶ᠎ᠡ ᠨᠢ ᠪᠣᠯᠬᠤ ᠶ᠋ᠢ ᠯᠡ ᠦᠵᠡᠯ᠎ᠡ
ᠣᠢ ᠶ᠋ᠢᠨ ᠰᠤᠭᠤ ᠰᠢᠭ᠋ ᠪᠦᠰᠡᠭᠦᠢ ᠶ᠋ᠢᠨ ᠬᠠᠯᠠᠮᠵᠢᠲᠤ ᠬᠠᠨᠢ ᠶ᠋ᠢᠨ ᠬᠢᠨᠢ ᠡᠪᠦᠷ ᠲᠦ᠍
ᠣᠷᠣᠨ ᠬᠥᠨᠵᠢᠯᠡ ᠳᠣᠲᠣᠷ᠎ᠠ ᠨᠢ ᠬᠠᠷᠢ ᠶ᠋ᠢᠨ ᠬᠥᠭᠰᠢᠨ ᠯᠢ ᠣᠪᠣᠭᠲᠤ ᠣᠷᠣᠵᠤ
ᠬᠠᠷᠢ ᠶ᠋ᠢᠨ ᠬᠥᠮᠦᠨ ᠳ᠋ᠦ᠍ ᠡᠪᠦᠷ ᠢ᠋ᠶ᠋ᠡᠨ ᠨᠡᠭᠡᠭᠡᠵᠦ ᠦᠵᠡᠭᠡ ᠦᠭᠡᠢ
ᠬᠠᠲᠤᠨ ᠡᠬᠡ ᠶ᠋ᠢᠨ ᠰᠡᠳᠬᠢᠯ ᠢ᠋
ᠬᠠᠯᠬ᠎ᠠ ᠬᠡᠦᠬᠡᠨ ᠤᠮᠠᠷᠲᠠᠵᠤ ᠪᠥᠭᠰᠡ ᠪᠡᠷ ᠢ᠋ᠶ᠋ᠡᠨ ᠠᠮᠢᠳᠤᠷᠠᠬᠤ ᠶ᠋ᠢ ᠦᠵᠡᠯ᠎ᠡ
ᠮᠣᠷᠢᠨ ᠳᠡᠯ ᠳᠡᠭᠡᠷ᠎ᠡ ᠬᠡᠢᠰᠴᠦ ᠶᠠᠪᠤᠭᠰᠠᠨ ᠡᠷ᠎ᠡ ᠬᠥᠮᠦᠨ
ᠮᠠᠰᠢᠨ ᠲᠡᠷᠭᠡᠨ ᠳ᠋ᠦ᠍ ᠬᠡᠦᠬᠡᠳ ᠰᠢᠭ ᠳᠤᠷᠠᠯᠠᠵᠤ
ᠮᠠᠯ ᠬᠠᠷᠠᠬᠤ ᠪᠠᠷ ᠢ᠋ᠶ᠋ᠠᠨ ᠠᠶᠤᠵᠤ ᠵᠢᠭᠤᠲᠠᠳᠠᠭ
ᠮᠠᠶᠢᠭ ᠶᠡᠬᠡ ᠲᠡᠢ ᠮᠣᠩᠭᠣᠯ ᠵᠠᠯᠠᠭᠤ ᠶ᠋ᠢ ᠦᠷᠦ ᠡᠪᠡᠳᠦᠯ᠎ᠡ
ᠬᠦᠳᠡᠷ ᠴᠢᠬᠢᠷᠡᠭ ᠭᠠᠷ ᠲᠠᠭᠠᠨ ᠢᠯᠳᠦ ᠪᠠᠷᠢᠵᠤ ᠶᠠᠪᠤᠭᠰᠠᠨ ᠮᠣᠩᠭᠣᠯ ᠡᠷ᠎ᠡ ᠬᠥᠮᠦᠨ
ᠬᠡᠦᠬᠡᠨ ᠰᠢᠭ ᠰᠦᠮᠪᠦᠨ ᠴᠠᠭᠠᠨ ᠬᠤᠷᠤᠭᠤ ᠲᠠᠢ ᠪᠣᠯᠵᠤ
ᠬᠤᠷᠢᠮ ᠤ᠋ᠨ ᠪᠥᠭᠡᠵᠢ ᠨᠢ ᠮᠤᠯᠲᠤᠷᠠᠵᠤ ᠤᠨᠠᠬᠤ ᠶ᠋ᠢ ᠪᠢ ᠦᠵᠡᠯ᠎ᠡ
ᠥᠷᠭᠥᠭᠡ ᠴᠠᠭᠠᠨ ᠭᠡᠷ ᠦ᠋ᠨ ᠢ᠋ᠶ᠋ᠡᠨ ᠬᠣᠢᠮᠣᠷ ᠲᠤ᠌
ᠥᠯᠥᠭᠡᠢ ᠳᠣᠲᠣᠷ᠎ᠠ ᠪᠠᠨ ᠰᠡᠭᠦᠯ ᠬᠥᠬᠥᠵᠦ ᠥᠰᠦᠭᠰᠡᠨ ᠡᠷ᠎ᠡ ᠬᠥᠮᠦᠨ
ᠭᠡᠬᠦ ᠢᠳᠡᠳᠡᠭ ᠦᠭᠡᠢ ᠬᠤᠯᠧᠰᠲᠷᠢᠨ ᠶᠡᠬᠡᠲᠡᠢ ᠭᠡᠵᠦ
ᠦᠭᠡᠯᠡᠵᠦ ᠮᠠᠶᠢᠭᠯᠠᠵᠤ ᠪᠠᠢᠬᠤ ᠶ᠋ᠢ ᠬᠠᠷᠠᠭᠠᠳ ᠦᠨᠡᠨ ᠳ᠋ᠡᠭᠡᠨ ᠪᠢ ᠭᠤᠲᠤᠷᠠᠯᠠ
ᠠᠯᠲᠠ ᠪᠡᠶ᠎ᠡ ᠪᠡᠨ ᠠᠯᠵᠢᠶᠠᠬᠤ ᠡᠴᠡ ᠠᠶᠤᠬᠤ ᠦᠭᠡᠢ
ᠠᠬᠤᠢ ᠲᠥᠷᠥ ᠳ᠋ᠡᠭᠡᠨ ᠵᠢᠳᠬᠦᠵᠦ ᠶᠠᠪᠤᠭᠰᠠᠨ ᠡᠷ᠎ᠡ ᠬᠥᠮᠦᠨ
ᠠᠷᠠᠳ ᠲᠦᠮᠡᠨ ᠪᠠᠢᠲᠤᠭᠠᠢ ᠬᠣᠶᠠᠷᠬᠠᠨ ᠠᠯᠬᠤᠮ ᠤ᠋ᠨ ᠴᠠᠭᠠᠳᠤᠬᠢ ᠶ᠋ᠢ ᠬᠠᠷᠠᠬᠤ ᠦᠭᠡᠢ
ᠠᠪᠯᠢᠭᠠᠯ ᠳ᠋ᠤ᠌ ᠵᠢᠪᠦᠭᠡᠳ ᠠᠷᠠᠴᠢᠭ᠎ᠠ ᠦᠭᠡᠢ ᠴᠢᠷᠠᠢᠯᠠᠬᠤ ᠶ᠋ᠢ ᠨᠢ ᠪᠢ ᠦᠵᠡᠯ᠎ᠡ
ᠴᠢᠷᠠᠢᠯᠢᠭ ᠮᠣᠩᠭᠣᠯ ᠪᠦᠰᠡᠭᠦᠢ ᠶ᠋ᠢ ᠭᠤᠶᠤᠵᠤ ᠪᠢᠰᠢ ᠭᠣᠶᠣᠯᠠᠭᠤᠯᠵᠤ ᠶᠠᠪᠤᠭᠰᠠᠨ ᠡᠷ᠎ᠡ ᠬᠥᠮᠦᠨ
ᠴᠢᠷᠠᠢ ᠠᠯᠲᠠᠨ ᠭᠤᠨᠢᠭᠯᠠᠵᠤ ᠤᠬᠢᠯᠠᠵᠤ ᠶᠠᠪᠤᠬᠤ ᠶ᠋ᠢ ᠨᠢ ᠬᠠᠷᠠᠭᠠᠳ
ᠴᠥᠬᠥᠷᠡᠵᠦ ᠦᠵᠡᠭᠡ ᠦᠭᠡᠢ ᠡᠷ᠎ᠡ ᠬᠥᠮᠦᠨ ᠦ᠌ ᠮᠢᠨᠢ ᠲᠡᠰᠪᠦᠷᠢ ᠲᠡᠪᠴᠢᠶᠡᠷᠢ
ᠴᠠᠭ ᠤ᠋ᠨ ᠰᠠᠭᠠᠬᠠᠯᠲᠠ ᠳ᠋ᠤ᠌ ᠦᠭᠡᠢ ᠪᠣᠯᠤᠭᠰᠠᠨ ᠢ᠋ ᠮᠡᠳᠡᠷᠡᠯ᠎ᠡ
ᠬᠠᠷᠠᠮᠰᠠᠵᠤ ᠪᠠᠢᠨ᠎ᠠ ᠠ ᠪᠢ
ᠥᠭᠡᠬᠦᠨ ᠳ᠋ᠦ᠍ ᠣᠷᠢᠶᠠᠪᠠᠴᠤ ᠨᠣᠬᠠᠢ ᠲᠣᠭᠣᠵᠤ ᠢᠳᠡᠬᠦ ᠦᠭᠡᠢ
ᠡᠪᠡᠰᠦᠨ ᠳ᠋ᠦ᠍ ᠬᠤᠴᠢᠪᠠᠴᠤ ᠦᠬᠡᠷ ᠲᠣᠭᠣᠵᠤ ᠵᠠᠵᠢᠯᠬᠤ ᠦᠭᠡᠢ
ᠦᠯᠪᠡᠢᠭᠰᠡᠨ ᠠᠮᠢᠲᠠᠳ ᠦᠷ᠎ᠡ ᠬᠣᠢᠴᠢ ᠮᠢᠨᠢ ᠪᠣᠯᠬᠤ ᠪᠣᠢ ᠭᠡᠰᠡᠨ
ᠥᠭᠡᠳᠡᠢ ᠬᠠᠭᠠᠨ ᠤ᠋ ᠪᠠᠨ ᠬᠣᠯᠠᠴᠢ ᠤᠬᠠᠭᠠᠨ ᠢ᠋ ᠠᠷᠭ᠎ᠠ ᠦᠭᠡᠢ ᠪᠢ ᠪᠢᠰᠢᠷᠡᠯ᠎ᠡ
ᠬᠠᠢᠵᠤ ᠰᠤᠷᠠᠭᠰᠠᠨ ᠡᠷ᠎ᠡ ᠬᠥᠮᠦᠨ ᠢ᠋ᠶ᠋ᠡᠨ ᠪᠢ
ᠬᠠᠷ᠎ᠠ ᠠᠷᠢᠬᠢᠨ ᠤ᠋ ᠯᠣᠩᠬᠣᠨ ᠳᠣᠲᠣᠷ᠎ᠠ ᠨᠢ ᠪᠢ ᠬᠠᠷᠠᠯ᠎ᠠ
ᠬᠠᠷᠢ ᠣᠷᠣᠨ ᠤ᠋ ᠪᠣᠭᠣᠯ ᠤ᠋ᠨ ᠬᠥᠳᠡᠯᠮᠦᠷᠢ ᠡᠴᠡ ᠣᠯᠤᠯ᠎ᠠ
ᠬᠠᠷᠠᠩᠭᠤᠢ ᠵᠣᠪᠠᠯᠠᠩ ᠤ᠋ᠨ ᠬᠠᠰᠢᠶᠠᠨ ᠳᠣᠲᠣᠷ᠎ᠠ ᠦᠵᠡᠯ᠎ᠡ
ᠡᠷᠢᠭᠡᠳ ᠰᠤᠷᠠᠭᠠᠳ ᠪᠠᠢᠭᠰᠠᠨ ᠮᠣᠩᠭᠣᠯ ᠡᠷ᠎ᠡ
ᠡᠷᠢᠭᠡᠳ ᠰᠤᠷᠠᠭᠠᠳ ᠪᠠᠢᠭᠰᠠᠨ ᠮᠣᠩᠭᠣᠯ ᠡᠷ᠎ᠡ ᠬᠥᠮᠦᠨ ᠢ᠋ ᠪᠡᠨ ᠪᠢ
ᠡᠨᠡ ᠨᠡᠢᠭᠡᠮ ᠦ᠋ᠨ ᠠᠮᠢᠳᠤᠷᠠᠯ ᠡᠴᠡ ᠪᠢ ᠣᠯᠤᠯ᠎ᠠ
ᠡᠯᠢᠭᠡ ᠵᠢᠷᠦᠬᠡᠨ ᠳ᠋ᠡᠭᠡᠨ ᠥᠪᠡᠷ ᠦ᠋ᠨ ᠡᠷᠬᠡ ᠦᠭᠡᠢ ᠬᠠᠷᠠᠮᠰᠠᠯ᠎ᠠ
ᠮᠣᠩᠭᠣᠯ ᠢ᠋ᠶ᠋ᠠᠨ ᠲᠠᠨᠢᠬᠤ ᠦᠭᠡᠢ᠂ ᠮᠣᠷᠢ ᠤᠨᠤᠵᠤ ᠴᠢᠳᠠᠬᠤ ᠦᠭᠡᠢ
ᠮᠣᠷᠢᠨ ᠬᠤᠭᠤᠷ ᠲᠣᠭᠯᠠᠬᠤ ᠦᠭᠡᠢ᠂ ᠮᠣᠩᠭᠣᠯ ᠪᠢᠴᠢᠭ ᠢ᠋ᠶ᠋ᠡᠨ ᠮᠡᠳᠡᠬᠦ ᠦᠭᠡᠢ
ᠬᠠᠷᠢ ᠣᠷᠣᠨ ᠤ᠋ ᠠᠩᠭ᠌ᠯᠢ ᠬᠡᠯᠡ ᠶ᠋ᠢ ᠬᠠᠭᠠᠰ ᠳᠤᠲᠠᠭᠤ ᠴᠠᠯᠴᠢᠭᠰᠠᠨ
ᠬᠡᠦᠬᠡᠨ ᠰᠢᠭ ᠡᠷ᠎ᠡ ᠬᠦᠢᠰᠦᠲᠡᠨ ᠢ᠋ ᠬᠠᠷᠢᠨ ᠪᠢ ᠶᠡᠬᠡ ᠶ᠋ᠢ ᠦᠵᠡᠯ᠎ᠡ
ᠰᠠᠢᠬᠠᠨ ᠡᠷ᠎ᠡ ᠬᠥᠮᠦᠨ ᠬᠣᠪᠣᠷᠳᠠᠭᠰᠠᠨ ᠭᠡᠳᠡᠭ ᠢ᠋
ᠰᠠᠨᠠᠭ᠎ᠠ ᠪᠣᠳᠣᠯ ᠠ᠋ᠴᠠ ᠪᠠᠨ ᠨᠡᠬᠡᠨ ᠠᠰᠠᠭᠤᠵᠤ
ᠰᠠᠯᠬᠢ ᠢᠰᠬᠡᠷᠦᠭᠰᠡᠨ ᠬᠦᠢᠲᠡᠨ ᠰᠥᠨᠢ
ᠰᠦᠨᠡᠰᠦ ᠲᠡᠢ ᠬᠠᠮᠲᠤᠷᠠᠵᠤ ᠡᠨᠡ ᠰᠢᠯᠦᠭ ᠢ᠋ ᠪᠢᠴᠢᠪᠡ ᠪᠢ᠃
ᠮᠢᠨᠵᠢ ᠪᠣᠷᠵᠢᠭᠢᠨ ᠣᠪᠣᠭᠲᠤ ᠪᠠᠲᠤᠰᠠᠢᠬᠠᠨ ᠤ᠋ ᠪᠠᠲᠤᠲᠡᠭᠦᠰ
