ᠮᠡᠳᠡᠭᠦᠯᠭᠡ-ᠴ· ᠬᠤᠯᠠᠨ Мэдүүлэг-Ц,Хулан
ᠮᠡᠳᠡᠭᠦᠯᠭᠡ
ᠴ· ᠬᠤᠯᠠᠨ ᠬᠤᠷᠠᠬᠤ ᠠᠩᠭᠢ ᠠ᠋ᠴᠠ ᠰᠢᠯᠦᠭ
ᠮᠣᠰᠺᠸᠠ ᠶ᠋ᠢᠨ ᠬᠢᠨ ᠨᠠᠳᠠ ᠪᠠᠷ ᠲᠤᠭ ᠲᠠᠬᠢᠵᠠᠢ᠂
ᠮᠣᠩᠭᠣᠯ ᠤ᠋ᠨ ᠲᠥᠷᠥ ᠴᠢ ᠦᠨᠡᠬᠡᠷ ᠮᠣᠬᠣᠵᠠᠢ᠃
ᠨᠠᠴᠤᠭᠳᠣᠷᠵᠢ᠂ ᠷᠢᠨᠴᠢᠨ ᠶᠡᠬᠡᠰ ᠢ᠋ ᠲᠠᠮᠤᠯᠠᠳᠠᠭ ᠱᠣᠷᠣᠩ ᠳ᠋ᠤ᠌ ᠪᠠᠨ᠂
ᠨᠠᠮ᠎ᠠ ᠶ᠋ᠢ ᠴᠢᠬᠢᠵᠦ ᠲᠠᠮᠤᠯᠠᠬᠤ ᠴᠢᠨᠢ ᠨᠡᠷ᠎ᠡ ᠲᠥᠷᠥ ᠶ᠋ᠢᠨ ᠬᠡᠷᠡᠭ ᠠ᠋᠃
ᠨᠣᠮ ᠤ᠋ᠨ ᠮᠤᠩᠬᠠᠭ ᠢ᠋ ᠮᠠᠭᠲᠠᠵᠤ ᠵᠠᠯᠠᠳᠠᠭ᠂
ᠨᠣᠮ ᠲᠠᠢ ᠮᠡᠷᠭᠡᠳ ᠢ᠋ ᠭᠦᠳᠬᠡᠵᠦ ᠠᠯᠠᠳᠠᠭ᠃
ᠲᠥᠷᠥ ᠴᠢᠷᠠᠢᠯᠠᠭᠰᠠᠨ ᠤᠯᠠᠭᠠᠨ ᠨᠠᠮ ᠤ᠋ᠨ ᠬᠢᠨ ᠢ᠋᠂
ᠲᠥᠷᠬᠦ ᠦᠭᠡᠢ ᠪᠤᠵᠠᠷ ᠶᠠᠪᠤᠳᠠᠯ ᠤ᠋ᠳ ᠢ᠋ ᠮᠡᠳᠡᠬᠦ ᠦᠭᠡᠢ ᠴᠦ᠍ ᠪᠢᠰᠢ ᠳᠡ᠃
ᠬᠣᠷᠣᠬᠠᠢᠲᠤᠭᠰᠠᠨ ᠪᠠᠭᠠᠪᠠᠭᠠᠢ ᠶ᠋ᠢᠨ ᠠᠮᠠᠨ ᠳ᠋ᠤ᠌ ᠪᠠᠷᠢᠵᠤ ᠰᠢᠲᠠᠵᠤ ᠥᠭᠭᠦᠭᠰᠡᠨ᠂
ᠭᠤᠷᠪᠠᠨ ᠲᠦᠮᠡᠨ ᠮᠣᠩᠭᠣᠯ ᠤ᠋ᠨ ᠠᠮᠢᠨ ᠵᠣᠯᠢᠶ᠎ᠠ ᠶ᠋ᠢ ᠮᠠᠷᠲᠠᠭ᠎ᠠ ᠤᠤ⁈
ᠬᠣᠨᠵᠢᠨ ᠳ᠋ᠤ᠌ ᠮᠠᠭᠤ ᠶ᠋ᠢᠨ ᠬᠢᠮᠤᠰᠤᠨ ᠳ᠋ᠤ᠌ ᠭᠣᠬᠠᠳᠠᠭᠤᠯᠤᠭᠰᠠᠨ᠂
ᠭᠤᠷᠪᠠᠨ ᠰᠠᠶ᠎ᠠ ᠠᠷᠠᠳ ᠤ᠋ᠨ ᠮᠢᠨᠢ ᠭᠤᠨᠢᠭ ᠵᠣᠪᠠᠯᠠᠩ ᠪᠠᠭᠠᠳᠠᠭ᠎ᠠ ᠤᠤ⁈
ᠠᠯᠲᠠ ᠪᠡᠶ᠎ᠡ ᠶ᠋ᠢ ᠮᠢᠨᠢ ᠲᠡᠯᠡᠵᠦ ᠬᠠᠲᠠᠭᠠᠳ ᠨᠢᠭᠡᠳᠦᠭᠰᠡᠨ ᠴᠦ᠍᠂
ᠠᠯᠳᠠᠭ᠎ᠠ ᠨᠢᠭᠦᠯ ᠢ᠋ ᠲᠠ ᠨᠠᠷ ᠨᠠᠳᠠ ᠠ᠋ᠴᠠ ᠣᠯᠬᠤ ᠦᠭᠡᠢ᠃
ᠠᠯᠲᠠ ᠠ᠋ᠴᠠ ᠤᠷᠲᠤ ᠮᠢᠨᠢ ᠣᠪᠣᠭ᠎ᠠ ᠪᠤᠰᠬᠠᠵᠤ ᠮᠥᠩᠭᠥ ᠪᠡᠷ ᠮᠥᠷᠡᠨ ᠤᠷᠤᠰᠬᠠᠭᠠᠳ ᠴᠣ᠂
ᠠᠳᠠᠭ ᠤ᠋ᠨ ᠰᠢᠨᠤᠬᠠᠢ ᠲᠠ ᠨᠠᠷ ᠰᠢᠭ᠋ ᠡᠬᠡ ᠣᠷᠣᠨ ᠢ᠋ᠶ᠋ᠠᠨ ᠪᠢ ᠬᠤᠳᠠᠯᠳᠤᠬᠤ ᠦᠭᠡᠢ᠃
ᠪᠦᠷᠢᠨ ᠨᠤᠲᠤᠭ ᠤ᠋ᠨ ᠪᠣᠰᠤᠭ᠎ᠠ ᠠᠭᠤᠯᠠᠰ ᠮᠢᠨᠦ ᠨᠣᠶᠠᠨ ᠨᠢᠷᠤᠭᠤ᠂
ᠨᠤᠭᠤᠷᠠᠰᠢ ᠦᠭᠡᠢ ᠶ᠋ᠢᠨ ᠪᠠᠲᠤᠯᠠᠭ᠎ᠠ᠃
ᠪᠦᠰᠡᠭᠦᠢ ᠢᠯᠳᠠᠮ ᠴᠡᠴᠡᠭ ᠦ᠋ᠨ ᠰᠢᠭᠦᠳᠡᠷᠢ ᠮᠢᠨᠦ ᠴᠠᠩ ᠴᠠᠩ ᠤ᠋ᠨ ᠨᠢᠯᠪᠤᠰᠤ᠂
ᠬᠤᠪᠢᠷᠠᠰᠢ ᠦᠭᠡᠢ ᠶ᠋ᠢᠨ ᠨᠤᠲᠠᠯᠠᠭ᠎ᠠ᠃
ᠰᠦᠷᠡᠵᠦ ᠳᠠᠪᠬᠢᠳᠠᠭ ᠡᠷᠡᠮᠡᠭ ᠰᠠᠯᠬᠢ ᠮᠢᠨᠦ ᠬᠡᠢᠮᠣᠷᠢ ᠵᠣᠷᠢᠭ ᠢ᠋ ᠠᠨᠳᠠᠬᠤ ᠦᠭᠡᠢ᠂
ᠰᠥᠬᠥᠷᠡᠵᠦ ᠤᠨᠠᠳᠠᠭ ᠬᠥᠷᠥᠰᠥᠲᠦ ᠭᠠᠵᠠᠷ ᠮᠢᠨᠦ ᠤᠶᠠᠬᠠᠨ ᠵᠥᠭᠡᠯᠡᠨ ᠢ᠋ ᠡᠨᠳᠡᠬᠦ ᠦᠭᠡᠢ᠃
ᠴᠥᠬᠥᠷᠡᠵᠦ ᠰᠢᠷᠳᠡᠭᠡ ᠬᠥᠬᠡ ᠲᠩᠷᠢ ᠮᠢᠨᠦ ᠠᠭᠤᠵᠢᠮ ᠰᠠᠷᠠᠭᠤᠯ ᠢ᠋ ᠮᠡᠳᠡᠨ᠎ᠡ᠂
ᠬᠥᠬᠡᠷᠡᠵᠦ ᠠᠯᠤᠰᠯᠠᠭᠠ ᠣᠨ ᠵᠢᠯ ᠦ᠋ᠳ ᠮᠢᠨᠦ ᠤᠳᠤᠮ ᠰᠤᠳᠤᠷ ᠢ᠋ ᠮᠡᠳᠡᠨ᠎ᠡ᠃
ᠳᠡᠯᠭᠡᠷᠡᠭᠡᠳ ᠤᠭᠲᠤᠳᠠᠭ ᠲᠤᠤᠯᠠ ᠶ᠋ᠢᠨ ᠲᠣᠬᠣᠢ ᠳ᠋ᠤ᠌ ᠪᠣᠳᠣᠭᠰᠠᠨ ᠰᠠᠭᠤᠭᠰᠠᠨ ᠮᠥᠷ ᠮᠢᠨᠢ ᠪᠣᠢ᠂
ᠳᠡᠯᠭᠡᠷᠡᠭᠡᠳ ᠤᠩᠰᠢᠳᠠᠭ ᠲᠤᠤᠯᠢᠰ ᠰᠤᠳᠤᠷ ᠲᠤ ᠪᠣᠳᠣᠭᠰᠠᠨ ᠤᠬᠠᠭᠠᠷᠠᠭᠰᠠᠨ ᠵᠠᠮ ᠮᠢᠨᠢ ᠪᠣᠢ᠃
ᠳᠡᠷᠭᠡᠳᠡ ᠨᠢ ᠢᠨᠢᠶᠡᠵᠦ ᠳᠤᠮᠳᠠ ᠨᠢ ᠮᠢᠨᠦ ᠰᠡᠮᠬᠡᠨ ᠤᠬᠢᠯᠠᠵᠤ ᠶᠠᠪᠤᠭᠰᠠᠨ᠂
ᠳᠡᠭᠡᠳᠦᠰ ᠦ᠋ᠨ ᠪᠤᠷᠬᠠᠳ ᠠ᠋ᠴᠠ ᠴᠤ᠌ ᠢᠪᠡᠭᠡᠯᠲᠡᠢ ᠡᠭᠡᠯ ᠲᠦᠮᠡᠨ ᠦ᠌ ᠪᠡᠨ ᠡᠮᠦᠨ᠎ᠡ᠂
ᠮᠡᠯᠮᠡᠢ ᠪᠡᠨ ᠨᠣᠷᠭᠠᠵᠤ ᠮᠡᠳᠡᠭᠦᠯᠭᠡ ᠪᠡᠨ ᠢᠯᠡ ᠥᠭᠭᠦᠶ᠎ᠡ᠂
ᠥᠯᠮᠡᠢ ᠪᠡᠨ ᠡᠷᠭᠦᠵᠦ ᠥᠴᠢᠭ ᠢ᠋ᠶ᠋ᠡᠨ ᠲᠣᠳᠣ ᠥᠭᠭᠦᠶ᠎ᠡ᠃
ᠮᠢᠨᠦ ᠨᠤᠲᠠᠯᠠᠬᠤ ᠪᠠᠷᠢᠮᠲᠠ᠂
ᠮᠡᠴᠢᠳ ᠵᠢᠷᠭᠤᠭᠠᠨ ᠦᠰᠦᠭ ᠢ᠋ᠶ᠋ᠡᠷ ᠭᠡᠷᠡᠯᠲᠦᠭᠦᠯᠵᠦ ᠪᠢᠴᠢᠳᠡᠭ᠃
ᠡᠬᠡ ᠣᠷᠣᠨ ᠮᠢᠨᠢ ᠪᠦᠬᠦᠯᠢ ᠪᠡᠷ ᠢ᠋ᠶ᠋ᠡᠨ᠂
ᠬᠠᠴᠢᠯᠠᠵᠤ ᠪᠢᠰᠢ ᠴᠢᠩ ᠦᠨᠡᠨ ᠢ᠋ᠶ᠋ᠡᠷ ᠢ᠋ᠶ᠋ᠡᠨ ᠨᠠᠮ᠎ᠠ ᠶ᠋ᠢ ᠰᠢᠭᠦᠬᠦ᠃
ᠬᠠᠢᠷᠠᠲᠠᠢ ᠪᠦᠬᠦᠨ ᠢ᠋ᠶ᠋ᠡᠨ ᠥᠮᠥᠭᠯᠡᠭᠰᠡᠨ ᠡᠨᠡ ᠯᠡ ᠮᠢᠨᠦ《ᠮᠠᠰᠢ ᠨᠢᠭᠤᠴᠠ》 ᠲᠡᠦᠬᠡ᠂
ᠲᠡᠮᠦᠷ ᠦ᠋ᠨ ᠮᠠᠭᠤ ᠬᠢᠲᠤᠭ᠎ᠠ ᠪᠣᠯᠳᠠᠭ ᠭᠡᠨ᠎ᠡ ᠯᠠᠢ᠂ ᠦᠨᠡᠨ ᠶᠦᠮ ᠪᠠᠢᠨ᠎ᠠ᠃
ᠲᠥᠷᠥ ᠶ᠋ᠢᠨ ᠮᠠᠭᠤ ᠨᠢ ᠬᠤᠶᠠᠭ ᠪᠢᠰᠢ ᠰᠢᠭᠦᠭᠴᠢ ᠪᠣᠯᠤᠭᠰᠠᠨ ᠨᠢ ᠬᠤᠳᠠᠯ ᠦᠭᠡᠢ ᠪᠠᠢᠨ᠎ᠠ᠂
ᠠᠯᠤᠬ᠎ᠠ ᠪᠠᠷ ᠴᠣᠬᠢᠵᠤ ᠠᠯᠠᠬᠤ ᠠ᠋ᠴᠠ ᠨᠢ ᠡᠮᠦᠨ᠎ᠡ᠂
ᠠᠮᠵᠢᠵᠤ ᠲᠠ ᠨᠠᠷ ᠠ᠋ᠴᠠ ᠭᠠᠭᠴᠠᠬᠠᠨ ᠶᠠᠭᠤᠮ᠎ᠠ ᠠᠰᠠᠭᠤᠶ᠎ᠠ᠃
ᠬᠠᠰᠪᠤᠤ ᠴᠢᠩᠭᠢᠰ ᠦ᠋ᠨ ᠲᠠᠮᠠᠭ᠎ᠠ ᠪᠠᠨ ᠡᠯᠵᠢᠭᠡᠨ ᠳ᠋ᠦ᠍ ᠠᠴᠢᠶᠠᠯᠠᠭᠠᠳ᠂
ᠬᠠᠮᠢᠭ᠎ᠠ ᠬᠦᠷᠴᠦ ᠶᠠᠪᠤᠨ᠎ᠠ ᠪᠣᠢ ᠴᠢ ᠮᠣᠩᠭᠣᠯ ᠤ᠋ᠨ ᠲᠥᠷᠥ ᠠ᠋⁈
ᠬᠣᠶᠠᠷ ᠮᠢᠩᠭ᠎ᠠ ᠬᠣᠷᠢᠨ ᠭᠤᠷᠪᠠᠨ ᠣᠨ ᠤ᠋ ᠬᠣᠶᠠᠳᠤᠭᠠᠷ ᠰᠠᠷ᠎ᠠ ᠠ᠋ᠴᠠ ᠲᠠᠪᠤᠳᠤᠭᠠᠷ ᠰᠠᠷ᠎ᠠ᠃
ᠦᠰᠦᠭ ᠠᠮᠢᠯᠠᠭᠤᠯᠤᠭᠴᠢ᠄ ᠮᠥᠩᠬᠡ ᠭᠠᠯ
ᠦᠰᠦᠭ ᠬᠠᠲᠠᠭᠴᠢ᠄ ᠮᠥᠩᠬᠡ ᠭᠠᠯ
ᠬᠢᠨᠠᠭᠴᠢ᠄ ᠮᠠᠨᠳᠠᠷᠠᠸ᠎ᠠ᠂ ᠪᠠᠶᠠᠷᠴᠡᠴᠡᠭ
