ᠪᠡᠴᠢᠨ ᠰᠡᠭᠦᠯБичин сүүл ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠡᠴᠢᠨ ᠰᠡᠭᠦᠯБичин сүүл

ᠪᠡᠴᠢᠨ ᠰᠡᠭᠦᠯБичин сүүл

2024-10-22

452

ᠪᠡᠴᠢᠨ ᠰᠡᠭᠦᠯ

   ᠲᠤᠰ ᠡᠮ ᠪᠣᠯ ᠳᠣᠯᠭᠢᠶᠠᠯᠢᠭ ᠣᠢᠮ᠎ᠠ ᠶ᠋ᠢᠨ ᠢᠵᠠᠭᠤᠷ ᠤᠷᠭᠤᠮᠠᠯ ᠪᠣᠯᠬᠤ ᠴᠠᠷᠠᠰᠤᠨ ᠣᠢᠮ᠎ᠠ᠂ ᠳᠤᠮᠳᠠᠳᠤ ᠶ᠋ᠢᠨ ᠴᠠᠷᠠᠰᠤᠨ ᠣᠢᠮ᠎ᠠ ᠶ᠋ᠢᠨ ᠬᠠᠲᠠᠭᠠᠭᠰᠠᠨ ᠦᠨᠳᠦᠰᠦᠯᠢᠭ ᠡᠰᠢ ᠮᠥᠨ᠃ ᠪᠠᠰᠠ ᠪᠠᠵᠠᠩᠷᠸᠷᠠᠯ ᠭᠡᠳᠡᠭ᠃
   [ ᠤᠤᠯ ᠤᠷᠭᠤᠮᠠᠯ]1 ᠴᠠᠷᠠᠰᠤᠨ ᠣᠢᠮ᠎ᠠ ᠳᠠᠭᠠᠯᠳᠤᠨ ᠤᠷᠭᠤᠬᠤ ᠣᠯᠠᠨ ᠨᠠᠰᠤᠲᠤ ᠡᠪᠡᠰᠦᠯᠢᠭ ᠤᠷᠭᠤᠮᠠᠯ᠃ 20—40cm ᠥᠨᠳᠥᠷ᠂ ᠦᠨᠳᠦᠰᠦᠯᠢᠭ ᠡᠰᠢ ᠨᠢ ᠮᠢᠬᠠᠯᠢᠭ ᠲᠤᠷᠤᠭ᠂ ᠤᠷᠲᠤ ᠮᠥᠷᠲᠡᠭᠡᠨ ᠬᠥᠨᠳᠡᠯᠡᠨ ᠤᠷᠭᠤᠳᠠᠭ᠂ ᠤᠯᠠᠪᠤᠷ ᠰᠢᠷ᠎ᠠ ᠥᠩᠭᠡ ᠲᠡᠢ᠂ ᠪᠦᠰᠡᠯᠢᠭ ᠴᠦᠴᠡ ᠬᠡᠯᠪᠡᠷᠢ ᠲᠡᠢ ᠬᠠᠢᠷᠰᠤᠯᠢᠭ ᠢᠯᠲᠠᠰᠤ ᠢᠬᠴᠤ ᠪᠦᠷᠬᠦᠵᠦ ᠪᠣᠢ᠃ ᠣᠨᠳᠣᠣ ᠨᠠᠪᠴᠢ ᠲᠠᠢ᠂ ᠲᠡᠵᠢᠭᠡᠯ ᠦ᠋ᠨ ᠨᠠᠪᠴᠢ ᠨᠢ ᠵᠤᠵᠠᠭᠠᠨ ᠰᠠᠷᠢᠰᠤᠯᠢᠭ᠂ ᠤᠯᠠᠪᠤᠷ ᠪᠤᠶᠤ ᠴᠠᠢᠪᠤᠷ ᠬᠦᠷᠡᠩ᠂ ᠥᠨᠳᠡᠭᠡᠯᠵᠢᠨ ᠬᠡᠯᠪᠡᠷᠢ ᠲᠡᠢ᠂ ᠪᠠᠷᠢᠭᠤᠯ ᠦᠭᠡᠢ᠂ 5—6.5 ᠤᠷᠲᠤ᠂ 4—5.5 ᠥᠷᠭᠡᠨ᠂ ᠬᠥᠪᠡᠭᠡ ᠨᠢ ᠥᠳᠥᠯᠢᠭ ᠭᠦᠢᠬᠡᠨ ᠣᠨᠢ ᠲᠠᠢ᠂ ᠴᠠᠷᠠᠰᠤᠨ ᠮᠣᠳᠣᠨ ᠤ᠋ ᠨᠠᠪᠴᠢ ᠲᠠᠢ ᠲᠥᠰᠦᠭᠡᠲᠡᠢ᠃ ᠰᠫᠣᠷᠲᠦ ᠨᠠᠪᠴᠢ ᠨᠢ ᠨᠣᠭᠣᠭᠠᠨ᠂ ᠳᠠᠯᠠᠪᠴᠢ ᠪᠦᠬᠦᠢ ᠣᠬᠣᠷ ᠪᠠᠷᠢᠭᠤᠯ ᠲᠠᠢ᠃ ᠨᠠᠪᠴᠢᠨ ᠢᠯᠲᠠᠰᠤ ᠨᠢ ᠬᠠᠪᠲᠠᠭᠠᠢ ᠲᠣᠭᠣᠷᠢᠭ ᠪᠤᠶᠤ ᠤᠷᠲᠤᠯᠵᠢᠨ ᠵᠤᠤᠪᠠᠩ ᠬᠡᠯᠪᠡᠷᠢ ᠲᠡᠢ᠂20—37cm ᠤᠷᠲᠤ᠂ 8—18.5cm ᠥᠷᠭᠡᠨ᠂ ᠥᠳᠥᠯᠢᠭ ᠭᠦᠨ ᠣᠨᠢ ᠲᠠᠢ᠂ ᠥᠳᠥᠯᠢᠭ ᠢᠯᠲᠠᠰᠤ ᠨᠢ6—15 ᠬᠣᠣᠰ᠂ ᠥᠷᠭᠡᠨ ᠬᠠᠪᠲᠠᠭᠠᠢ ᠲᠡᠪᠡᠨᠡ ᠬᠡᠯᠪᠡᠷᠢ ᠪᠤᠶᠤ ᠤᠷᠲᠤᠯᠵᠢᠨ ᠲᠣᠭᠣᠷᠢᠭ ᠬᠡᠯᠪᠡᠷᠢ ᠲᠡᠢ᠂4—1cm ᠤᠷᠲᠤ᠂ 1.5—2.5cm ᠥᠷᠭᠡᠨ᠂ ᠦᠵᠦᠭᠦᠷ ᠨᠢ ᠱᠤᠪᠲᠤᠭᠠᠷ ᠪᠤᠶᠤ ᠮᠤᠬᠤᠷ᠂ ᠵᠠᠮᠪᠠᠷᠠᠭ᠎ᠠ ᠦᠭᠡᠢ ᠭᠦᠢᠬᠡᠨ ᠳᠣᠯᠭᠢᠶᠠᠯᠢᠭ ᠬᠡᠷᠴᠢᠶᠡᠰᠦ ᠲᠡᠢ᠂ ᠤᠭ ᠲᠠᠬᠢ2—3 ᠬᠣᠣᠰ ᠥᠳᠥᠯᠢᠭ ᠢᠯᠲᠠᠰᠤ ᠨᠢ ᠠᠪᠴᠢᠭᠠᠳ ᠴᠢᠬᠢ ᠰᠢᠭ ᠪᠣᠯᠳᠠᠭ᠃ ᠬᠣᠶᠠᠷ ᠲᠠᠯ᠎ᠠ ᠳ᠋ᠤ᠌ ᠨᠢ ᠪᠦᠷ ᠦᠰᠦ ᠦᠭᠡᠢ᠂ ᠢᠯᠡᠬᠡᠨ ᠨᠠᠪᠴᠢᠨ ᠰᠤᠳᠠᠯ ᠲᠠᠢ᠂ ᠨᠠᠷᠢᠨ ᠰᠤᠳᠠᠯ ᠨᠢ4—5 ᠮᠥᠷ ᠨᠡᠢᠯᠡᠯᠳᠦᠵᠦ ᠤᠷᠲᠤ ᠳᠥᠷᠪᠡᠯᠵᠢᠨ ᠲᠣᠣᠷ ᠪᠣᠯᠳᠠᠭ᠃ ᠰᠫᠣᠷ ᠤ᠋ᠨ ᠤᠭᠤᠲᠠ ᠶ᠋ᠢᠨ ᠪᠦᠯᠦᠭ ᠨᠢ ᠪᠥᠮᠪᠥᠷᠢᠭᠡᠨ᠂ ᠰᠢᠷᠠᠪᠲᠤᠷ ᠬᠦᠷᠡᠩ᠂ ᠭᠣᠣᠯ ᠰᠤᠳᠠᠯ ᠤ᠋ᠨ ᠬᠠᠵᠠᠭᠤ ᠪᠠᠷ ᠲᠤᠰ ᠪᠦᠷᠢ2—4 ᠮᠥᠷ ᠵᠡᠷᠭᠡᠴᠡᠨ᠎ᠡ᠃ ᠤᠷᠲᠤ ᠳᠥᠷᠪᠡᠯᠵᠢᠨ ᠲᠣᠣᠷᠯᠢᠭ ᠨᠢᠭᠡ ᠪᠦᠷᠢ ᠳ᠋ᠦ᠍ ᠨᠢ ᠨᠢᠭᠡ ᠮᠥᠬᠥᠯᠢᠭ ᠪᠣᠢ᠂ ᠰᠫᠣᠷᠲ ᠤ᠋ᠨ ᠤᠭᠤᠲᠠ ᠶ᠋ᠢᠨ ᠪᠦᠯᠦᠭ ᠨᠢ ᠬᠠᠪᠬᠠᠭ ᠦᠭᠡᠢ᠃
   2ᠳᠤᠮᠳᠠᠳᠤ ᠶ᠋ᠢᠨ ᠴᠠᠷᠠᠰᠤᠨ ᠣᠢᠮ᠎ᠠ ᠣᠯᠠᠨ ᠨᠠᠰᠤᠲᠤ ᠳᠠᠭᠠᠯᠳᠤᠨ ᠤᠷᠭᠤᠬᠤ ᠡᠪᠡᠰᠦᠯᠢᠭ ᠤᠷᠭᠤᠮᠠᠯ᠃15—50cm ᠥᠨᠳᠥᠷ᠂ ᠦᠷᠡᠵᠢᠯ ᠦᠭᠡᠢ ᠨᠠᠪᠴᠢ ᠨᠢ ᠤᠷᠲᠤᠯᠵᠢᠨ ᠲᠣᠭᠣᠷᠢᠭ ᠬᠠᠪᠲᠠᠭᠠᠢ ᠲᠡᠪᠡᠨᠡ ᠬᠡᠯᠪᠡᠷᠢ ᠲᠡᠢ᠂ ᠥᠳᠥᠯᠢᠭ ᠭᠦᠨ ᠣᠨᠢ ᠲᠠᠢ᠃ ᠦᠷᠡᠵᠢᠯ ᠲᠡᠢ ᠨᠠᠪᠴᠢ ᠨᠢ ᠥᠷᠭᠡᠨ ᠬᠠᠪᠲᠠᠭᠠᠢ ᠲᠡᠪᠡᠨᠡ ᠬᠡᠯᠪᠡᠷᠢ ᠲᠡᠢ᠂ ᠭᠦᠨ ᠥᠳᠥᠯᠢᠭ ᠣᠨᠢ ᠲᠠᠢ ᠪᠥᠭᠡᠳ ᠪᠠᠷᠤᠭ ᠨᠠᠪᠴᠢᠨ ᠲᠡᠩᠭᠡᠯᠢᠭ ᠲᠡᠭᠡᠨ ᠬᠦᠷᠳᠡᠭ᠃ ᠰᠡᠵᠢᠭᠦᠷ ᠢᠯᠲᠠᠰᠤ ᠶ᠋ᠢᠨ ᠥᠷᠭᠡᠨ ᠨᠢ1cm ᠣᠷᠴᠢᠮ᠂ ᠮᠤᠬᠤᠷ ᠱᠣᠪᠬᠣ ᠦᠵᠦᠭᠦᠷ ᠲᠡᠢ᠃ ᠨᠠᠷᠢᠨ ᠳᠠᠯᠠᠪᠴᠢ ᠰᠢᠭ᠋ ᠪᠠᠷᠢᠭᠤᠯ ᠪᠠ ᠦᠶ᠎ᠡ ᠲᠡᠢ᠃ ᠨᠠᠪᠴᠢᠨ ᠰᠤᠳᠠᠯ ᠨᠢ ᠲᠣᠳᠣᠷᠬᠠᠢ᠂ ᠨᠡᠢᠯᠡᠭᠡᠳ ᠡᠮᠬᠢ ᠦᠭᠡᠢ ᠲᠣᠣᠷ ᠪᠣᠯᠳᠠᠭ᠃ ᠰᠫᠣᠷ ᠤ᠋ᠨ ᠤᠭᠤᠲᠠ ᠶ᠋ᠢᠨ ᠪᠦᠯᠦᠭ ᠨᠢ ᠪᠥᠮᠪᠥᠷᠢᠭᠡᠨ᠂ ᠭᠣᠣᠯ ᠰᠤᠳᠠᠯ ᠤ᠋ᠨ ᠬᠣᠶᠠᠷ ᠬᠠᠵᠠᠭᠤ ᠳ᠋ᠤ᠌ ᠲᠤᠰ ᠪᠦᠷᠢ ᠨᠢᠭᠡ ᠮᠥᠷ ᠪᠠᠢᠷᠢᠯᠠᠨ᠎ᠠ᠃
   [ ᠤᠷᠭᠤᠬᠤ ᠣᠷᠴᠢᠨ ᠬᠢᠭᠡᠳ ᠲᠠᠷᠬᠠᠴᠠ] ᠮᠣᠳᠣᠨ ᠰᠠᠯᠠᠭ᠎ᠠ ᠪᠤᠶᠤ ᠬᠠᠳᠠ ᠴᠢᠯᠠᠭᠤᠨ ᠳᠡᠭᠡᠷ᠎ᠡ ᠳᠠᠭᠠᠯᠳᠤᠨ ᠤᠷᠭᠤᠨ᠎ᠠ᠃ ᠴᠠᠷᠠᠰᠤᠨ ᠣᠢᠮ᠎ᠠ ᠪᠣᠯ ᠵᠧᠵᠢᠶᠠᠩ᠂ ᠵᠢᠶᠠᠩᠰᠢ᠂ ᠹᠦᠵᠢᠶᠠᠨ᠂ ᠲᠠᠢᠸᠠᠨ᠂ ᠬᠤᠪᠧᠢ᠂ ᠬᠤᠨᠠᠨ᠂ ᠭᠤᠸᠠᠩᠳ᠋ᠥ᠋ᠩ᠂ ᠰᠧᠴᠤᠸᠠᠨ᠂ ᠭᠦᠢᠵᠧᠦ᠂ ᠶᠦᠨᠨᠠᠨ ᠳ᠋ᠤ᠌ ᠲᠠᠷᠬᠠᠴᠠ ᠲᠠᠢ᠃ ᠳᠤᠮᠳᠠᠳᠤ ᠶ᠋ᠢᠨ ᠴᠠᠷᠠᠰᠤᠨ ᠣᠢᠮ᠎ᠠ ᠪᠣᠯ ᠱᠠᠨᠰᠢ᠂ ᠨᠢᠩᠰᠢᠶᠠ᠂ ᠭᠠᠨᠰᠦ᠂ ᠬᠥᠬᠡᠨᠠᠭᠤᠷ᠂ ᠰᠧᠴᠤᠸᠠᠨ᠂ ᠶᠦᠨᠨᠠᠨ᠂ ᠲᠥᠪᠡᠳ ᠲᠦ᠍ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ] ᠪᠦᠬᠦ ᠵᠢᠯ ᠳ᠋ᠡᠭᠡᠨ ᠪᠦᠷ ᠲᠡᠭᠦᠵᠦ ᠪᠣᠯᠤᠨ᠎ᠠ᠃ ᠣᠯᠠᠩᠬᠢ ᠳ᠋ᠠᠭᠠᠨ ᠰᠡᠯᠡᠭᠦᠦ ᠴᠠᠭ ᠪᠤᠶᠤ4—8 ᠳ᠋ᠤᠭᠠᠷ ᠰᠠᠷ᠎ᠠ ᠳ᠋ᠤ᠌ ᠦᠨᠳᠦᠰᠦᠯᠢᠭ ᠡᠰᠢ ᠶ᠋ᠢ ᠨᠢ ᠮᠠᠯᠲᠠᠨ ᠠᠪᠴᠤ ᠰᠢᠪᠠᠷ ᠰᠢᠷᠣᠢ᠂ ᠳᠠᠭᠠᠯᠲᠠ ᠨᠠᠪᠴᠢ ᠶ᠋ᠢ ᠨᠢ ᠠᠷᠢᠯᠭᠠᠵᠤ ᠬᠠᠶᠠᠭᠠᠳ᠂ ᠨᠠᠷᠠᠨ ᠳ᠋ᠤ᠌ ᠬᠠᠲᠠᠭᠠᠭᠰᠠᠨ ᠤ᠋ ᠰᠡᠭᠦᠯᠡᠷ ᠦᠰᠦ ᠶ᠋ᠢ ᠨᠢ ᠬᠤᠢᠬᠠᠯᠠᠵᠤ ᠠᠷᠢᠯᠭᠠᠨ᠎ᠠ
   [ ᠠᠮᠲᠠ᠂ ᠴᠢᠨᠠᠷ᠂ ᠡᠷᠳᠡᠮ] ᠭᠠᠰᠢᠭᠤᠨ ᠠᠮᠲᠠ ᠲᠠᠢ᠃ ᠰᠡᠷᠢᠭᠦᠨ ᠴᠢᠨᠠᠷ ᠲᠠᠢ᠃
   [ ᠴᠢᠳᠠᠯ ᠪᠠ ᠭᠣᠣᠯᠳᠠᠭᠤ ᠵᠠᠰᠠᠬᠤ] ᠬᠠᠯᠠᠭᠤᠨ ᠢ᠋ ᠠᠷᠢᠯᠭᠠᠵᠤ᠂ ᠬᠣᠣᠷ ᠢ᠋ ᠲᠠᠢᠯᠬᠤ᠂ ᠴᠢᠰᠤ ᠶ᠋ᠢ ᠵᠣᠭᠰᠣᠭᠠᠬᠤ᠂ ᠰᠢᠷᠬ᠎ᠠ ᠶ᠋ᠢ ᠠᠨᠠᠭᠠᠬᠤ ᠴᠢᠳᠠᠯ ᠲᠠᠢ᠃ ᠭᠣᠣᠯᠳᠠᠭᠤ ᠮᠢᠬᠠᠨ ᠤ᠋ ᠬᠣᠣᠷ᠂ ᠨᠠᠢᠷᠠᠭᠤᠯᠤᠭᠰᠠᠨ ᠬᠣᠣᠷ᠂ ᠪᠥᠭᠡᠷᠡᠨ ᠦ᠌ ᠬᠠᠯᠠᠭᠤᠨ᠂ ᠰᠢᠷᠬ᠎ᠠ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄骨碎朴(1檞蕨、2中华槲蕨)
   ᠠᠩᠭ᠌ᠯᠢ ᠨᠡᠷ᠎ᠡ᠄1 Drynaria fortunei (Kunze) J. Smith 2 Drynaria baronii(chris) Diels

   ᠦᠰᠦᠭ ᠠᠮᠢᠯᠠᠭᠤᠯᠤᠭᠴᠢ᠄ ᠲᠤᠶᠠᠭ᠎ᠠ
   ᠬᠢᠨᠠᠭᠴᠢ᠄ ᠥᠯᠵᠡᠢᠪᠠᠭᠠᠲᠤᠷ