ᠮᠣᠩᠭᠣᠯ ᠰᠢᠲᠠᠷ᠎ᠠ ᠶᠢᠨ ᠳᠦᠷᠢᠮ Монгол шатрын дүрэм ᠨᠠᠭᠠᠳᠤᠮ ᠰᠫᠣᠷᠲ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠰᠢᠲᠠᠷ᠎ᠠ ᠶᠢᠨ ᠳᠦᠷᠢᠮ Монгол шатрын дүрэм

ᠮᠣᠩᠭᠣᠯ ᠰᠢᠲᠠᠷ᠎ᠠ ᠶᠢᠨ ᠳᠦᠷᠢᠮ Монгол шатрын дүрэм

2024-10-14

665


               ᠡᠮᠦᠨᠡᠬᠢ ᠦᠭᠡ      

       ᠲᠤᠰ ᠳᠦᠷᠢᠮ ᠢ᠋ ᠥᠪᠥᠷ ᠮᠣᠩᠭᠣᠯ ᠤ᠋ᠨ ᠮᠣᠩᠭᠣᠯ ᠰᠢᠲᠠᠷ᠎ᠠ ᠶ᠋ᠢᠨ ᠨᠡᠢᠭᠡᠮᠯᠢᠭ ᠡᠴᠡ ᠵᠣᠬᠢᠶᠠᠨ ᠪᠠᠢᠭᠤᠯᠤᠭᠰᠠᠨ ᠪᠤᠶᠤ ᠵᠥᠪᠰᠢᠶᠡᠷᠡᠭᠰᠡᠨ ᠤᠷᠤᠯᠳᠤᠭᠠᠨ᠂ ᠬᠥᠳᠡᠯᠭᠡᠭᠡᠨ ᠳ᠋ᠦ᠍ ᠵᠠᠪᠠᠯ ᠮᠥᠷᠳᠡᠬᠦ ᠶᠣᠰᠣᠲᠠᠢ᠃ ᠲᠤᠰ ᠨᠡᠢᠭᠡᠮᠯᠢᠭ ᠦ᠋ᠨ ᠪᠤᠰᠤ ᠡᠲᠡᠭᠡᠳ ᠡᠴᠡ ᠵᠣᠬᠢᠶᠠᠨ ᠪᠠᠢᠭᠤᠯᠵᠤ ᠪᠠᠢᠭ᠎ᠠ ᠲᠣᠭᠯᠠᠯᠲᠠ ᠳ᠋ᠤ᠌ ᠮᠥᠨ ᠲᠤᠰ ᠳᠦᠷᠢᠮ ᠢ᠋ ᠮᠥᠷᠳᠡᠬᠦ ᠶ᠋ᠢ ᠬᠦᠰᠡᠨ ᠵᠥᠪᠯᠡᠵᠦ ᠪᠠᠢᠨ᠎ᠠ᠃ 
       ᠥᠪᠥᠷ ᠮᠣᠩᠭᠣᠯ ᠤ᠋ᠨ ᠮᠣᠩᠭᠣᠯ ᠰᠢᠳᠡᠷ᠎ᠡ ᠶ᠋ᠢᠨ ᠨᠡᠢᠭᠡᠮᠯᠢᠭ ᠦ᠋ᠨ ᠭᠡᠰᠢᠭᠦᠨ ᠨᠡᠢᠭᠡᠮᠯᠢᠭ ᠡᠴᠡ ᠵᠣᠬᠢᠶᠠᠨ ᠪᠠᠢᠭᠤᠯᠵᠤ ᠪᠠᠢᠭ᠎ᠠ ᠦᠶ᠎ᠡ ᠳ᠋ᠦ᠍ ᠲᠤᠰ ᠰᠢᠳᠡᠷ᠎ᠡ ᠶ᠋ᠢᠨ ᠳᠦᠷᠢᠮ ᠲᠡᠢ ᠬᠣᠯᠪᠣᠭ᠎ᠠ ᠲᠠᠢ ᠠᠰᠠᠭᠤᠳᠠᠯ ᠢ᠋ᠶ᠋ᠠᠷ ᠵᠢᠷᠤᠮ ᠤ᠋ᠨ ᠵᠣᠬᠢᠴᠠᠭᠤᠯᠤᠯᠲᠠ ᠬᠢᠬᠦ ᠬᠦᠰᠡᠯᠲᠡ ᠭᠠᠷᠭᠠᠵᠤ ᠪᠣᠯᠤᠨ᠎ᠠ᠃ ᠪᠠᠰᠠ ᠮᠣᠩᠭᠣᠯ ᠰᠢᠲᠠᠷ᠎ᠠ ᠶ᠋ᠢᠨ ᠢ᠋ᠶ᠋ᠡᠨ ᠤᠯᠠᠮᠵᠢᠯᠠᠯᠲᠤ ᠰᠠᠢᠬᠠᠨ ᠰᠣᠶᠣᠯ ᠢ᠋ᠶ᠋ᠠᠨ ᠬᠠᠳᠠᠭᠠᠯᠠᠵᠤ ᠪᠠᠳᠠᠷᠠᠭᠤᠯᠬᠤ ᠶ᠋ᠢᠨ ᠲᠥᠯᠥᠭᠡ ᠤᠯᠠᠮ ᠨᠠᠷᠢᠪᠴᠢᠯᠠᠭᠰᠠᠨ ᠳᠦᠷᠢᠮ ᠢ᠋ ᠨᠡᠮᠡᠨ ᠬᠡᠷᠡᠭᠵᠢᠭᠦᠯᠵᠦ ᠪᠣᠯᠤᠨ᠎ᠠ᠃ 
       ᠳᠡᠭᠡᠷ᠎ᠡ ᠳᠤᠷᠠᠳᠤᠭᠰᠠᠨ ᠨᠡᠮᠡᠯᠲᠡ ᠳᠦᠷᠢᠮ ᠨᠢ ᠳᠣᠣᠷᠠᠬᠢ ᠭᠤᠷᠪᠠᠨ ᠤᠷᠢᠳᠴᠢᠯᠠᠯ ᠢ᠋ ᠵᠥᠷᠢᠴᠡᠬᠦ ᠦᠭᠡᠢ ᠪᠠᠢᠬᠤ ᠶ᠋ᠢ ᠡᠷᠬᠢᠮᠯᠡᠨ᠎ᠡ᠃  
       ᠨᠢᠭᠡ᠂ ᠥᠪᠥᠷ ᠮᠣᠩᠭᠣᠯ ᠤ᠋ᠨ ᠮᠣᠩᠭᠣᠯ ᠰᠢᠳᠡᠷ᠎ᠡ ᠶ᠋ᠢᠨ ᠨᠡᠢᠭᠡᠮᠯᠢᠭ ᠦ᠋ᠨ ᠳᠦᠷᠢᠮ ᠳ᠋ᠦ᠍ ᠨᠡᠢᠴᠡᠭᠦᠯᠦᠭᠰᠡᠨ ᠪᠠᠢᠬᠤ ᠬᠡᠷᠡᠭᠲᠡᠢ᠃ 
       ᠬᠣᠶᠠᠷ᠂ ᠵᠥᠪᠬᠡᠨ ᠲᠤᠰ ᠭᠡᠰᠢᠭᠦᠨ ᠨᠡᠢᠭᠡᠮᠯᠢᠭ ᠦ᠋ᠨ ᠬᠦᠷᠢᠶ᠎ᠡ ᠬᠡᠪᠴᠢᠶᠡᠨ ᠳ᠋ᠦ᠍ ᠬᠡᠷᠡᠭᠵᠢᠭᠦᠯᠦᠨ᠎ᠡ᠃ 
       ᠭᠤᠷᠪᠠ᠂ ᠥᠪᠥᠷ ᠮᠣᠩᠭᠣᠯ ᠤ᠋ᠨ ᠮᠣᠩᠭᠣᠯ ᠰᠢᠳᠡᠷ᠎ᠡ ᠶ᠋ᠢᠨ ᠨᠡᠢᠭᠡᠮᠯᠢᠭ ᠡᠴᠡ ᠬᠡᠷᠡᠭᠵᠢᠭᠦᠯᠬᠦ ᠶ᠋ᠢ ᠠᠩᠬ᠎ᠠ ᠠᠯᠬᠤᠮ ᠵᠥᠪᠰᠢᠶᠡᠷᠡᠬᠦ ᠦᠭᠡᠢ᠃ ᠳᠠᠷᠤᠢ ᠥᠪᠥᠷ ᠮᠣᠩᠭᠣᠯ ᠤ᠋ᠨ ᠮᠣᠩᠭᠣᠯ ᠰᠢᠲᠠᠷ᠎ᠠ ᠶ᠋ᠢᠨ ᠨᠡᠢᠭᠡᠮᠯᠢᠭ ᠢ᠋ ᠲᠥᠯᠥᠭᠡᠯᠡᠬᠦ ᠰᠢᠲᠠᠷᠠᠴᠢᠳ ᠤ᠋ᠨ ᠪᠠᠭ ᠢ᠋ ᠰᠢᠯᠭᠠᠷᠠᠭᠤᠯᠬᠤ ᠤᠷᠤᠯᠳᠤᠭᠠᠨ᠂ ᠨᠡᠢᠭᠡᠮᠯᠢᠭ ᠡᠴᠡ ᠴᠣᠯᠠ ᠣᠯᠭᠣᠬᠤ ᠤᠷᠤᠯᠳᠤᠭᠠᠨ᠂ ᠵᠡᠷᠭᠡ ᠳᠡᠰ ᠦ᠋ᠨ ᠬᠤᠪᠢ ᠲᠡᠮᠳᠡᠭᠯᠡᠬᠦ ᠤᠷᠤᠯᠳᠤᠭᠠᠨ ᠵᠡᠷᠭᠡ ᠳ᠋ᠦ᠍ ᠬᠡᠷᠡᠭᠯᠡᠵᠦ ᠪᠣᠯᠬᠤ ᠦᠭᠡᠢ᠃  

             ᠨᠢᠭᠡᠳᠦᠭᠡᠷ ᠪᠦᠯᠦᠭ   ᠲᠣᠭᠯᠠᠯᠲᠠ ᠶ᠋ᠢᠨ ᠦᠨᠳᠦᠰᠦᠨ ᠳᠦᠷᠢᠮ   

         ᠨᠢᠭᠡᠳᠦᠭᠡᠷ ᠵᠦᠢᠯ    ᠮᠣᠩᠭᠣᠯ ᠰᠢᠳᠡᠷ᠎ᠡ ᠶ᠋ᠢᠨ ᠲᠣᠭᠯᠠᠯᠲᠠ ᠶ᠋ᠢᠨ ᠰᠢᠨᠵᠢ ᠴᠢᠨᠠᠷ  

       ᠨᠢᠭᠡ᠂ ᠰᠢᠲᠠᠷ᠎ᠠ ᠶ᠋ᠢᠨ ᠲᠣᠭᠯᠠᠯᠲᠠ ᠨᠢ《 ᠰᠢᠲᠠᠷ᠎ᠠ ᠶ᠋ᠢᠨ ᠬᠥᠯᠭᠡ》 ᠭᠡᠮᠡᠨ ᠨᠡᠷᠡᠯᠡᠬᠦ ᠲᠡᠭᠰᠢ ᠳᠦᠷᠪᠡᠯᠵᠡᠨ ᠬᠥᠯᠭᠡ ᠳᠡᠭᠡᠷ᠎ᠡ ᠬᠣᠶᠠᠷ ᠲᠣᠭᠯᠠᠭᠴᠢ ᠰᠢᠲᠠᠷ᠎ᠠ ᠶ᠋ᠢᠨ ᠬᠦᠴᠦᠨ ᠢ᠋ᠶ᠋ᠡᠨ ᠡᠭᠡᠯᠵᠢᠯᠡᠨ ᠨᠡᠭᠦᠵᠦ ᠲᠣᠭᠯᠠᠨ᠎ᠠ᠃ ᠴᠠᠢᠪᠤᠷ ᠥᠩᠭᠡ ᠶ᠋ᠢᠨ ᠬᠦᠴᠦᠨ ᠲᠡᠢ (ᠴᠠᠭᠠᠨ) ᠲᠠᠯ᠎ᠠ ᠶ᠋ᠢᠨ ᠲᠣᠭᠯᠠᠭᠴᠢ ᠡᠬᠢᠨ ᠦ᠌ ᠨᠡᠭᠦᠳᠡᠯ ᠢ᠋ ᠭᠦᠢᠴᠡᠳᠬᠡᠵᠦ᠂ ᠪᠠᠷᠠᠭᠠᠨ ᠥᠩᠭᠡ ᠶ᠋ᠢᠨ ᠬᠦᠴᠦᠨ ᠲᠡᠢ (ᠬᠠᠷ᠎ᠠ) ᠲᠠᠯ᠎ᠠ ᠶ᠋ᠢᠨ ᠲᠣᠭᠯᠠᠭᠴᠢ ᠳᠠᠷᠠᠭ᠎ᠠ ᠶ᠋ᠢᠨ ᠨᠡᠭᠦᠳᠡᠯ ᠢ᠋ ᠨᠡᠭᠦᠨ᠎ᠡ᠃ ᠡᠭᠡᠯᠵᠢ ᠳᠠᠷᠠᠭᠠᠯᠠᠬᠤ ᠳ᠋ᠤ᠌ ᠪᠠᠨ ᠨᠥᠭᠦᠭᠡ ᠲᠠᠯ᠎ᠠ ᠶ᠋ᠢᠨ ᠲᠣᠭᠯᠠᠭᠴᠢ ᠨᠡᠭᠦᠭᠰᠡᠨ ᠦ᠌ ᠳᠠᠷᠠᠭ᠎ᠠ ᠡᠨᠡ ᠲᠠᠯ᠎ᠠ ᠰᠠᠶᠢ ᠨᠡᠭᠦᠬᠦ ᠡᠷᠬᠡ ᠲᠡᠢ ᠪᠣᠯᠤᠨ᠎ᠠ᠃  
       ᠬᠣᠶᠠᠷ᠂ ᠲᠣᠭᠯᠠᠭᠴᠢ ᠶ᠋ᠢᠨ ᠵᠣᠷᠢᠯᠭ᠎ᠠ ᠨᠢ ᠡᠰᠡᠷᠭᠦᠦ ᠲᠠᠯ᠎ᠠ ᠶ᠋ᠢᠨ ᠨᠣᠶᠠᠨ ᠤᠷᠤᠭᠤ ᠳᠣᠪᠲᠣᠯᠵᠤ (ᠱᠠᠯᠠᠵᠤ) ᠨᠡᠭᠦᠬᠦ ᠨᠡᠭᠦᠳᠡᠯ ᠦᠭᠡᠢ ᠪᠣᠯᠭᠠᠨ ᠮᠠᠳᠯᠠᠬᠤ ᠳ᠋ᠤ᠌ ᠣᠷᠣᠰᠢᠨ᠎ᠠ᠃ ᠡᠨᠡ ᠬᠦ᠌ ᠵᠣᠷᠢᠯᠭ᠎ᠠ ᠳ᠋ᠤ᠌ ᠪᠠᠨ ᠬᠦᠷᠴᠦ ᠴᠢᠳᠠᠭᠰᠠᠨ ᠲᠣᠭᠯᠠᠭᠴᠢ ᠶ᠋ᠢ ᠠᠢᠯ ᠤ᠋ᠨ ᠨᠣᠶᠠᠨ ᠢ᠋ ᠮᠠᠳᠯᠠᠭᠰᠠᠨ ᠭᠡᠵᠦ ᠲᠤᠰ ᠥᠷᠥᠭ ᠲᠦ᠍ ᠢᠯᠠᠭᠰᠠᠨ (ᠬᠣᠨᠵᠢᠭᠰᠠᠨ) ᠢ᠋ᠶ᠋ᠠᠷ ᠲᠣᠭᠠᠴᠠᠨ᠎ᠠ᠃ ᠥᠪᠡᠷ ᠦ᠋ᠨ ᠨᠣᠶᠠᠨ ᠢ᠋ᠶ᠋ᠠᠨ ᠱᠠᠯᠠᠭᠠᠨ ᠳ᠋ᠤ᠌ ᠣᠷᠬᠢᠨ ᠶᠠᠪᠤᠬᠤ᠂ ᠱᠠᠯᠠᠭᠠᠨ ᠳ᠋ᠤ᠌ ᠣᠷᠣᠭᠤᠯᠬᠤ᠂ ᠠᠢᠯ ᠤ᠋ᠨ ᠨᠣᠶᠠᠨ ᠢ᠋ ᠢᠳᠡᠬᠦ ᠵᠡᠷᠭᠡ ᠶᠠᠪᠤᠭ᠎ᠠ ᠶ᠋ᠢ ᠶᠠᠪᠤᠵᠤ ᠪᠣᠯᠬᠤ ᠦᠭᠡᠢ᠃ ᠨᠣᠶᠠᠨ ᠨᠢ ᠮᠠᠳ ᠲᠤ ᠣᠷᠣᠭᠰᠠᠨ ᠲᠣᠭᠯᠠᠭᠴᠢ ᠶ᠋ᠢ ᠲᠤᠰ ᠦᠷᠦᠭ ᠲᠦ᠍ ᠢᠯᠠᠭᠳᠠᠭᠰᠠᠨ (ᠬᠣᠨᠵᠢᠭᠳᠠᠭᠰᠠᠨ) ᠢ᠋ᠶ᠋ᠠᠷ ᠲᠣᠭᠠᠴᠠᠨ᠎ᠠ᠃  
       ᠭᠤᠷᠪᠠ᠂ ᠬᠣᠶᠠᠷ ᠲᠣᠭᠯᠠᠭᠴᠢ ᠴᠥᠮ ᠡᠰᠡᠷᠭᠦᠦ ᠲᠠᠯ᠎ᠠ ᠶ᠋ᠢᠨ ᠨᠣᠶᠠᠨ ᠢ᠋ ᠮᠠᠳᠯᠠᠵᠤ ᠴᠢᠳᠠᠬᠤ ᠦᠭᠡᠢ ᠪᠠᠢᠷᠢᠯᠠᠯ ᠲᠠᠢ ᠪᠣᠯᠪᠠᠯ᠂ ᠲᠤᠰ ᠦᠷᠦᠭ ᠢ᠋ ᠬᠠᠢᠨᠴᠠᠭᠰᠠᠨ( ᠲᠡᠩᠴᠡᠭᠰᠡᠨ) ᠢ᠋ᠶ᠋ᠡᠷ ᠲᠣᠭᠠᠴᠠᠨ᠎ᠠ᠃  

          ᠬᠣᠶᠠᠳᠤᠭᠠᠷ ᠵᠦᠢᠯ    ᠰᠢᠳᠡᠷ᠎ᠡ ᠶ᠋ᠢᠨ ᠬᠥᠯᠭᠡ᠂ ᠰᠢᠳᠡᠷ᠎ᠡ ᠶ᠋ᠢᠨ 
                               ᠬᠦᠴᠦᠨ(ᠳᠦᠷᠰᠦ) ᠵᠢᠴᠢ ᠲᠡᠳᠡᠭᠡᠷ ᠦᠨ
                               ᠬᠥᠯᠭᠡ ᠳᠡᠭᠡᠷᠡᠬᠢ ᠠᠩᠬᠠᠨ ᠤ᠋ ᠪᠠᠢᠷᠢᠯᠠᠯ 
 
       ᠨᠢᠭᠡ᠂ ᠰᠢᠳᠡᠷ᠎ᠡ ᠶ᠋ᠢᠨ ᠬᠥᠯᠭᠡ ᠨᠢ ᠴᠠᠢᠪᠤᠷ (ᠴᠠᠭᠠᠨ ᠪᠠᠭᠤᠳᠠᠯ) ᠪᠣᠯᠤᠨ ᠪᠠᠷᠠᠭᠠᠨ (ᠬᠠᠷ᠎ᠠ ᠪᠠᠭᠤᠳᠠᠯ) ᠥᠩᠭᠡ ᠰᠣᠯᠪᠢᠴᠠᠭᠰᠠᠨ᠂ ᠶᠡᠬᠡ ᠪᠠᠭ᠎ᠠ ᠨᠢ ᠠᠳᠠᠯᠢᠬᠠᠨ64(8ⅹ8) ᠲᠡᠭᠰᠢ ᠳᠦᠷᠪᠡᠯᠵᠡᠨ ᠪᠠᠭᠤᠳᠠᠯ ᠢ᠋ᠶ᠋ᠠᠷ ᠪᠦᠷᠢᠯᠳᠦᠨ᠎ᠡ᠃ ᠰᠢᠲᠠᠷ᠎ᠠ ᠶ᠋ᠢᠨ ᠬᠥᠯᠭᠡ ᠨᠢ ᠲᠣᠭᠯᠠᠭᠴᠢᠳ ᠤ᠋ᠨ ᠳᠤᠮᠳᠠ ᠪᠠᠢᠷᠢᠯᠠᠵᠤ᠂ ᠲᠣᠭᠯᠠᠭᠴᠢ ᠶ᠋ᠢᠨ ᠪᠠᠷᠠᠭᠤᠨ ᠭᠠᠷ ᠲᠠᠯ᠎ᠠ ᠶ᠋ᠢᠨ ᠣᠢᠷᠠᠬᠠᠨ ᠥᠨᠴᠥᠭ ᠨᠢ ᠴᠠᠭᠠᠨ ᠪᠠᠭᠤᠳᠠᠯ ᠪᠠᠢᠬᠤ ᠶᠣᠰᠣᠲᠠᠢ᠃ 

         ᠵᠢᠷᠤᠭ ᠨᠢᠭᠡ᠂ ᠰᠢᠲᠠᠷ᠎ᠠ ᠶ᠋ᠢᠨ ᠬᠥᠯᠭᠡ  


       ᠬᠣᠶᠠᠷ᠂ ᠬᠥᠯᠭᠡ ᠶ᠋ᠢᠨ ᠪᠠᠭᠤᠳᠠᠯ ᠤ᠋ᠨ ᠭᠤᠯᠳᠤ ᠨᠠᠢ᠍ᠮᠠᠨ ᠮᠥᠷ ᠢ᠋《ᠪᠣᠰᠤᠭ᠎ᠠ ᠱᠤᠭᠤᠮ》 ᠪᠤᠶᠤ ᠬᠢᠯᠪᠠᠷᠴᠢᠯᠠᠨ《ᠡᠩᠨᠡᠭᠡ》 ᠭᠡᠵᠦ ᠨᠠᠷᠠᠯᠠᠨ᠎ᠠ᠃ ᠥᠨᠴᠥᠭ ᠦ᠋ᠨ ᠴᠠᠭ ᠢ᠋ᠶ᠋ᠠᠨ ᠬᠠᠷᠢᠯᠴᠠᠨ ᠳᠡᠷᠡᠯᠡᠭᠰᠡᠨ ᠠᠳᠠᠯᠢ ᠥᠩᠭᠡ ᠲᠡᠢ ᠪᠠᠭᠤᠳᠠᠯ ᠤ᠋ᠨ ᠵᠢᠰᠢᠭᠦᠦ ᠮᠥᠷᠦᠯᠡᠯ ᠢ᠋《ᠲᠠᠰᠢᠭᠤ ᠱᠤᠭᠤᠮ》 ᠪᠤᠶᠤ ᠬᠢᠯᠪᠠᠷᠴᠢᠯᠠᠨ《ᠲᠠᠰᠢᠭᠤᠪᠴᠢ》 ᠭᠡᠵᠦ ᠨᠡᠷᠡᠯᠡᠨ᠎ᠡ᠃ ᠳᠡᠭᠡᠷᠡᠬᠢ ᠭᠤᠷᠪᠠᠨ ᠨᠡᠷᠡᠢᠳᠦᠯ ᠢ᠋ ᠶᠡᠷᠦᠩᠬᠡᠢᠯᠡᠭᠡᠳ《ᠵᠠᠮ》 ᠭᠡᠵᠦ ᠳᠠᠭᠤᠳᠠᠨ᠎ᠠ᠃  
       ᠭᠤᠷᠪᠠ᠂ ᠰᠢᠳᠡᠷ᠎ᠡ ᠶ᠋ᠢᠨ ᠬᠦᠴᠦᠨ 
       (ᠨᠢᠭᠡ) ᠲᠣᠭᠯᠠᠯᠲᠠ ᠡᠬᠢᠯᠡᠬᠦ ᠳ᠋ᠦ᠍᠂ ᠴᠠᠭᠠᠨ ᠲᠠᠯ᠎ᠠ ᠶ᠋ᠢᠨ ᠲᠣᠭᠯᠠᠭᠴᠢ ᠨᠢ ᠴᠠᠢᠪᠤᠷ ᠥᠩᠭᠡ ᠶ᠋ᠢᠨ16 ᠬᠦᠴᠦᠨ ᠲᠡᠢ᠂ ᠬᠠᠷ᠎ᠠ ᠲᠠᠯ᠎ᠠ ᠶ᠋ᠢᠨ ᠲᠣᠭᠯᠠᠭᠴᠢ ᠨᠢ ᠮᠥᠨ ᠪᠠᠷᠠᠭᠠᠨ ᠥᠩᠭᠡ ᠶ᠋ᠢᠨ16 ᠬᠦᠴᠦᠨ ᠲᠡᠢ ᠪᠠᠢᠨ᠎ᠠ᠃  
       ᠮᠣᠩᠭᠣᠯ ᠰᠢᠳᠡᠷ᠎ᠡ ᠶ᠋ᠢᠨ ᠬᠦᠴᠦᠨ ᠨᠢ ᠵᠢᠷᠭᠤᠭᠠᠨ ᠵᠦᠢᠯ ᠪᠠᠢᠬᠤ ᠪᠥᠭᠡᠳ᠂ ᠮᠣᠩᠭᠣᠯᠴᠤᠳ ᠡᠭᠦᠨ ᠢ᠋ ᠪᠡᠨ ᠨᠣᠶᠠᠨ ᠪᠡᠷᠰᠡ᠂ ᠲᠡᠮᠡᠭᠡ᠂ ᠮᠣᠷᠢ᠂ ᠬᠠᠩᠭᠠᠢ (ᠲᠡᠷᠭᠡ)᠂ ᠬᠦᠦ ᠭᠡᠮᠡᠨ ᠲᠤᠰ ᠲᠤᠰ ᠴᠣᠯᠠ ᠥᠭᠭᠦᠭᠰᠡᠨ ᠪᠠᠢᠨ᠎ᠠ᠃ 
       ᠡᠳᠡᠭᠡᠷ ᠬᠦᠴᠦᠨ ᠨᠢ ᠬᠣᠶᠠᠷ ᠲᠠᠯ᠎ᠠ ᠳ᠋ᠤ᠌ ᠪᠠᠨ ᠲᠤᠰ ᠲᠤᠰ ᠨᠢᠭᠡ ᠨᠣᠶᠠᠨ᠂ ᠨᠢᠭᠡ ᠪᠡᠷᠰᠡ᠂ ᠬᠣᠶᠠᠷ ᠲᠡᠮᠡᠭᠡ᠂ ᠬᠣᠶᠠᠷ ᠮᠣᠷᠢ᠂ ᠬᠣᠶᠠᠷ ᠬᠠᠩᠭᠠᠢ (ᠲᠡᠷᠭᠡ)᠂ ᠨᠠᠢ᠍ᠮᠠᠨ ᠬᠦᠦ ᠲᠡᠢ ᠪᠠᠢᠨ᠎ᠠ᠃ ᠪᠡᠷᠰᠡ᠂ ᠬᠠᠩᠭᠠᠢ᠂ ᠲᠡᠮᠡᠭᠡ᠂ ᠮᠣᠷᠢ ᠶ᠋ᠢ ᠴᠣᠭ ᠲᠤ ᠨᠢ ᠪᠤᠲᠠ ᠭᠡᠵᠦ ᠳᠠᠭᠤᠳᠠᠳᠠᠭ᠃ 
       ᠬᠦᠴᠦᠨ ᠪᠦᠷᠢ ᠲᠣᠪᠴᠢᠯᠠᠭᠰᠠᠨ ᠲᠡᠮᠳᠡᠭᠯᠡᠭᠡ ᠲᠡᠢ᠃ ᠮᠣᠩᠭᠣᠯ ᠬᠡᠯᠡ ᠪᠡᠷ ᠡᠨᠡ ᠨᠢ ᠲᠤᠬᠠᠢ ᠶ᠋ᠢᠨ ᠨᠡᠷ᠎ᠡ ᠶ᠋ᠢᠨ ᠡᠬᠢᠨ ᠦ᠌ ᠦᠰᠦᠭ ᠢ᠋ᠶ᠋ᠡᠷ ᠲᠡᠮᠳᠡᠭᠯᠡᠨ᠎ᠡ᠃ ᠳᠠᠷᠤᠢ ᠨᠣ = ᠨᠣᠶᠠᠨ᠂ ᠪᠠ᠊ = ᠪᠡᠷᠰᠡ᠂ ᠬᠠ = ᠬᠠᠩᠭᠠᠢ᠂ ᠲᠡ᠊ = ᠲᠡᠮᠡᠭᠡ᠂ ᠮᠣ = ᠮᠣᠷᠢ᠂ ᠬᠦ᠊ = ᠬᠦᠦ᠃  
       ᠳᠡᠯᠡᠬᠡᠢ ᠶ᠋ᠢᠨ ᠰᠢᠲᠠᠷ᠎ᠠ ᠲᠣᠭᠯᠠᠬᠤ ᠳ᠋ᠤ᠌ ᠮᠣᠩᠭᠣᠯᠴᠤᠳ ᠮᠥᠨ ᠮᠣᠩᠭᠣᠯ ᠰᠢᠲᠠᠷ᠎ᠠ ᠶ᠋ᠢᠨ ᠬᠦᠴᠦᠨ ᠦ᠌ ᠨᠡᠷ᠎ᠡ ᠶ᠋ᠢ ᠬᠡᠷᠡᠭᠯᠡᠳᠡᠭ᠃ ᠡᠭᠦᠨ ᠳ᠋ᠦ᠍᠄ ᠨᠣᠶᠠᠨ=ing᠂ ᠪᠡᠷᠰᠡ=Queen᠂ ᠬᠠᠩᠭᠠᠢ=Rook᠂ ᠲᠡᠮᠡᠭᠡ=Bishop᠂ ᠮᠣᠷᠢ=Knight᠂ ᠬᠦᠦ=Pawn᠃  
       ᠮᠣᠩᠭᠣᠯ ᠰᠢᠲᠠᠷ᠎ᠠ ᠶ᠋ᠢᠨ ᠬᠦᠴᠦᠨ ᠦ᠌ ᠨᠡᠷ᠎ᠡ ᠶ᠋ᠢ ᠥᠭᠡᠷ᠎ᠡ ᠤᠯᠤᠰ ᠦᠨᠳᠦᠰᠦᠲᠡᠨ ᠦ᠌ ᠲᠣᠭᠯᠠᠭᠴᠢ ᠠᠩᠭ᠌ᠯᠢ ᠬᠡᠯᠡ ᠪᠡᠷ ᠪᠤᠶᠤ ᠥᠪᠡᠷ ᠦ᠋ᠨ ᠣᠷᠣᠨ ᠳ᠋ᠤ᠌ ᠨᠡᠢᠲᠡᠯᠢᠭ ᠬᠡᠷᠡᠭᠯᠡᠳᠡᠭ ᠳᠡᠯᠡᠬᠡᠢ ᠶ᠋ᠢᠨ ᠰᠢᠳᠡᠷ᠎ᠡ ᠶ᠋ᠢᠨ ᠨᠡᠷ᠎ᠡ ᠶ᠋ᠢ ᠴᠢᠯᠥᠭᠡᠲᠡᠢ ᠪᠡᠷ ᠲᠠᠭᠠᠷᠠᠭᠤᠯᠤᠨ ᠲᠣᠪᠴᠢᠯᠠᠨ ᠬᠡᠷᠡᠭᠯᠡᠵᠦ ᠪᠣᠯᠤᠨ᠎ᠠ᠃ 
       ᠵᠢᠱ᠌ᠢᠶ᠎ᠡ ᠨᠢ᠄ ᠺᠡᠷᠢᠯ ᠢ᠋ᠶ᠋ᠡᠷ ᠨᠣᠶᠠᠨ=Н᠂ ᠪᠡᠷᠰᠡ=Б᠂ ᠬᠠᠩᠭᠠᠢ( ᠲᠡᠷᠭᠡ)=Тр᠂ ᠲᠡᠮᠡᠭᠡ=Т᠂ ᠮᠣᠷᠢ=М᠂ ᠬᠦᠦ=Х᠃ 
       ᠠᠩᠭ᠌ᠯᠢ ᠪᠠᠷ ᠨᠣᠶᠠᠨ=K᠂ ᠪᠡᠷᠰᠡ=Q᠂ ᠬᠠᠩᠭᠠᠢ( ᠲᠡᠷᠭᠡ)=R᠂ ᠲᠡᠮᠡᠭᠡ=B᠂ ᠮᠣᠷᠢ=N᠂ ᠬᠦᠦ=P᠃  
       ᠬᠢᠲᠠᠳ ᠢ᠋ᠶ᠋ᠠᠷ ᠨᠣᠶᠠᠨ=王᠂ ᠪᠡᠷᠰᠡ=后᠂ ᠬᠠᠩᠭᠠᠢ=车᠂ ᠲᠡᠮᠡᠭᠡ=象᠂ ᠮᠣᠷᠢ=马᠂ ᠬᠦᠦ=兵᠃  
       (ᠬᠣᠶᠠᠷ) ᠥᠪᠥᠷ ᠮᠣᠩᠭᠣᠯ ᠤ᠋ᠨ ᠮᠣᠩᠭᠣᠯ ᠰᠢᠲᠠᠷ᠎ᠠ ᠶ᠋ᠢᠨ ᠨᠡᠢᠭᠡᠮᠯᠢᠭ ᠡᠴᠡ ᠵᠣᠬᠢᠶᠠᠨ ᠪᠠᠢᠭᠤᠯᠵᠤ ᠪᠠᠢᠭ᠎ᠠ ᠤᠷᠤᠯᠳᠤᠭᠠᠨ ᠲᠡᠮᠡᠴᠡᠭᠡᠨ ᠳ᠋ᠦ᠍ ᠲᠤᠰ ᠨᠡᠢᠭᠡᠮᠯᠢᠭ ᠡᠴᠡ ᠵᠥᠪᠰᠢᠶᠡᠷᠡᠭᠰᠡᠨ ᠰᠢᠲᠠᠷ᠎ᠠ ᠶ᠋ᠢ ᠬᠡᠷᠡᠭᠯᠡᠨ᠎ᠡ᠃  
       ᠭᠡᠪᠡᠴᠦ ᠰᠢᠲᠠᠷ᠎ᠠ ᠶ᠋ᠢᠨ ᠬᠦᠴᠦᠨ ᠦ᠌ ᠳᠦᠷᠰᠦ ᠶ᠋ᠢ ᠢᠯᠡᠳᠬᠡᠭᠰᠡᠨ ᠣᠯᠠᠨ ᠰᠠᠢᠬᠠᠨ ᠰᠡᠢᠯᠪᠦᠷᠢ ᠲᠡᠢ ᠤᠷᠠᠨ ᠪᠠᠷᠢᠮᠠᠯ ᠤ᠋ᠳ ᠡᠷᠲᠡᠨ ᠡᠴᠡ ᠮᠣᠩᠭᠣᠯᠴᠤᠳ ᠤ᠋ᠨ ᠳᠤᠮᠳᠠ ᠳᠡᠯᠭᠡᠷᠡᠭᠰᠡᠭᠡᠷ ᠢᠷᠡᠭᠰᠡᠨ ᠲᠡᠦᠬᠡ ᠲᠡᠢ᠃ ᠡᠨᠡᠬᠦ ᠦᠢ ᠣᠯᠠᠨ ᠤᠷᠠᠴᠤᠳ ᠤ᠋ᠨ ᠣᠶᠤᠨ ᠤᠬᠠᠭᠠᠨ ᠢ᠋ ᠰᠢᠩᠭᠡᠭᠰᠡᠨ᠂ ᠡᠯ᠎ᠡ ᠨᠤᠲᠤᠭ ᠤ᠋ᠨ ᠣᠨᠴᠠᠯᠢᠭ ᠲᠠᠢ ᠰᠣᠶᠣᠯ ᠤ᠋ᠨ ᠰᠠᠢᠬᠠᠨ ᠴᠡᠴᠡᠭ ᠦ᠋ᠳ ᠢ᠋ ᠥᠪᠡᠷ ᠥᠪᠡᠷ ᠦ᠋ᠨ ᠥᠩᠭᠡ ᠪᠡᠷ ᠨᠢ ᠤᠯᠠᠮ ᠤᠯᠠᠮ ᠳᠡᠯᠭᠡᠷᠡᠭᠦᠯᠬᠦ ᠶ᠋ᠢᠨ ᠲᠥᠯᠥᠭᠡ᠂ ᠡᠯ᠎ᠡ ᠭᠡᠰᠢᠭᠦᠨ ᠨᠡᠢᠭᠡᠮᠯᠢᠭ ᠠᠯᠢ ᠭᠠᠵᠠᠷ ᠤᠷᠤᠯᠳᠤᠭᠠᠨ ᠶᠠᠪᠤᠭᠤᠯᠪᠠᠯ ᠲᠡᠷᠡ ᠨᠤᠲᠤᠭ ᠲᠤ ᠣᠳᠣ ᠳ᠋ᠤ᠌ ᠪᠠᠨ ᠨᠡᠢᠲᠡᠯᠢᠭ ᠬᠡᠷᠡᠭᠯᠡᠳᠡᠭ ᠰᠢᠲᠠᠷ᠎ᠠ ᠪᠠᠷ ᠲᠣᠭᠯᠠᠵᠤ ᠪᠣᠯᠤᠨ᠎ᠠ᠃  

         ᠵᠢᠷᠤᠭ ᠬᠣᠶᠠᠷ ᠂  ᠰᠢᠳᠡᠷ᠎ᠡ ᠶ᠋ᠢᠨ ᠬᠦᠴᠦᠨ ᠦ᠌ ᠪᠠᠷᠢᠮᠠᠯ ᠳᠦᠷᠰᠦ  

 
       ᠰᠢᠲᠠᠷ᠎ᠠ ᠶᠢᠨ ᠬᠦᠴᠦᠨ ᠦ ᠲᠣᠮᠢᠶᠠᠯᠠᠭᠰᠠᠨ ᠵᠢᠷᠤᠭ ᠨᠢ ᠰᠢᠲᠠᠷ᠎ᠠ ᠶᠢᠨ ᠳᠤᠬᠠᠢ ᠨᠣᠮ᠂ ᠵᠣᠬᠢᠶᠠᠯ ᠪᠦᠲᠦᠭᠡᠯ᠂ ᠰᠡᠳᠬᠦᠯ ᠵᠡᠷᠭᠡ ᠬᠡᠪᠯᠡᠯ ᠳ᠋ᠤ᠌ ᠬᠡᠷᠡᠭᠯᠡᠳᠡᠭ ᠤᠴᠢᠷ ᠡᠷᠬᠡᠪᠰᠢ ᠪᠠᠷᠢᠮᠵᠢᠶᠠᠵᠢᠭᠤᠯᠬᠤ ᠶᠣᠰᠣᠲᠠᠢ᠃

         ᠵᠢᠷᠤᠭ ᠭᠤᠷᠪᠠ᠂  ᠰᠢᠳᠡᠷ᠎ᠡ ᠶ᠋ᠢᠨ ᠬᠦᠴᠦᠨ ᠦ᠌ ᠲᠣᠮᠢᠶ᠎ᠠ ᠵᠢᠷᠤᠭ 


       (ᠭᠤᠷᠪᠠ)  ᠲᠣᠭᠯᠠᠯᠲᠠ ᠡᠬᠢᠯᠡᠬᠦ ᠦᠶ᠎ᠡ ᠪᠡᠷ ᠰᠢᠲᠠᠷ᠎ᠠ ᠶᠢᠨ ᠬᠥᠯᠭᠡ ᠳᠡᠭᠡᠷᠡᠬᠢ ᠬᠦᠴᠦᠨ ᠦ ᠠᠩᠬᠠᠨ ᠤ ᠪᠠᠢᠷᠢᠯᠠᠯ ᠨᠢ ᠳᠣᠣᠷᠡᠬᠢ ᠵᠢᠷᠤᠭ ᠮᠡᠲᠦ ᠪᠠᠢᠨ᠎ᠠ᠃ ᠳᠠᠷᠤᠢ ᠴᠠᠭᠠᠨ ᠲᠠᠯ᠎ᠠ ᠶᠢᠨ ᠪᠠᠷᠰᠠ ᠨᠢ ᠴᠠᠭᠠᠨ ᠪᠠᠭᠤᠳᠠᠯ ᠳᠡᠭᠡᠷ᠎ᠡ᠂ ᠬᠠᠷ᠎ᠠ ᠲᠠᠯ᠎ᠠ ᠶᠢᠨ ᠪᠠᠷᠰᠠ ᠨᠢ ᠬᠠᠷ᠎ᠠ ᠪᠠᠭᠤᠳᠠᠯ ᠳᠡᠭᠡᠷ᠎ᠡ ᠥᠷᠥᠵᠦ ᠪᠠᠢᠳᠠᠭ᠃

         ᠵᠢᠷᠤᠭ ᠳᠥᠷᠪᠡ ᠂  ᠰᠢᠲᠠᠷ᠎ᠠ ᠶᠢᠨ ᠬᠦᠴᠦᠨ ᠦ ᠭᠠᠷᠤᠭᠠᠨ ᠤ ᠪᠠᠢᠷᠢᠯᠠᠯ


         ᠭᠤᠷᠪᠠᠳᠤᠭᠠᠷ ᠵᠦᠢᠯ   ᠰᠢᠲᠠᠷ᠎ᠠ ᠶᠢᠨ ᠬᠦᠴᠦᠨ ᠦ ᠨᠡᠭᠦᠳᠡᠯ

       ᠨᠢᠭᠡ᠂ ᠰᠢᠲᠠᠷ᠎ᠠ ᠶᠢᠨ ᠶᠠᠮᠠᠷ ᠴᠤ᠌ ᠬᠦᠴᠦᠨ ᠥᠪᠡᠷ ᠦᠨ ᠲᠠᠯ᠎ᠠ ᠶᠢᠨ ᠬᠦᠴᠦᠨ ᠰᠠᠭᠤᠭᠰᠠᠨ ᠪᠠᠭᠤᠳᠠᠯ ᠤᠷᠤᠭᠤ ᠳᠠᠪᠬᠤᠴᠠᠭᠤᠯᠤᠨ ᠨᠡᠬᠦᠵᠦ ᠪᠣᠯᠬᠤ ᠦᠭᠡᠢ᠃ ᠬᠡᠷᠪᠡ ᠠᠢᠯ ᠤᠨ ᠪᠣᠳᠠ ᠬᠦᠦ ᠪᠠᠢᠷᠢᠯᠠᠵᠤ ᠪᠠᠢᠭ᠎ᠠ ᠪᠠᠭᠤᠳᠠᠯ ᠢ ᠡᠵᠡᠯᠡᠬᠦ ᠪᠡᠷ ᠨᠡᠭᠦᠪᠡᠯ᠂ ᠲᠡᠨᠳᠡᠬᠢ ᠪᠣᠳᠠ ᠬᠦᠦ ᠶᠢ ᠢᠳᠡᠭᠳᠡᠭᠰᠡᠨ ᠬᠡᠮᠡᠨ ᠦᠵᠡᠵᠡᠭᠡᠵᠦ ᠬᠥᠯᠭᠡ ᠶᠢᠨ ᠲᠣᠲᠣᠷ᠎ᠠ ᠠᠴᠠ ᠵᠠᠢᠯᠠᠭᠤᠯᠤᠨ ᠭᠠᠷᠭᠠᠵᠤ᠂ ᠥᠪᠡᠷ ᠦᠨ ᠬᠦᠴᠦᠨ ᠢᠶᠡᠨ ᠲᠡᠭᠦᠨ ᠦ ᠣᠷᠣᠨ ᠳᠤ ᠲᠠᠯᠪᠢᠵᠤ᠂ ᠨᠢᠭᠡ ᠨᠡᠭᠦᠳᠡᠯ ᠢᠶᠡᠨ ᠬᠦᠢᠴᠡᠳᠬᠡᠨ᠎ᠡ᠃ ᠬᠡᠷᠪᠡ ᠶᠠᠮᠠᠷ ᠨᠢᠭᠡᠨ ᠬᠦᠴᠦᠨ ᠨᠢ ᠨᠥᠭᠥᠭᠡ ᠲᠠᠯ᠎ᠠ ᠶᠢᠨ ᠪᠤᠲᠠ ᠬᠦᠦ ᠶᠢ ᠢᠳᠡᠬᠦ ᠪᠣᠯᠣᠮᠵᠢ ᠲᠠᠢ ᠪᠣᠯ᠂ ᠲᠡᠭᠦᠨ ᠢ《ᠪᠠᠷᠢᠵᠤ ᠪᠠᠢᠨ᠎ᠠ》 ᠭᠡᠬᠦ ᠪᠤᠶᠤ《ᠲᠣᠪᠲᠣᠯᠵᠤ ᠪᠠᠢᠨ᠎ᠠ》ᠭᠡᠵᠦ ᠦᠵᠡᠨ᠎ᠡ᠃ ᠬᠡᠷᠪᠡ ᠨᠣᠶᠠᠨ ᠢ ᠲᠣᠪᠲᠣᠯᠵᠤ ᠪᠠᠢᠪᠠᠯ《ᠱᠠᠯᠠᠵᠤ ᠪᠠᠢᠨ᠎ᠠ》 ᠭᠡᠵᠦ ᠬᠡᠯᠡᠨ᠎ᠡ᠃
       ᠳᠣᠣᠷᠠᠬᠢ ᠲᠤᠰᠬᠠᠢ ᠨᠡᠷᠡᠰ ᠢ᠋ ᠮᠥᠨ ᠤᠳᠤᠮᠰᠢᠯᠲᠤ ᠳᠠᠭᠤᠳᠠᠯᠭ᠎ᠠ ᠪᠠᠷ ᠬᠡᠷᠡᠭᠯᠡᠨ᠎ᠡ᠃ 
       (ᠨᠢᠭᠡ) ᠪᠠᠷᠢᠬᠤ ᠶ᠋ᠢ ᠪᠡᠷᠰᠡ ᠪᠠᠷ ᠪᠣᠯ ᠪᠠᠷᠢᠬᠤ᠂ ᠬᠠᠩᠭᠠᠢ ᠪᠠᠷ ᠪᠣᠯ ᠨᠢᠭᠤᠷᠯᠠᠬᠤ᠂ ᠮᠣᠷᠢ ᠪᠠᠷ ᠪᠣᠯ ᠭᠢᠰᠬᠢᠬᠦ᠂ ᠲᠡᠮᠡᠭᠡ ᠪᠡᠷ ᠪᠣᠯ ᠬᠠᠳᠬᠤᠬᠤ᠂ ᠨᠣᠶᠠᠨ ᠢ᠋ᠶ᠋ᠠᠷ ᠪᠣᠯ ᠰᠢᠬᠠᠬᠤ(ᠰᠦᠷᠳᠡᠭᠦᠯᠬᠦ)᠂ ᠬᠦᠦ ᠪᠡᠷ ᠪᠣᠯ ᠨᠢᠳᠦᠯᠡᠬᠦ ᠭᠡᠨ᠎ᠡ᠃
       (ᠬᠣᠶᠠᠷ) ᠪᠠᠷᠢᠭᠳᠠᠬᠤ ᠶ᠋ᠢ ᠪᠡᠷᠰᠡ ᠶ᠋ᠢᠨ ᠠᠮᠠᠨ ᠳ᠋ᠤ᠌᠂ ᠬᠠᠩᠭᠠᠢ ᠶ᠋ᠢᠨ ᠨᠢᠭᠤᠷ ᠲᠤ᠂ ᠲᠡᠮᠡᠭᠡᠨ ᠦ᠌ ᠬᠥᠯ ᠳ᠋ᠦ᠍(ᠬᠠᠳᠬᠤᠭ᠎ᠠ ᠳ᠋ᠤ᠌)᠂ ᠮᠣᠷᠢᠨ ᠬᠥᠯ ᠳ᠋ᠦ᠍᠂ ᠬᠦᠦ ᠶ᠋ᠢᠨ ᠨᠢᠳᠦᠨ ᠳ᠋ᠦ᠍᠂ ᠨᠣᠶᠠᠨ ᠤ᠋ ᠰᠦᠷ ᠲᠦ᠍ ᠭᠡᠨ᠎ᠡ᠃ 
       (ᠭᠤᠷᠪᠠ) ᠱᠠᠯᠠᠬᠤ ᠶ᠋ᠢ ᠲᠡᠮᠡᠭᠡ ᠪᠡᠷ ᠪᠣᠯ ᠳ᠋ᠤᠭᠯᠠᠬᠤ᠂ ᠮᠣᠷᠢ ᠪᠠᠷ ᠪᠣᠯ ᠴᠥᠷᠯᠡᠬᠦ ᠭᠡᠨ᠎ᠡ᠂ ᠬᠦᠦ ᠪᠡᠷ ᠪᠣᠯ ᠴᠣᠳᠯᠠᠬᠤ ᠭᠡᠨ᠎ᠡ᠃  
       ᠬᠣᠶᠠᠷ᠂ ᠡᠬᠢᠯᠡᠵᠦ ᠨᠡᠭᠦᠬᠦ ᠶᠣᠰᠣ᠄ ᠬᠣᠶᠠᠷ ᠲᠠᠯ᠎ᠠ ᠶ᠋ᠢᠨ ᠡᠬᠢᠨ ᠦ᠌ ᠨᠡᠭᠦᠳᠡᠯ ᠨᠢ ᠵᠥᠪᠬᠡᠨ ᠳᠣᠣᠷᠠᠬᠢ ᠬᠣᠶᠠᠷ ᠬᠤᠪᠢᠯᠪᠤᠷᠢ ᠶ᠋ᠢᠨ ᠨᠢᠭᠡ ᠨᠢ ᠪᠠᠢᠬᠤ ᠬᠡᠷᠡᠭᠲᠡᠢ᠃ ᠠᠯᠢ ᠬᠤᠪᠢᠯᠪᠤᠷᠢ ᠶ᠋ᠢ ᠰᠣᠩᠭᠣᠬᠤ ᠡᠷᠬᠡ ᠨᠢ ᠴᠠᠭᠠᠨ ᠲᠠᠯ᠎ᠠ ᠳ᠋ᠤ᠌ ᠪᠠᠢᠨ᠎ᠠ᠃ 
       (ᠨᠢᠭᠡ) ᠴᠠᠭᠠᠨ ᠲᠠᠯ᠎ᠠ ᠨᠣᠶᠠᠨ ᠤ᠋ ᠡᠮᠦᠨᠡᠬᠢ ᠬᠦᠦ ᠪᠡᠨ ᠬᠣᠶᠠᠷ ᠪᠠᠭᠤᠳᠠᠯ ᠲᠦᠯᠬᠢᠪᠡᠯ ᠬᠠᠷ᠎ᠠ ᠲᠠᠯ᠎ᠠ ᠨᠢ ᠡᠷᠬᠡᠪᠢᠰᠢ ᠨᠣᠶᠠᠨ ᠤ᠋ ᠡᠮᠦᠨᠡᠬᠢ ᠬᠦᠦ ᠪᠡᠨ ᠬᠣᠶᠠᠷ ᠪᠠᠭᠤᠳᠠᠯ ᠲᠦᠯᠬᠢᠵᠦ ᠵᠣᠯᠭᠠᠯᠳᠦᠭᠤᠯᠤᠨ᠎ᠠ᠃ 
       (ᠬᠣᠶᠠᠷ) ᠴᠠᠭᠠᠨ ᠲᠠᠯ᠎ᠠ ᠪᠡᠷᠰᠡ ᠶ᠋ᠢᠨ ᠡᠮᠦᠨᠡᠬᠢ ᠬᠦᠦ ᠪᠡᠨ ᠬᠣᠶᠠᠷ ᠪᠠᠭᠤᠳᠠᠯ ᠲᠦᠯᠬᠢᠪᠡᠯ ᠬᠠᠷ᠎ᠠ ᠲᠠᠯ᠎ᠠ ᠨᠢ ᠡᠷᠬᠡᠪᠢᠰᠢ ᠪᠡᠷᠰᠡ ᠶ᠋ᠢᠨ ᠡᠮᠦᠨᠡᠬᠢ ᠬᠦᠦ ᠬᠣᠶᠠᠷ ᠪᠠᠭᠤᠳᠠᠯ ᠲᠦᠯᠬᠢᠵᠦ ᠵᠣᠯᠭᠠᠯᠳᠦᠭᠤᠯᠤᠨ᠎ᠠ᠃ 
       ᠬᠣᠶᠠᠷ ᠰᠢᠲᠠᠷ᠎ᠠ ᠶ᠋ᠢᠨ ᠬᠦᠦ ᠵᠣᠯᠭᠠᠵᠤ ᠪᠠᠢᠬᠤ ᠦᠶ᠎ᠡ ᠳ᠋ᠦ᠍ ᠬᠣᠶᠠᠷ ᠰᠢᠲᠠᠷᠠᠴᠢᠨ ᠬᠠᠷᠢᠯᠴᠠᠨ ᠮᠡᠨᠳᠦᠯᠡᠵᠦ ᠪᠠᠢᠨ᠎ᠠ ᠭᠡᠵᠦ ᠬᠡᠯᠡᠳᠡᠭ ᠤᠳᠤᠮᠰᠢᠯ ᠲᠠᠢ᠃ ᠡᠬᠢᠨ ᠦ᠌ ᠨᠡᠭᠦᠳᠡᠯ ᠳᠠᠭᠤᠰᠤᠭᠰᠠᠨ ᠤ᠋ ᠳᠠᠷᠠᠭ᠎ᠠ ᠬᠣᠶᠠᠷ ᠲᠣᠭᠯᠠᠭᠴᠢ ᠶ᠋ᠢᠨ ᠨᠡᠭᠦᠬᠦ ᠰᠣᠩᠭᠣᠯᠲᠠ ᠴᠢᠯᠥᠭᠡ ᠲᠡᠢ ᠪᠣᠯᠤᠨ᠎ᠠ᠃  
       ᠭᠤᠷᠪᠠ᠂ ᠲᠡᠮᠡᠭᠡ ᠪᠠᠢᠷᠢᠯᠠᠭᠰᠠᠨ ᠪᠠᠭᠤᠳᠠᠯ ᠠ᠋ᠴᠠ ᠪᠠᠨ ᠲᠠᠰᠢᠭᠤᠪᠴᠢ ᠪᠠᠷ ᠠᠯᠢ ᠨᠢᠭᠡ ᠪᠠᠭᠤᠳᠠᠯ ᠳ᠋ᠤ᠌ ᠨᠡᠭᠦᠨ᠎ᠡ᠃  
       ᠳᠥᠷᠪᠡ᠂ ᠬᠠᠩᠭᠠᠢ(ᠲᠡᠷᠭᠡ) ᠪᠠᠢᠷᠢᠯᠠᠭᠰᠠᠨ ᠪᠠᠭᠤᠳᠠᠯ ᠠ᠋ᠴᠠ ᠪᠠᠨ ᠬᠥᠨᠳᠡᠯᠡᠨ ᠭᠤᠯᠳᠤ ᠱᠤᠭᠤᠮ ᠤ᠋ᠨ ᠳᠠᠭᠠᠤ ᠠᠯᠢ ᠨᠢᠭᠡ ᠪᠠᠭᠤᠳᠠᠯ ᠳ᠋ᠤ᠌ ᠨᠡᠭᠦᠨ᠎ᠡ᠃ 
       ᠲᠠᠪᠤ᠂ ᠪᠡᠷᠰᠡ ᠪᠠᠢᠷᠢᠯᠠᠭᠰᠠᠨ ᠪᠠᠭᠤᠳᠠᠯ ᠠ᠋ᠴᠠ ᠪᠠᠨ ᠬᠥᠨᠳᠡᠯᠡᠨ ᠭᠤᠯᠳᠤ ᠱᠤᠭᠤᠮ ᠪᠤᠶᠤ ᠲᠠᠰᠢᠭᠤᠪᠴᠢ ᠶ᠋ᠢᠨ ᠳᠠᠭᠠᠤ ᠠᠯᠢ ᠨᠢᠭᠡ ᠪᠠᠭᠤᠳᠠᠯ ᠳ᠋ᠤ᠌ ᠨᠡᠭᠦᠨ᠎ᠡ᠃ 
       ᠵᠢᠷᠭᠤᠭ᠎ᠠ᠂ ᠲᠡᠮᠡᠭᠡ᠂ ᠬᠠᠩᠭᠠᠢ᠂ ᠪᠡᠷᠰᠡ ᠨᠢ ᠥᠭᠡᠷ᠎ᠡ ᠬᠦᠴᠦᠨ ᠡᠵᠡᠯᠡᠭᠰᠡᠨ ᠪᠠᠭᠤᠳᠠᠯ ᠢ᠋ ᠠᠯᠤᠰᠯᠠᠨ ᠨᠡᠭᠦᠵᠦ ᠪᠣᠯᠬᠤ ᠦᠭᠡᠢ᠃ 
       ᠳᠣᠯᠣᠭ᠎ᠠ᠂ ᠮᠣᠷᠢ ᠪᠠᠢᠷᠢᠯᠠᠭᠰᠠᠨ ᠪᠠᠭᠤᠳᠠᠯ ᠠ᠋ᠴᠠ ᠪᠠᠨ ᠬᠥᠨᠳᠡᠯᠡᠨ ᠭᠤᠯᠳᠤ ᠱᠤᠭᠤᠮ ᠪᠤᠶᠤ ᠲᠠᠰᠢᠭᠤᠪᠴᠢᠨ ᠳᠡᠭᠡᠷ᠎ᠡ ᠪᠢᠰᠢ ᠪᠠᠢᠬᠤ ᠬᠠᠮᠤᠭ ᠣᠢᠷᠠᠬᠠᠨ ᠪᠠᠢᠬᠤ ᠪᠠᠭᠤᠳᠠᠯ ᠤ᠋ᠨ ᠠᠯᠢ ᠨᠢᠭᠡᠨ ᠳ᠋ᠦ᠍ ᠨᠡᠭᠦᠨ᠎ᠡ᠃ 
       ᠨᠠᠢ᠍ᠮᠠ᠂ ᠵᠠᠯᠭᠠᠭ᠎ᠠ ᠪᠠᠢᠷᠢᠯᠠᠭᠰᠠᠨ ᠠᠯᠢ ᠴᠤ᠌ ᠪᠠᠭᠤᠳᠠᠯ ᠳ᠋ᠤ᠌ ᠨᠡᠭᠦᠵᠦ ᠪᠣᠯᠤᠨ᠎ᠠ᠃ 
       ᠶᠢᠰᠦ᠂ ᠬᠦᠦ ᠶ᠋ᠢᠨ ᠨᠡᠭᠦᠳᠡᠯ (ᠡᠬᠢᠨ ᠦ᠌ ᠨᠡᠭᠦᠳᠡᠯ ᠡᠴᠡ ᠬᠣᠢᠰᠢ) 
       (ᠨᠢᠭᠡ) ᠬᠦᠦ ᠶ᠋ᠢᠨ ᠪᠠᠢᠷᠢᠯᠠᠵᠤ ᠪᠠᠢᠭ᠎ᠠ ᠭᠤᠯᠳᠤ ᠱᠤᠭᠤᠮ ᠤ᠋ᠨ ᠳᠠᠭᠠᠤ ᠬᠣᠭᠣᠰᠣᠨ ᠪᠠᠭᠤᠳᠠᠯ ᠳ᠋ᠤ᠌ ᠨᠢᠭᠡ ᠪᠠᠭᠤᠳᠠᠯ ᠤᠷᠤᠭᠰᠢᠯᠠᠨ ᠨᠡᠭᠦᠨ᠎ᠡ᠃ 
       (ᠬᠣᠶᠠᠷ) ᠬᠦᠦ ᠶ᠋ᠢᠨ ᠡᠮᠦᠨ᠎ᠡ ᠲᠠᠰᠢᠭᠤᠪᠴᠢ ᠪᠠᠷ ᠪᠠᠢᠷᠢᠯᠠᠵᠤ ᠪᠠᠢᠭ᠎ᠠ ᠬᠠᠮᠤᠭ ᠣᠢᠷᠠᠬᠠᠨ ᠬᠣᠶᠠᠷ ᠪᠠᠭᠤᠳᠠᠯ ᠢ᠋ ᠲᠡᠷᠡ ᠬᠦᠦ ᠶ᠋ᠢᠨ ᠨᠢᠳᠦ ᠭᠡᠵᠦ ᠬᠡᠯᠡᠨ᠎ᠡ᠃ ᠬᠦᠦ ᠨᠢ ᠢᠳᠡᠯᠲᠡ ᠬᠢᠬᠦ ᠳ᠋ᠦ᠍ ᠪᠡᠨ ᠵᠥᠪᠬᠡᠨ ᠲᠡᠭᠦᠨ ᠦ᠌ ᠨᠢᠳᠦᠨ ᠳ᠋ᠦ᠍ ᠪᠠᠢᠷᠢᠯᠠᠵᠤ ᠪᠠᠢᠭ᠎ᠠ ᠠᠢᠯ ᠤ᠋ᠨ ᠪᠤᠲᠠ ᠬᠦᠦ ᠶ᠋ᠢ ᠢᠳᠡᠵᠦ ᠨᠡᠭᠦᠨ᠎ᠡ᠃ 
       (ᠭᠤᠷᠪᠠ) ᠬᠦᠦ ᠨᠡᠭᠦᠭᠰᠡᠭᠡᠷ ᠪᠠᠢᠭᠠᠳ ᠬᠠᠮᠤᠭ ᠡᠴᠦᠰ ᠦ᠋ᠨ (ᠬᠣᠯᠠ ᠶ᠋ᠢᠨ) ᠡᠩᠨᠡᠭᠡ ᠳ᠋ᠦ᠍ ᠬᠦᠷᠦᠮᠡᠭᠴᠡ ᠥᠪᠡᠷ ᠦ᠋ᠨ ᠥᠩᠭᠡ ᠶ᠋ᠢᠨ ᠪᠡᠷᠰᠡ᠂ ᠬᠠᠩᠭᠠᠢ᠂ ᠲᠡᠮᠡᠭᠡ ᠮᠣᠷᠢ ᠶ᠋ᠢᠨ ᠠᠯᠢ ᠨᠢᠭᠡ ᠪᠡᠷ ᠰᠣᠯᠢᠭᠳᠠᠬᠤ ᠶᠣᠰᠣᠲᠠᠢ᠃ ᠡᠭᠦᠨ ᠢ᠋ ᠬᠦᠦ ᠶ᠋ᠢᠨ《ᠬᠤᠪᠢᠷᠠᠯᠲᠠ》 ᠪᠤᠶᠤ《ᠪᠠᠭᠤᠬᠤ》 ᠭᠡᠵᠦ ᠨᠡᠷᠡᠯᠡᠳᠡᠭ᠃ ᠶᠠᠮᠠᠷ ᠪᠤᠲᠠ ᠪᠠᠭᠤᠬᠤ ᠨᠢ ᠲᠣᠭᠯᠠᠭᠴᠢ ᠶ᠋ᠢᠨ ᠥᠪᠡᠷ ᠦ᠋ᠨ ᠡᠷᠬᠡ ᠪᠥᠭᠡᠳ ᠰᠣᠩᠭᠣᠯᠲᠠ ᠨᠢ ᠡᠮᠦᠨ᠎ᠡ ᠢᠳᠡᠭᠳᠡᠭᠰᠡᠨ ᠪᠤᠲᠠ ᠪᠠᠷ ᠬᠢᠵᠠᠭᠠᠷᠯᠠᠭᠳᠠᠬᠤ ᠶᠣᠰᠣ ᠦᠭᠡᠢ᠃ ᠬᠤᠪᠢᠷᠠᠭᠰᠠᠨ ᠰᠢᠨ᠎ᠡ ᠪᠤᠲᠠ ᠨᠢ ᠭᠠᠷᠤᠭᠰᠠᠨ ᠳᠠᠷᠤᠢ ᠳ᠋ᠤ᠌ ᠪᠠᠨ ᠬᠦᠴᠦᠨ ᠲᠡᠢ᠃ 
       (ᠳᠥᠷᠪᠡ) ᠬᠤᠪᠢᠷᠠᠬᠤ ᠡᠩᠨᠡᠭᠡᠨ ᠳ᠋ᠡᠬᠢ ᠬᠦᠦ ᠶ᠋ᠢᠨ ᠨᠢᠳᠦᠨ ᠳ᠋ᠦ᠍ ᠨᠥᠭᠦᠭᠡ ᠲᠠᠯ᠎ᠠ ᠶ᠋ᠢᠨ ᠪᠤᠲᠠ ᠪᠠᠢᠪᠠᠯ ᠲᠡᠭᠦᠨ ᠢ᠋ ᠢᠳᠡᠨ ᠬᠤᠪᠢᠶᠠᠵᠤ ᠪᠣᠯᠤᠨ᠎ᠠ᠃ 

         ᠳᠥᠷᠪᠡᠳᠦᠭᠡᠷ ᠵᠦᠢᠯ   ᠨᠡᠭᠦᠳᠡᠯ ᠨᠡᠭᠦᠬᠦ ᠲᠤᠬᠠᠢ  

       ᠨᠢᠭᠡ᠂ ᠨᠡᠭᠦᠳᠡᠯ ᠪᠦᠷᠢ ᠵᠥᠪᠬᠡᠨ ᠨᠢᠭᠡ ᠭᠠᠷ ᠢ᠋ᠶ᠋ᠠᠷ ᠭᠦᠢᠴᠡᠳᠬᠡᠨ᠎ᠡ᠃  
       ᠵᠥᠪᠯᠡᠯᠭᠡ᠄ ᠮᠣᠩᠭᠣᠯ ᠬᠦᠨᠳᠦᠳᠬᠡᠯ ᠦ᠋ᠨ ᠵᠠᠩᠰᠢᠯ ᠢ᠋ᠶ᠋ᠠᠷ ᠨᠡᠭᠦᠳᠡᠯ ᠢ᠋ ᠵᠥᠪ (ᠪᠠᠷᠠᠭᠤᠨ) ᠭᠠᠷ ᠢ᠋ᠶ᠋ᠠᠷ ᠭᠦᠢᠴᠡᠳᠬᠡᠬᠦ ᠶ᠋ᠢ ᠡᠷᠬᠢᠮᠯᠡᠨ᠎ᠡ᠃  ᠥᠭᠡᠷ᠎ᠡ ᠦᠨᠳᠦᠰᠦᠲᠡᠨ ᠬᠡᠷᠪᠡ ᠴᠡᠭᠡᠷᠯᠡᠬᠦ ᠦᠭᠡᠢ ᠪᠣᠯ ᠮᠥᠨ ᠵᠥᠪ ᠭᠠᠷ ᠢᠶᠠᠷ ᠨᠡᠭᠦᠬᠦ ᠶᠢ ᠬᠦᠰᠡᠨ᠎ᠡ᠃
       ᠬᠣᠶᠠᠷ᠂ ᠲᠣᠭᠯᠠᠭᠴᠢ ᠥᠪᠡᠷ ᠦ᠋ᠨ ᠨᠡᠭᠦᠬᠦ ᠡᠭᠡᠯᠵᠢᠨ ᠳ᠋ᠦ᠍ ᠵᠥᠪᠬᠡᠨ ᠤᠷᠢᠳᠴᠢᠯᠠᠨ ᠢᠯᠡᠷᠬᠡᠢᠯᠡᠨ ᠮᠡᠳᠡᠭᠳᠡᠭᠰᠡᠨ ᠦ᠌ ᠳᠠᠷᠠᠭ᠎ᠠ (ᠵᠢᠱ᠌ᠢᠶ᠎ᠡ᠄ ᠰᠢᠲᠠᠷ᠎ᠠ ᠪᠠᠨ ᠵᠠᠰᠠᠶ᠎ᠠ) ᠰᠠᠶᠢ ᠨᠢᠭᠡ ᠪᠠ ᠣᠯᠠᠨ ᠬᠦᠴᠦᠨ ᠢ᠋ ᠪᠠᠭᠤᠳᠠᠯ ᠳᠡᠭᠡᠷ᠎ᠡ ᠨᠢ ᠵᠠᠰᠠᠨ ᠲᠠᠯᠪᠢᠵᠤ ᠪᠣᠯᠤᠨ᠎ᠠ᠃ 
       ᠭᠤᠷᠪᠠ᠂ ᠰᠢᠳᠡᠷ᠎ᠡ ᠶ᠋ᠢᠨ ᠬᠦᠴᠦᠨ ᠢ᠋ᠶ᠋ᠡᠨ ᠲᠠᠯᠪᠢᠬᠤ ᠠ᠋ᠴᠠ ᠪᠤᠰᠤᠳ ᠲᠣᠬᠢᠶᠠᠯᠳᠤᠯ ᠳ᠋ᠤ᠌ ᠲᠣᠭᠯᠠᠭᠴᠢ ᠥᠪᠡᠷ ᠦ᠋ᠨ ᠡᠭᠡᠯᠵᠢ ᠳ᠋ᠦ᠍ ᠨᠡᠭᠦᠬᠦ ᠪᠤᠶᠤ ᠢᠳᠡᠬᠦ ᠵᠣᠷᠢᠯᠭ᠎ᠠ ᠪᠠᠷ ᠬᠦᠴᠦᠨ ᠳ᠋ᠦ᠍ ᠭᠠᠷ ᠬᠦᠷᠪᠡᠯ᠄ 
       (ᠨᠢᠭᠡ) ᠨᠢᠭᠡ ᠪᠤᠶᠤ ᠣᠯᠠᠨ ᠥᠪᠡᠷ ᠦ᠋ᠨ ᠬᠦᠴᠦᠨ ᠳ᠋ᠦ᠍ ᠭᠠᠷ ᠬᠦᠷᠦᠭᠰᠡᠨ ᠪᠣᠯ ᠡᠬᠢᠯᠡᠵᠦ ᠬᠦᠷᠦᠭᠰᠡᠨ ᠬᠦᠴᠦᠨ ᠢ᠋ᠶ᠋ᠡᠨ ᠨᠡᠭᠦᠬᠦ ᠬᠡᠷᠡᠭᠲᠡᠢ᠃ 
       (ᠬᠣᠶᠠᠷ) ᠠᠢᠯ ᠤ᠋ᠨ ᠨᠢᠭᠡ ᠪᠤᠶᠤ ᠣᠯᠠᠨ ᠪᠤᠲᠠ ᠬᠦᠦ ᠳ᠋ᠦ᠍ ᠭᠠᠷ ᠬᠦᠷᠦᠭᠰᠡᠨ ᠡᠬᠢᠯᠡᠵᠦ ᠬᠦᠷᠦᠭᠰᠡᠨ ᠪᠤᠲᠠ ᠬᠦᠦ ᠶ᠋ᠢ ᠢᠳᠡᠬᠦ ᠶᠣᠰᠣᠲᠠᠢ᠃ ᠠᠢᠯ ᠤ᠋ᠨ ᠨᠣᠶᠠᠨ ᠳ᠋ᠤ᠌ ᠡᠬᠢᠯᠡᠵᠦ ᠭᠠᠷ ᠬᠦᠷᠦᠭᠰᠡᠨ ᠪᠣᠯ ᠲᠡᠭᠦᠨ ᠢ᠋ ᠱᠠᠯᠠᠬᠤ ᠶᠣᠰᠣᠲᠠᠢ᠃ 
       (ᠭᠤᠷᠪᠠ) ᠥᠪᠡᠷ ᠦ᠋ᠨ ᠪᠣᠯᠤᠨ ᠠᠢᠯ ᠤ᠋ᠨ ᠨᠢᠭᠡ ᠨᠢᠭᠡ ᠪᠤᠲᠠ ᠬᠦᠦ ᠳ᠋ᠦ᠍ ᠭᠠᠷ ᠬᠦᠷᠪᠡᠯ᠂ ᠲᠡᠷᠡ ᠪᠤᠲᠠ ᠬᠦᠦ ᠶ᠋ᠢ ᠥᠪᠡᠷ ᠦ᠋ᠨ ᠪᠤᠲᠠ ᠬᠦᠦ ᠪᠡᠷ ᠢᠳᠡᠬᠦ ᠶᠣᠰᠣᠲᠠᠢ᠃ ᠡᠨᠡ ᠨᠢ ᠪᠣᠯᠤᠮᠵᠢ ᠦᠭᠡᠢ ᠪᠠᠢᠪᠠᠯ ᠥᠪᠡᠷ ᠦ᠋ᠨ ᠪᠤᠲᠠ ᠬᠦᠦ ᠳ᠋ᠦ᠍ ᠪᠡᠨ ᠡᠬᠢᠯᠡᠵᠦ ᠬᠦᠷᠦᠭᠰᠡᠨ ᠪᠣᠯ ᠲᠡᠭᠦᠨ ᠢ᠋ ᠨᠡᠭᠦᠵᠦ᠂ ᠠᠢᠯ ᠤ᠋ᠨ ᠪᠤᠲᠠ ᠬᠦᠦ ᠳ᠋ᠦ᠍ ᠡᠬᠢᠯᠡᠵᠦ ᠬᠦᠷᠦᠭᠰᠡᠨ ᠪᠣᠯ ᠲᠡᠭᠦᠨ ᠢ᠋ ᠥᠪᠡᠷ ᠦ᠋ᠨ ᠥᠭᠡᠷ᠎ᠡ ᠪᠤᠲᠠ ᠬᠦᠦ ᠪᠡᠷ ᠢᠳᠡᠬᠦ ᠬᠡᠷᠡᠭᠲᠡᠢ᠃ ᠬᠡᠷᠪᠡ ᠠᠯᠢ ᠪᠤᠲᠠ ᠬᠦᠦ ᠳ᠋ᠦ᠍ ᠭᠠᠷ ᠬᠦᠷᠦᠭᠰᠡᠨ ᠢ᠋ ᠲᠣᠭᠲᠠᠭᠠᠬᠤ ᠪᠣᠯᠤᠮᠵᠢ ᠦᠭᠡᠢ ᠦᠶ᠎ᠡ ᠳ᠋ᠦ᠍᠂ ᠥᠪᠡᠷ ᠦ᠋ᠨ ᠪᠤᠲᠠ ᠬᠦᠦ ᠳ᠋ᠦ᠍ ᠪᠡᠨ ᠡᠬᠢᠯᠡᠵᠦ ᠬᠦᠷᠦᠭᠰᠡᠨ ᠭᠡᠵᠦ ᠦᠵᠡᠬᠦ ᠶᠣᠰᠣᠲᠠᠢ᠃  
       ᠳᠥᠷᠪᠡ᠂ ᠬᠦᠦ ᠬᠤᠪᠢᠷᠠᠬᠤ ᠦᠶ᠎ᠡ ᠳ᠋ᠦ᠍ ᠬᠤᠪᠢᠷᠠᠭᠰᠠᠨ ᠪᠤᠲᠠ ᠨᠢ ᠬᠤᠪᠢᠷᠠᠬᠤ ᠪᠠᠭᠤᠳᠠᠯ ᠳ᠋ᠤ᠌ ᠬᠦᠷᠦᠯᠴᠡᠮᠡᠭᠴᠡ ᠰᠣᠩᠭᠣᠯᠲᠠ ᠳᠠᠭᠤᠰᠴᠤ᠂ ᠥᠭᠡᠷᠡᠴᠢᠯᠡᠵᠦ ᠪᠣᠯᠬᠤ ᠦᠭᠡᠢ᠃  
       ᠲᠠᠪᠤ᠂ ᠬᠡᠷᠪᠡ ᠭᠠᠷ ᠬᠦᠷᠦᠭᠰᠡᠨ ᠪᠤᠲᠠ ᠬᠦᠦ ᠨᠢ ᠨᠡᠭᠦᠬᠦ ᠪᠤᠶᠤ ᠢᠳᠡᠭᠳᠡᠬᠦ ᠪᠣᠯᠤᠮᠵᠢ ᠦᠭᠡᠢ ᠪᠣᠯ ᠲᠣᠭᠯᠠᠭᠴᠢ ᠳᠦᠷᠢᠮ ᠳ᠋ᠦ᠍ ᠨᠡᠢᠴᠡᠭᠰᠡᠨ ᠥᠭᠡᠷ᠎ᠡ ᠨᠡᠭᠦᠳᠡᠯ ᠨᠡᠭᠦᠵᠦ ᠪᠣᠯᠤᠨ᠎ᠠ᠃  
       ᠵᠢᠷᠭᠤᠭ᠎ᠠ᠂ ᠬᠦᠦ ᠶ᠋ᠢᠨ ᠬᠤᠪᠢᠷᠠᠯᠲᠠ ᠶ᠋ᠢ ᠳᠠᠷᠠᠭᠠᠬᠢ ᠠᠷᠭ᠎ᠠ ᠪᠠᠷ ᠬᠢᠵᠦ ᠪᠣᠯᠤᠨ᠎ᠠ᠄ 
       (ᠨᠢᠭᠡ) ᠬᠦᠦ ᠶ᠋ᠢ ᠲᠤᠬᠠᠢ ᠶ᠋ᠢᠨ ᠬᠤᠪᠢᠷᠠᠬᠤ ᠪᠠᠭᠤᠳᠠᠯ ᠳ᠋ᠤ᠌ ᠵᠠᠪᠠᠯ ᠪᠠᠢᠷᠢᠯᠠᠭᠤᠯᠬᠤ ᠱᠠᠭᠠᠷᠳᠠᠯᠭ᠎ᠠ ᠥᠬᠡᠢ᠃
       (ᠬᠣᠶᠠᠷ) ᠬᠤᠪᠢᠷᠠᠭᠰᠠᠨ ᠬᠦᠦ ᠶ᠋ᠢ ᠠᠪᠴᠤ ᠭᠠᠷᠭᠠᠬᠤ ᠪᠠ ᠰᠢᠨ᠎ᠡ ᠪᠤᠲᠠ ᠪᠠᠨ ᠬᠤᠪᠢᠷᠠᠭᠰᠠᠨ ᠪᠠᠭᠤᠳᠠᠯ ᠳ᠋ᠤ᠌ ᠪᠠᠢᠷᠢᠯᠠᠭᠤᠯᠬᠤ ᠶ᠋ᠢ ᠠᠯᠢ ᠴᠤ᠌ ᠳᠠᠷᠠᠭᠠᠯᠠᠯ ᠢ᠋ᠶ᠋ᠠᠷ ᠭᠦᠢᠴᠡᠳᠬᠡᠵᠦ ᠪᠣᠯᠤᠨ᠎ᠠ᠃ 
       ᠳᠣᠯᠣᠭ᠎ᠠ᠂ ᠬᠡᠷᠪᠡ ᠪᠤᠲᠠ ᠬᠦᠦ ᠶ᠋ᠢ ᠨᠢᠭᠡᠨ ᠪᠠᠭᠤᠳᠠᠯ ᠳᠡᠭᠡᠷ᠎ᠡ ᠲᠠᠯᠪᠢᠵᠤ ᠭᠠᠷ ᠢ᠋ᠶ᠋ᠠᠨ ᠰᠠᠯᠭᠠᠭᠰᠠᠨ ᠪᠣᠯ ᠥᠭᠡᠷ᠎ᠡ ᠲᠡᠰᠢ ᠨᠡᠬᠥᠵᠦ ᠪᠣᠯᠬᠤ ᠦᠭᠡᠢ᠃ 
       ᠳᠠᠷᠠᠭᠠᠬᠢ ᠲᠣᠬᠢᠶᠠᠯᠳᠤᠯ ᠳ᠋ᠤ᠌ ᠨᠡᠭᠦᠳᠡᠯ ᠭᠦᠢᠴᠡᠭᠰᠡᠨ ᠢ᠋ᠶ᠋ᠡᠷ ᠲᠣᠭᠠᠴᠢᠨ᠎ᠠ᠃  ᠡᠭᠦᠨ ᠳ᠋ᠤ᠌᠄  
       (ᠨᠢᠭᠡ) ᠢᠳᠡᠯᠲᠡ ᠬᠢᠬᠦ ᠦᠶ᠎ᠡ ᠳ᠋ᠦ᠍ ᠢᠳᠡᠭᠳᠡᠭᠰᠡᠨ ᠪᠤᠲᠠ ᠬᠦᠦ ᠶ᠋ᠢ ᠰᠢᠲᠠᠷ᠎ᠠ ᠶ᠋ᠢᠨ ᠬᠦᠯᠦᠭ ᠡᠴᠡ ᠵᠠᠢᠯᠠᠭᠤᠯᠵᠤ᠂ ᠥᠪᠡᠷ ᠦ᠋ᠨ ᠬᠦᠴᠦᠨ ᠢ᠋ᠶ᠋ᠡᠨ ᠰᠢᠨ᠎ᠡ ᠪᠠᠭᠤᠳᠠᠯ ᠳᠡᠭᠡᠷ᠎ᠡ ᠪᠠᠢᠷᠢᠯᠠᠭᠤᠯᠤᠭᠰᠠᠨ ᠮᠥᠷᠲᠡᠭᠡᠨ ᠲᠣᠭᠯᠠᠭᠴᠢ ᠶ᠋ᠢᠨ ᠭᠠᠷ ᠠ᠋ᠴᠠ ᠰᠠᠯᠤᠭᠰᠠᠨ ᠲᠣᠬᠢᠶᠠᠯᠳᠤᠯ ᠳ᠋ᠤ᠌ 
       (ᠬᠣᠶᠠᠷ) ᠬᠦᠦ ᠬᠤᠪᠢᠷᠠᠬᠤ ᠳ᠋ᠤ᠌᠂ ᠬᠦᠦ ᠪᠡᠨ ᠨᠢᠭᠡᠨᠲᠡ ᠰᠢᠲᠠᠷ᠎ᠠ ᠶ᠋ᠢᠨ ᠬᠥᠯᠭᠡ ᠡᠴᠡ ᠵᠠᠢᠯᠠᠭᠤᠯᠵᠤ᠂ ᠰᠢᠨ᠎ᠡ ᠪᠤᠲᠠ ᠬᠤᠪᠢᠷᠠᠯᠲᠠ ᠶ᠋ᠢᠨ ᠪᠠᠭᠤᠳᠠᠯ ᠳ᠋ᠤ᠌ ᠲᠣᠭᠯᠠᠭᠴᠢ ᠶ᠋ᠢᠨ ᠭᠠᠷ ᠠ᠋ᠴᠠ ᠰᠠᠯᠤᠭᠰᠠᠨ ᠲᠣᠬᠢᠶᠠᠯᠳᠤᠯ ᠳ᠋ᠤ᠌ 
       ( ᠬᠦᠦ ᠬᠤᠪᠢᠷᠠᠯᠲᠠ ᠶ᠋ᠢᠨ ᠪᠠᠭᠤᠳᠠᠯ ᠳ᠋ᠤ᠌ ᠬᠦᠷᠴᠦ ᠭᠠᠷ ᠢ᠋ᠶ᠋ᠠᠨ ᠰᠠᠯᠭᠠᠭᠰᠠᠨ ᠢ᠋ ᠨᠡᠭᠦᠳᠡᠯ ᠭᠦᠢᠴᠡᠭᠰᠡᠨ ᠦᠭᠡᠢ ᠪᠡᠷ ᠦᠵᠡᠨ᠎ᠡ᠃ ᠭᠡᠪᠡᠴᠦ ᠲᠤᠰ ᠬᠦᠦ ᠶ᠋ᠢ ᠥᠭᠡᠷ᠎ᠡ ᠪᠠᠭᠤᠳᠠᠯ ᠳ᠋ᠤ᠌ ᠨᠡᠭᠦᠵᠦ ᠪᠣᠯᠬᠤ ᠦᠭᠡᠢ᠃)   
       ᠨᠠᠢ᠍ᠮᠠ᠂ ᠡᠰᠡᠷᠭᠦᠦ ᠲᠣᠭᠯᠠᠭᠴᠢ ᠨᠢ ᠳᠡᠭᠡᠷᠡᠬᠢ ᠳᠣᠯᠣᠭᠠᠨ ᠵᠤᠷᠪᠤᠰ ᠠ᠋ᠴᠠ ᠵᠥᠷᠢᠴᠡᠭᠰᠡᠨ ᠪᠠᠢᠳᠠᠯ ᠳ᠋ᠤ᠌᠂ ᠬᠡᠷᠪᠡ ᠨᠡᠭᠦᠬᠦ ᠡᠭᠡᠯᠵᠢᠨ ᠦ᠌ ᠲᠣᠭᠯᠠᠭᠴᠢ ᠶ᠋ᠢ ᠨᠡᠭᠦᠬᠦ ᠪᠤᠶᠤ ᠢᠳᠡᠬᠦ ᠵᠣᠷᠢᠯᠭ᠎ᠠ ᠪᠠᠷ ᠬᠦᠦ ᠳ᠋ᠦ᠍ ᠭᠠᠷ ᠬᠦᠷᠦᠭᠰᠡᠨ ᠪᠣᠯ ᠡᠰᠡᠷᠭᠦᠦ ᠲᠣᠭᠯᠠᠭᠴᠢ ᠶ᠋ᠢᠨ(ᠳᠦᠷᠢᠮ ᠡᠴᠡ ᠵᠥᠷᠢᠴᠡᠭᠰᠡᠨ) ᠢ᠋ ᠳᠤᠷᠠᠳᠤᠨ ᠵᠠᠭᠠᠯᠳᠤᠬᠤ ᠡᠷᠬᠡ ᠦᠭᠡᠢ ᠪᠣᠯᠤᠨ᠎ᠠ᠃ ᠳᠠᠷᠤᠢ᠂ ᠡᠰᠡᠷᠭᠦᠦ ᠲᠣᠭᠯᠠᠭᠴᠢ ᠨᠢ ᠳᠦᠷᠢᠮ ᠡᠴᠡ ᠵᠥᠷᠢᠴᠡᠭᠰᠡᠨ ᠨᠡᠭᠦᠳᠡᠯ ᠢ᠋ᠶ᠋ᠡᠨ ᠵᠠᠯᠠᠷᠠᠭᠤᠯᠤᠨ ᠶᠠᠪᠤᠵᠤ᠂ ᠨᠡᠭᠦᠬᠦ ᠡᠭᠡᠯᠵᠢᠨ ᠦ᠌ ᠲᠣᠭᠯᠠᠭᠴᠢ ᠨᠢ ᠭᠠᠷ ᠬᠦᠷᠦᠭᠰᠡᠨ ᠪᠤᠲᠠ ᠬᠦᠦ ᠪᠡᠨ ᠨᠡᠭᠦᠬᠦ ᠪᠤᠶᠤ ᠢᠳᠡᠬᠦ ᠬᠡᠷᠡᠭᠲᠡᠢ᠃ 

         ᠲᠠᠪᠤᠳᠤᠭᠠᠷ ᠵᠦᠢᠯ   ᠳᠠᠭᠤᠰᠤᠭᠰᠠᠨ ᠥᠷᠥᠭ  

       ᠨᠢᠭᠡ 
       (ᠨᠢᠭᠡ) ᠲᠣᠭᠯᠠᠭᠴᠢ ᠡᠰᠡᠷᠭᠦᠦ ᠲᠠᠯ᠎ᠠ ᠶ᠋ᠢᠨ ᠨᠣᠶᠠᠨ ᠢ᠋ ᠮᠠᠳᠯᠠᠭᠰᠠᠨ ᠪᠣᠯ ᠦᠷᠦᠭ ᠢ᠋ ᠬᠣᠵᠢᠭᠰᠠᠨ ᠳ᠋ᠤ᠌ ᠲᠣᠭᠠᠴᠢᠵᠤ᠂ ᠦᠷᠦᠭ ᠰᠢᠭᠤᠳ ᠳᠠᠭᠤᠰᠤᠨ᠎ᠠ᠃  
       (ᠬᠣᠶᠠᠷ) ᠲᠣᠭᠯᠠᠭᠴᠢ ᠪᠠᠭᠤᠵᠤ ᠥᠭᠴᠦ ᠪᠠᠢᠭ᠎ᠠ ᠪᠠᠨ ᠮᠡᠳᠡᠭᠳᠡᠭᠰᠡᠨ ᠢᠶᠡᠷ ᠡᠰᠡᠷᠬᠦᠦ ᠲᠠᠯ᠎ᠠ ᠶᠢᠨ ᠲᠣᠭᠯᠠᠭᠴᠢ ᠶᠢ ᠬᠣᠨᠵᠢᠭᠰᠠᠨ ᠢᠶᠠᠷ ᠲᠣᠭᠠᠴᠠᠵᠤ᠂ ᠥᠷᠥᠭ ᠰᠢᠭᠤᠳ ᠳᠠᠭᠤᠰᠤᠨ᠎ᠠ᠃
       ᠬᠣᠶᠠᠷ 
       (ᠨᠢᠭᠡ) ᠡᠭᠡᠯᠵᠢᠲᠦ ᠨᠡᠭᠦᠳᠡᠯ ᠢ᠋ᠶ᠋ᠡᠨ ᠬᠢᠬᠦ ᠲᠣᠭᠯᠠᠭᠴᠢ ᠨᠡᠭᠦᠬᠦ ᠨᠡᠭᠦᠳᠡᠯ ᠦᠭᠡᠢ ᠪᠣᠯᠤᠭᠰᠠᠨ ᠪᠠ ᠲᠡᠭᠦᠨ ᠦ᠌ ᠨᠣᠶᠠᠨ ᠱᠠᠯᠭᠠᠨ ᠳ᠋ᠤ᠌ ᠣᠷᠣᠭ᠎ᠠ ᠦᠭᠡᠢ ᠲᠣᠬᠢᠶᠠᠯᠳᠤᠯ ᠢ᠋《ᠵᠢᠳ》 ᠭᠡᠵᠦ ᠨᠠᠷᠠᠯᠠᠨ᠎ᠠ᠃ ᠵᠢᠳ ᠪᠣᠯᠤᠭᠰᠠᠨ ᠪᠣᠯ ᠥᠷᠥᠭ ᠬᠠᠢᠨᠴᠠᠭᠰᠠᠨ ᠳ᠋ᠤ᠌ ᠲᠣᠭᠠᠴᠠᠵᠤ ᠳᠠᠭᠤᠰᠤᠨ᠎ᠠ᠃ 
       (ᠬᠣᠶᠠᠷ) ᠠᠯᠢ ᠴᠤ᠌ ᠲᠣᠭᠯᠠᠭᠴᠢ ᠡᠭᠡᠯᠵᠢᠲᠦ ᠨᠡᠭᠦᠳᠡᠯ ᠦ᠋ᠨ ᠶᠠᠮᠠᠷ ᠴᠤ᠌ ᠶᠠᠪᠤᠭ᠎ᠠ ᠪᠠᠷ ᠡᠰᠡᠷᠭᠦᠦ ᠲᠠᠯ᠎ᠠ ᠶ᠋ᠢᠨ ᠨᠣᠶᠠᠨ ᠢ᠋ ᠮᠠᠳᠯᠠᠬᠤ ᠪᠣᠯᠤᠮᠵᠢ ᠦᠭᠡᠢ ᠲᠡᠢᠮᠦ ᠪᠠᠢᠷᠢᠯᠠᠯ ᠡᠭᠦᠰᠦᠭᠰᠡᠨ ᠪᠣᠯ ᠰᠢᠭᠤᠳ ᠳᠠᠭᠤᠰᠤᠨ᠎ᠠ᠃ ᠡᠨᠡ ᠬᠦ᠌ ᠪᠠᠢᠳᠠᠯ ᠢ᠋《ᠠᠯᠪᠠ ᠶ᠋ᠢᠨ ᠬᠠᠢᠨᠴᠠᠭ᠎ᠠ》 ᠭᠡᠵᠦ ᠨᠡᠷᠡᠯᠡᠨ᠎ᠡ᠃ 
       (ᠭᠤᠷᠪᠠ) ᠬᠣᠶᠠᠷ ᠲᠣᠭᠯᠠᠭᠴᠢ ᠲᠣᠭᠯᠠᠯᠲᠠ ᠶᠢᠨ ᠶᠠᠪᠤᠴᠠ ᠳᠤ ᠬᠠᠢᠨᠴᠠᠭ᠎ᠠ ᠭᠡᠵᠦ ᠲᠣᠬᠢᠷᠠᠯᠴᠠᠪᠠᠯ᠂ ᠲᠣᠰ ᠥᠷᠥᠭ ᠬᠠᠢᠨᠴᠠᠭᠰᠠᠨ ᠳᠤ ᠲᠣᠭᠠᠴᠠᠭᠳᠠᠵᠤ ᠰᠢᠭᠤᠳ ᠳᠠᠭᠤᠰᠤᠨ᠎ᠠ᠃
       (ᠳᠥᠷᠪᠡ) ᠰᠢᠲᠠᠷ᠎ᠠ ᠶ᠋ᠢᠨ ᠬᠥᠯᠭᠡ ᠳᠡᠭᠡᠷ᠎ᠡ ᠠᠳᠠᠯᠢᠬᠠᠨ ᠪᠠᠢᠷᠢᠯᠠᠯ ᠭᠤᠷᠪᠠ ᠪᠤᠶᠤ ᠭᠤᠷᠪᠠ ᠠ᠋ᠴᠠ ᠳᠡᠭᠡᠭᠰᠢ ᠳᠠᠪᠲᠠᠭᠳᠠᠭᠰᠠᠨ ᠪᠣᠯ ᠲᠤᠬᠠᠢ ᠶ᠋ᠢᠨ ᠲᠣᠭᠯᠠᠯᠲᠠ ᠬᠠᠢᠨᠴᠠᠭᠰᠠᠨ ᠢ᠋ᠶ᠋ᠠᠷ ᠳᠠᠭᠤᠰᠴᠤ ᠪᠣᠯᠤᠨ᠎ᠠ᠃ 
       (ᠲᠠᠪᠤ) ᠲᠣᠭᠯᠠᠭᠴᠢᠳ ᠰᠡᠭᠦᠯ ᠦ᠋ᠨ50 ᠠ᠋ᠴᠠ ᠳᠣᠭᠣᠭᠰᠢ ᠦᠭᠡᠢ ᠨᠡᠭᠦᠳᠡᠯ ᠳ᠋ᠦ᠍ ᠠᠯᠢ ᠴᠤ᠌ ᠬᠦᠦ ᠶ᠋ᠢ ᠬᠥᠳᠡᠯᠭᠡᠭᠡ ᠦᠭᠡᠢ᠂ ᠮᠥᠨ ᠶᠠᠮᠠᠷ ᠴᠤ᠌ ᠪᠤᠲᠠ ᠬᠦᠦ ᠢᠳᠡᠭᠳᠡᠭᠡ ᠦᠭᠡᠢ ᠲᠣᠭᠯᠠᠯᠲᠠ ᠶ᠋ᠢ ᠬᠠᠢᠨᠴᠠᠭᠰᠠᠨ ᠢ᠋ᠶ᠋ᠠᠷ ᠳᠠᠭᠤᠰᠴᠤ ᠪᠣᠯᠤᠨ᠎ᠠ᠃  

            ᠬᠣᠶᠠᠳᠤᠭᠠᠷ ᠪᠦᠯᠦᠭ    ᠤᠷᠤᠯᠳᠤᠭᠠᠨ ᠤ᠋ ᠳᠦᠷᠢᠮ   

         ᠨᠢᠭᠡᠳᠦᠭᠡᠷ ᠵᠦᠢᠯ    ᠰᠢᠳᠡᠷ᠎ᠡ ᠶ᠋ᠢᠨ ᠴᠠᠭ    

       ᠨᠢᠭᠡ᠂ ᠰᠢᠲᠠᠷ᠎ᠠ ᠶ᠋ᠢᠨ ᠴᠠᠭ ᠭᠡᠳᠡᠭ ᠨᠢ ᠬᠣᠶᠠᠷ ᠴᠠᠭ ᠨᠢᠭᠡ ᠨᠢᠭᠡ ᠪᠡᠷ ᠡᠭᠡᠯᠵᠢᠯᠡᠨ ᠠᠵᠢᠯᠯᠠᠬᠤ ᠮᠠᠶᠢᠭ ᠢ᠋ᠶ᠋ᠠᠷ ᠬᠣᠭᠣᠷᠣᠨᠳᠣ ᠪᠠᠨ ᠬᠣᠯᠪᠣᠭᠳᠠᠭᠰᠠᠨ ᠬᠣᠶᠠᠷ ᠨᠢᠭᠤᠷ ᠲᠠᠢ ᠴᠠᠭ ᠪᠣᠯᠤᠨ᠎ᠠ᠃ 
       ᠲᠤᠬᠠᠢ ᠶ᠋ᠢᠨ ᠰᠢᠳᠡᠷ᠎ᠡ ᠶ᠋ᠢᠨ ᠳᠦᠷᠢᠮ ᠳ᠋ᠦ᠍ ᠳᠤᠷᠠᠳᠬᠤ《ᠴᠠᠭ》 ᠬᠡᠮᠡᠬᠦ ᠣᠢᠯᠠᠭᠠᠯᠲᠠ ᠨᠢ ᠲᠤᠬᠠᠢ ᠶ᠋ᠢᠨ ᠬᠣᠶᠠᠷ ᠨᠢᠭᠤᠷ ᠲᠠᠢ ᠴᠠᠭ ᠤ᠋ᠨ ᠨᠢᠭᠡ ᠶ᠋ᠢ ᠬᠡᠯᠡᠨ᠎ᠡ᠃  
       ᠨᠢᠭᠤᠷ ᠲᠠᠢ ᠴᠠᠭ ᠪᠦᠷᠢ《ᠲᠤᠭ》 ᠲᠠᠢ ᠪᠠᠢᠨ᠎ᠠ᠃《ᠲᠤᠭ ᠤᠨᠠᠬᠤ》 ᠭᠡᠳᠡᠭ ᠣᠢᠯᠠᠭᠠᠯᠲᠠ ᠨᠢ ᠲᠤᠬᠠᠢ ᠶ᠋ᠢᠨ ᠲᠣᠭᠯᠠᠭᠴᠢ ᠳ᠋ᠤ᠌ ᠥᠭᠭᠦᠭᠰᠡᠨ ᠬᠤᠭᠤᠴᠠᠭ᠎ᠠ ᠳᠠᠭᠤᠰᠤᠭᠰᠠᠨ ᠢ᠋ ᠬᠡᠯᠡᠨ᠎ᠡ᠃ 
       ᠬᠣᠶᠠᠷ  
       (ᠨᠢᠭᠡ) ᠲᠣᠭᠯᠠᠯᠲᠠ ᠶ᠋ᠢᠨ ᠶᠠᠪᠤᠴᠠ ᠳ᠋ᠤ᠌ ᠰᠢᠳᠡᠷ᠎ᠡ ᠶ᠋ᠢᠨ ᠬᠥᠯᠭᠡ ᠳᠡᠭᠡᠷ᠎ᠡ ᠡᠭᠡᠯᠵᠢᠲᠦ ᠨᠡᠭᠦᠳᠡᠯ ᠢ᠋ᠶ᠋ᠡᠨ ᠬᠢᠵᠦ ᠪᠠᠢᠭ᠎ᠠ ᠲᠣᠭᠯᠠᠭᠴᠢ ᠯᠠ ᠰᠠᠶᠢ ᠥᠪᠡᠷ ᠦ᠋ᠨ ᠴᠠᠭ ᠢ᠋ ᠵᠣᠭᠰᠣᠭᠠᠵᠤ ᠡᠰᠡᠷᠭᠦᠦ ᠲᠠᠯ᠎ᠠ ᠶ᠋ᠢᠨ ᠴᠠᠭ ᠢ᠋ ᠠᠵᠢᠯᠯᠠᠭᠤᠯᠬᠤ ᠡᠷᠬᠡ ᠲᠡᠢ᠃ ᠡᠭᠦᠨ ᠢ᠋《 ᠴᠠᠭ ᠢ᠋ᠶ᠋ᠠᠨ ᠳᠠᠷᠤᠨ᠎ᠠ》 ᠭᠡᠵᠦ ᠬᠡᠯᠡᠨ᠎ᠡ᠃ ᠡᠨᠡ ᠨᠢ ᠲᠤᠬᠠᠢ ᠶ᠋ᠢᠨ ᠨᠡᠭᠦᠳᠡᠯ ᠬᠢᠭᠰᠡᠨ ᠳ᠋ᠦ᠍ ᠪᠠᠭᠲᠠᠨ᠎ᠠ᠃ 
       ᠲᠣᠭᠯᠠᠭᠴᠢ ᠰᠢᠳᠡᠷ᠎ᠡ ᠶ᠋ᠢᠨ ᠬᠥᠯᠭᠡ ᠳᠡᠭᠡᠷᠡᠬᠢ ᠨᠡᠭᠦᠳᠡᠯ ᠢ᠋ᠶ᠋ᠡᠨ ᠬᠢᠭᠰᠡᠨ ᠦ᠌ ᠳᠠᠷᠠᠭ᠎ᠠ ᠰᠠᠶᠢ ᠴᠠᠭ ᠢ᠋ᠶ᠋ᠠᠨ ᠳᠠᠷᠤᠬᠤ ᠶ᠋ᠢ ᠵᠥᠪᠰᠢᠶᠡᠷᠡᠨ᠎ᠡ᠃ ᠬᠥᠯᠭᠡ ᠳᠡᠭᠡᠷ᠎ᠡ ᠨᠡᠭᠦᠳᠡᠯ ᠬᠢᠬᠦ ᠪᠣᠯᠤᠨ ᠴᠠᠭ ᠳᠠᠷᠤᠬᠤ᠂ ᠮᠥᠨ ᠲᠡᠳᠡᠭᠡᠷ ᠦ᠋ᠨ ᠬᠣᠭᠣᠷᠣᠨᠳᠣᠬᠢ ᠬᠤᠭᠤᠴᠠᠭ᠎ᠠ ᠶ᠋ᠢ ᠲᠣᠭᠯᠠᠭᠴᠢ ᠳ᠋ᠤ᠌ ᠥᠭᠭᠦᠭᠳᠡᠭᠰᠡᠨ ᠬᠤᠭᠤᠴᠠᠭᠠᠨ ᠤ᠋ ᠬᠡᠰᠡᠭ ᠲᠦ᠍ ᠬᠠᠮᠢᠶᠠᠷᠤᠭᠤᠯᠤᠨ ᠠᠪᠴᠤ ᠦᠵᠡᠨ᠎ᠡ᠃ 
       (ᠬᠣᠶᠠᠷ) ᠲᠣᠭᠯᠠᠭᠴᠢ ᠨᠡᠭᠦᠳᠡᠯ ᠬᠢᠭᠰᠡᠨ ᠭᠠᠷ ᠢ᠋ᠶ᠋ᠠᠷ ᠢ᠋ᠶ᠋ᠠᠨ ᠴᠠᠭ ᠳᠠᠷᠤᠨ᠎ᠠ᠃ ᠭᠠᠷ ᠢ᠋ᠶ᠋ᠠᠨ ᠴᠠᠭ ᠤ᠋ᠨ ᠲᠣᠪᠴᠢᠯᠠᠭᠤᠷ ᠠ᠋ᠴᠠ ᠰᠠᠯᠭᠠᠬᠤ ᠦᠭᠡᠢ ᠪᠠᠢᠬᠤ᠂ ᠲᠣᠪᠴᠢᠯᠠᠭᠤᠷ ᠤ᠋ᠨ ᠳᠡᠭᠡᠭᠦᠷ ᠪᠠᠢᠯᠭᠠᠬᠤ ᠶ᠋ᠢ ᠬᠣᠷᠢᠭᠯᠠᠨ᠎ᠠ᠃ 
       (ᠭᠤᠷᠪᠠ) ᠲᠣᠭᠯᠠᠭᠴᠢ ᠴᠠᠭ ᠢ᠋ ᠨᠢᠮᠪᠠᠢ ᠳᠠᠷᠤᠬᠤ ᠶᠣᠰᠣᠲᠠᠢ᠃ ᠴᠠᠭ ᠢ᠋ ᠬᠦᠴᠦ ᠬᠡᠷᠡᠭᠯᠡᠨ ᠳᠠᠷᠤᠬᠤ᠂ ᠡᠷᠭᠦᠬᠦ ᠤᠨᠠᠭᠠᠬᠤ ᠶ᠋ᠢ ᠬᠣᠷᠢᠭᠯᠠᠨ᠎ᠠ᠃ ᠰᠢᠳᠡᠷ᠎ᠡ ᠶ᠋ᠢᠨ ᠴᠠᠭ ᠢ᠋ ᠪᠤᠷᠤᠭᠤ ᠡᠳ᠋ᠯᠡᠪᠡᠯ ᠳᠣᠯᠣᠳᠤᠭᠠᠷ ᠵᠦᠢᠯ ᠦ᠋ᠨ ᠵᠤᠷᠪᠤᠰ ᠶᠢᠰᠦ ᠶ᠋ᠢᠨ ᠳᠠᠭᠠᠤ ᠰᠢᠢᠳᠬᠡᠯ ᠥᠭᠭᠦᠨ᠎ᠡ᠃ 
       (ᠳᠥᠷᠪᠡ) ᠵᠥᠪᠬᠡᠨ ᠴᠠᠭ ᠨᠢ ᠶᠠᠪᠤᠵᠤ ᠪᠠᠢᠭ᠎ᠠ ᠲᠣᠭᠯᠠᠭᠴᠢ ᠪᠤᠲᠠ ᠬᠦᠦ ᠪᠡᠨ ᠵᠠᠰᠠᠨ ᠲᠠᠯᠪᠢᠬᠤ ᠶ᠋ᠢ ᠵᠥᠪᠰᠢᠶᠡᠷᠡᠨ᠎ᠡ᠃  
       (ᠲᠠᠪᠤ) ᠲᠣᠭᠯᠠᠭᠴᠢ ᠴᠠᠭ ᠲᠠᠢ ᠬᠠᠷᠢᠴᠠᠬᠤ ᠪᠣᠯᠤᠮᠵᠢ ᠦᠭᠡᠢ ᠪᠣᠯ ᠲᠤᠰᠠᠯᠠᠭᠴᠢ ᠪᠠᠷ ᠲᠤᠰᠠᠯᠠᠭᠤᠯᠵᠤ ᠪᠣᠯᠤᠨ᠎ᠠ᠃ ᠭᠡᠪᠡᠴᠦ ᠵᠡᠮᠳᠡᠭ ᠳᠣᠷᠭᠣᠨ(ᠬᠥᠭᠵᠢᠯ ᠦ᠋ᠨ ᠪᠡᠷᠬᠡᠰᠢᠶᠡᠯ ᠲᠡᠢ) ᠲᠣᠭᠯᠠᠭᠴᠢ ᠶ᠋ᠢᠨ ᠴᠠᠭ ᠲᠤ ᠪᠣᠯ ᠲᠣᠬᠢᠷᠠᠭᠤᠯᠤᠯᠲᠠ ᠬᠢᠬᠦ ᠦᠭᠡᠢ᠃  
       ᠭᠤᠷᠪᠠ   
       (ᠨᠢᠭᠡ) ᠰᠢᠳᠡᠷ᠎ᠡ ᠶ᠋ᠢᠨ ᠴᠠᠭ ᠬᠡᠷᠡᠭᠯᠡᠵᠦ ᠪᠠᠢᠭ᠎ᠠ ᠦᠶ᠎ᠡ ᠳ᠋ᠦ᠍ ᠲᠣᠭᠯᠠᠭᠴᠢ ᠲᠣᠭᠲᠠᠭᠠᠭᠳᠠᠭᠰᠠᠨ ᠲᠣᠭ᠎ᠠ ᠲᠠᠢ ᠨᠡᠭᠦᠳᠡᠯ ᠢ᠋ ᠵᠢᠭᠠᠭᠰᠠᠨ ᠴᠠᠭ ᠲᠤ ᠨᠢ ᠪᠠᠭᠲᠠᠭᠠᠵᠤ ᠨᠡᠭᠦᠨ᠎ᠡ᠃ ᠡᠰᠡᠪᠡᠯ ᠡᠯᠧᠺᠲ᠋ᠷᠣᠨ ᠴᠠᠭ ᠬᠡᠷᠡᠭᠯᠡᠵᠦ ᠨᠡᠭᠦᠳᠡᠯ ᠪᠣᠯᠭᠠᠨ ᠳ᠋ᠤ᠌ ᠲᠣᠳᠣᠷᠬᠠᠢ ᠵᠢᠭᠠᠭᠰᠠᠨ ᠬᠤᠭᠤᠴᠠᠭ᠎ᠠ ᠨᠡᠮᠡᠬᠦ ᠠᠷᠭ᠎ᠠ ᠶ᠋ᠢ ᠠᠪᠴᠤ ᠪᠣᠯᠤᠨ᠎ᠠ᠃ ᠡᠨᠡ ᠪᠦᠭᠦᠳᠡ ᠶ᠋ᠢᠨ ᠠᠯᠢᠨ ᠨᠢ ᠪᠠᠢᠬᠤ ᠶ᠋ᠢ ᠤᠷᠤᠯᠳᠤᠭᠠᠨ ᠤ᠋ ᠡᠮᠦᠨ᠎ᠡ ᠤᠷᠢᠳᠴᠢᠯᠠᠨ ᠲᠣᠭᠲᠠᠭᠠᠭᠰᠠᠨ ᠪᠠᠢᠬᠤ ᠶᠣᠰᠣᠲᠠᠢ᠃ 
       (ᠬᠣᠶᠠᠷ) ᠡᠬᠢᠨ ᠦ᠌ ᠬᠡᠰᠡᠭ ᠲᠦ᠍ ᠬᠡᠮᠨᠡᠭᠳᠡᠭᠰᠡᠨ ᠬᠤᠭᠤᠴᠠᠭ᠎ᠠ ᠳᠠᠷᠠᠭ᠎ᠠ ᠶ᠋ᠢᠨ ᠬᠡᠰᠡᠭ ᠲᠦ᠍ ᠨᠡᠮᠡᠭᠳᠡᠵᠦ ᠲᠣᠭᠠᠴᠢᠭᠳᠠᠨ᠎ᠠ᠃ ᠬᠠᠷᠢᠨ ᠬᠤᠭᠤᠴᠠᠭ᠎ᠠ ᠨᠡᠮᠡᠬᠦ ᠬᠡᠯᠪᠡᠷᠢ ᠲᠡᠢ ᠲᠣᠭᠯᠠᠯᠲᠠ ᠶ᠋ᠢᠨ ᠦᠶ᠎ᠡ ᠳ᠋ᠦ᠍ ᠬᠣᠶᠠᠷ ᠲᠣᠭᠯᠠᠭᠴᠢ ᠳ᠋ᠤ᠌《ᠦᠨᠳᠦᠰᠦᠨ ᠪᠣᠳᠣᠯᠲᠠ ᠶ᠋ᠢᠨ ᠴᠠᠭ》 ᠬᠡᠮᠡᠬᠦ ᠬᠤᠪᠢᠶᠠᠷᠢ ᠴᠠᠭ ᠥᠭᠳᠡᠭ᠃ ᠮᠥᠨ ᠲᠣᠭᠯᠠᠯᠲᠠ ᠶ᠋ᠢᠨ ᠨᠡᠭᠦᠳᠡᠯ ᠪᠦᠷᠢ ᠳ᠋ᠦ᠍《ᠲᠣᠭᠲᠠᠭᠰᠠᠨ ᠨᠡᠮᠡᠯᠲᠡ ᠬᠤᠭᠤᠴᠠᠭ᠎ᠠ》 ᠶ᠋ᠢ ᠥᠭᠳᠡᠭ᠃ ᠲᠣᠭᠲᠠᠭᠰᠠᠨ ᠨᠡᠮᠡᠯᠲᠡ ᠬᠤᠭᠤᠴᠠᠭ᠎ᠠ ᠳᠠᠭᠤᠰᠤᠭᠰᠠᠨ ᠤ᠋ ᠳᠠᠷᠠᠭ᠎ᠠ ᠦᠨᠳᠦᠰᠦᠨ ᠪᠣᠳᠣᠯᠲᠠ ᠶ᠋ᠢᠨ ᠬᠤᠭᠤᠴᠠᠭᠠᠨ ᠤ᠋ ᠴᠠᠭ ᠶᠠᠪᠤᠵᠤ ᠡᠬᠢᠯᠡᠳᠡᠭ᠃ ᠲᠣᠭᠲᠠᠭᠰᠠᠨ ᠨᠡᠮᠡᠯᠲᠡ ᠬᠤᠭᠤᠴᠠᠭ᠎ᠠ ᠳᠠᠭᠤᠰᠬᠤ ᠠ᠋ᠴᠠ ᠡᠮᠦᠨ᠎ᠡ ᠲᠣᠭᠯᠠᠭᠴᠢ ᠴᠠᠭ ᠢ᠋ᠶ᠋ᠠᠨ ᠳᠠᠷᠤᠭᠰᠠᠨ ᠪᠣᠯ ᠲᠡᠭᠦᠨ ᠦ᠌ ᠦᠨᠳᠦᠰᠦᠨ ᠬᠤᠭᠤᠴᠠᠭᠠᠨ ᠤ᠋ ᠦᠯᠡᠳᠡᠭᠳᠡᠯ ᠬᠤᠪᠢᠷᠠᠬᠤ ᠦᠭᠡᠢ᠃ ᠡᠨᠡ ᠨᠢ ᠨᠡᠮᠡᠯᠲᠡ ᠬᠤᠭᠤᠴᠠᠭᠠᠨ ᠤ᠋ ᠦᠯᠡᠳᠡᠭᠳᠡᠯ ᠲᠡᠢ ᠶᠠᠮᠠᠷ ᠴᠤ᠌ ᠬᠣᠯᠪᠣᠭᠳᠠᠯ ᠪᠠᠢᠬᠤ ᠦᠭᠡᠢ᠃ 
       ᠳᠥᠷᠪᠡ᠂ ᠴᠠᠭ ᠤ᠋ᠨ ᠲᠤᠭ ᠤᠨᠠᠭᠰᠠᠨ ᠳᠠᠷᠤᠢ ᠳ᠋ᠤ᠌ ᠳᠡᠭᠡᠷᠡᠬᠢ ᠵᠤᠷᠪᠤᠰ ᠤ᠋ᠨ ᠳᠠᠭᠠᠤ ᠰᠢᠯᠭᠠᠨ᠎ᠠ᠃ 
       ᠲᠠᠪᠤ᠂ ᠲᠣᠭᠯᠠᠯᠲᠠ ᠡᠬᠢᠯᠡᠬᠦ ᠶ᠋ᠢᠨ ᠡᠮᠦᠨ᠎ᠡ ᠰᠢᠳᠡᠷ᠎ᠡ ᠶ᠋ᠢᠨ ᠴᠠᠭ ᠬᠠᠮᠢᠭ᠎ᠠ ᠪᠠᠢᠷᠢᠯᠠᠭᠤᠯᠬᠤ ᠶ᠋ᠢ ᠬᠢᠨᠠᠭᠴᠢ <ᠰᠢᠭᠦᠭᠴᠢ>  ᠰᠢᠢᠳᠪᠦᠷᠢᠯᠡᠨ᠎ᠡ᠃
       ᠵᠢᠷᠭᠤᠭ᠎ᠠ᠂ ᠤᠷᠤᠯᠳᠤᠭᠠᠨ ᠡᠬᠢᠯᠡᠬᠦ ᠴᠠᠭ ᠲᠤᠯᠤᠮᠠᠭᠴᠠ ᠨᠡᠭᠦᠬᠦ ᠡᠭᠡᠯᠵᠢᠨ ᠦ᠌ ᠲᠣᠭᠯᠠᠭᠴᠢ ᠶ᠋ᠢᠨ ᠴᠠᠭ ᠢ᠋ ᠳᠠᠷᠤᠨ᠎ᠠ᠃ 
       ᠳᠣᠯᠣᠭ᠎ᠠ 
       (ᠨᠢᠭᠡ) ᠤᠷᠤᠯᠳᠤᠭᠠᠨ ᠵᠣᠬᠢᠶᠠᠨ ᠪᠠᠢᠭᠤᠯᠤᠭᠴᠢ ᠠ᠋ᠴᠠ 《ᠣᠷᠣᠢᠲᠠᠬᠤ ᠶ᠋ᠢ ᠵᠥᠪᠰᠢᠶᠠᠷᠡᠬᠦ ᠬᠤᠭᠤᠴᠠᠭ᠎ᠠ》ᠶ᠋ᠢ ᠤᠷᠢᠳᠴᠢᠯᠠᠨ ᠲᠣᠭᠲᠠᠭᠠᠭᠰᠠᠨ ᠪᠠᠢᠬᠤ ᠱᠠᠭᠠᠷᠳᠠᠯᠭ᠎ᠠ ᠲᠠᠢ᠃ ᠬᠡᠷᠪᠡ ᠬᠢᠨᠠᠭᠴᠢ ᠥᠭᠡᠷ᠎ᠡ ᠪᠡᠷ ᠰᠢᠢᠳᠪᠤᠷᠢ ᠭᠠᠷᠭᠠᠭᠰᠠᠨ ᠦᠭᠡᠢ ᠪᠣᠯ ᠲᠤᠰ ᠬᠤᠭᠤᠴᠠᠭᠠᠨ ᠠ᠋ᠴᠠ ᠣᠷᠣᠢ ᠢᠷᠡᠭᠰᠡᠨ ᠲᠣᠭᠯᠠᠭᠴᠢ ᠶ᠋ᠢ ᠡᠨᠡ ᠦᠷᠦᠭ ᠲᠦ᠍ ᠢᠯᠠᠭᠳᠠᠭᠰᠠᠨ ᠳ᠋ᠤ᠌ ᠲᠣᠭᠠᠴᠠᠨ᠎ᠠ᠃ 
       (ᠬᠣᠶᠠᠷ)  ᠬᠣᠶᠠᠷ ᠲᠣᠭᠯᠠᠭᠴᠢ ᠠᠯᠢ ᠠᠯᠢ ᠨᠢ ᠢᠷᠡᠭᠰᠡᠨ ᠦᠭᠡᠢ ᠲᠣᠬᠢᠶᠠᠯᠳᠤᠯ ᠳ᠋ᠤ᠌ ᠬᠡᠷᠪᠡ ᠬᠢᠨᠠᠭᠴᠢ ᠥᠭᠡᠷ᠎ᠡ ᠪᠡᠷ ᠰᠢᠢᠳᠪᠦᠷᠢ ᠭᠠᠷᠭᠠᠭᠰᠠᠨ ᠦᠭᠡᠢ ᠪᠣᠯ ᠨᠡᠭᠦᠬᠦ ᠡᠭᠡᠯᠵᠢᠨ ᠦ᠌ ᠲᠣᠭᠯᠠᠭᠴᠢ ᠶ᠋ᠢᠨ ᠴᠠᠭ ᠨᠢ ᠲᠡᠭᠦᠨ ᠢ᠋ ᠢᠷᠡᠲᠡᠯ᠎ᠡ ᠶᠠᠪᠤᠬᠤ ᠪᠣᠯᠤᠨ᠎ᠠ᠃ 
       ᠨᠠᠢ᠍ᠮᠠ᠂ ᠬᠢᠨᠠᠭᠴᠢ ᠲᠤᠭ ᠤᠨᠠᠭᠰᠠᠨ ᠢ᠋ ᠲᠣᠭᠲᠠᠭᠠᠬᠤ᠂ ᠡᠰᠡᠪᠡᠯ ᠠᠯᠢ ᠨᠢᠭᠡ ᠲᠣᠭᠯᠠᠭᠴᠢ ᠡᠨᠡ ᠲᠤᠬᠠᠢ ᠵᠥᠪ ᠮᠡᠳᠡᠭᠳᠡᠯ ᠭᠠᠷᠭᠠᠭᠰᠠᠨ ᠢ᠋ᠶ᠋ᠠᠷ ᠴᠠᠭ ᠤ᠋ᠨ ᠲᠤᠭ ᠢ᠋ ᠤᠨᠠᠭᠰᠠᠨ ᠭᠡᠵᠦ ᠲᠣᠭᠲᠠᠭᠠᠨ᠎ᠠ᠃ 
       ᠶᠢᠰᠦ᠂ ᠨᠢᠭᠡᠳᠦᠭᠡᠷ ᠪᠦᠯᠦᠭ ᠦ᠋ᠨ ᠲᠠᠪᠤᠳᠤᠭᠠᠷ ᠵᠦᠢᠯ ᠦ᠋ᠨ ᠵᠤᠷᠪᠤᠰ ᠨᠢᠭᠡ ᠶ᠋ᠢᠨ (ᠨᠢᠭᠡ)(ᠬᠣᠶᠠᠷ)᠂  ᠵᠤᠷᠪᠤᠰ ᠬᠣᠶᠠᠷ ᠤ᠋ᠨ (ᠨᠢᠭᠡ)(ᠬᠣᠶᠠᠷ)(ᠭᠤᠷᠪᠠ)  ᠶ᠋ᠢᠨ ᠠᠯᠢ ᠨᠢᠭᠡ ᠡᠴᠡ ᠪᠤᠰᠤᠳ ᠲᠣᠬᠢᠶᠠᠯᠳᠤᠯ ᠳ᠋ᠤ᠌ ᠲᠣᠭᠯᠠᠭᠴᠢ ᠦᠭᠭᠦᠭᠳᠡᠭᠰᠠᠨ ᠬᠤᠭᠤᠴᠠᠭᠠᠨ ᠳ᠋ᠤ᠌ ᠪᠠᠨ ᠲᠣᠭᠲᠠᠭᠰᠠᠨ ᠨᠡᠭᠦᠳᠡᠯ ᠢ᠋ ᠪᠦᠷᠢᠨ ᠬᠢᠵᠦ ᠠᠮᠵᠢᠭᠰᠠᠨ ᠦᠭᠡᠢ ᠪᠣᠯ ᠲᠡᠭᠦᠨ ᠢ᠋ ᠬᠤᠵᠢᠭᠳᠠᠭᠰᠠᠨ ᠳ᠋ᠤ᠌ ᠲᠣᠭᠠᠴᠠᠨ᠎ᠠ᠃ ᠭᠡᠪᠡᠴᠦ ᠠᠯᠢ ᠴᠤ᠌ ᠲᠣᠭᠯᠠᠭᠴᠢ ᠡᠭᠡᠯᠵᠢᠲᠦ ᠨᠡᠭᠦᠳᠡᠯ ᠦ᠋ᠨ ᠶᠠᠮᠠᠷ ᠴᠤ᠌ ᠶᠠᠪᠤᠭ᠎ᠠ ᠪᠠᠷ ᠡᠰᠡᠷᠭᠦᠦ ᠲᠠᠯ᠎ᠠ ᠶ᠋ᠢᠨ ᠨᠣᠶᠠᠨ ᠢ᠋ ᠮᠠᠳᠯᠠᠬᠤ ᠪᠣᠯᠤᠮᠵᠢ ᠦᠭᠡᠢ ᠪᠠᠢᠷᠢᠯᠠᠯ ᠡᠭᠦᠰᠦᠭᠰᠡᠨ ᠪᠣᠯ ᠬᠠᠢᠨᠴᠠᠭᠰᠠᠨ ᠭᠡᠵᠦ ᠲᠣᠭᠠᠴᠠᠨ᠎ᠠ᠃ 
       ᠠᠷᠪᠠ 
       (ᠨᠢᠭᠡ) ᠴᠠᠭ ᠲᠤ᠌ ᠮᠡᠳᠡᠭᠳᠡᠬᠦᠢᠴᠡ ᠭᠠᠵᠢᠭ ᠪᠠᠢᠬᠤ ᠦᠭᠡᠢ ᠯᠡ ᠪᠣᠯ ᠲᠡᠭᠦᠨ ᠦ᠌ ᠵᠢᠭᠠᠯᠲᠠ ᠶ᠋ᠢ ᠵᠥᠪ ᠭᠡᠵᠦ ᠦᠵᠡᠨ᠎ᠡ᠃ ᠡᠪᠳᠡᠷᠡᠪᠡᠯ᠂ ᠡᠪᠳᠡᠷᠬᠡᠢ ᠴᠠᠭ ᠢ᠋ ᠬᠢᠨᠠᠭᠴᠢ ᠰᠣᠯᠢᠬᠤ ᠪᠠ ᠢᠩᠭᠢᠬᠦ ᠳ᠋ᠦ᠍ ᠪᠡᠨ ᠰᠢᠨ᠎ᠡ ᠴᠠᠭ ᠤ᠋ᠨ ᠵᠢᠭᠠᠯᠲᠠ ᠶ᠋ᠢ ᠴᠢᠳᠠᠬᠤ ᠶ᠋ᠢᠨ ᠴᠢᠨᠡᠭᠡ ᠪᠡᠷ ᠵᠥᠪ ᠲᠣᠬᠢᠷᠠᠭᠤᠯᠤᠨ᠎ᠠ᠃ 
       (ᠬᠣᠶᠠᠷ) ᠲᠣᠭᠯᠠᠯᠲᠠ ᠶ᠋ᠢᠨ ᠶᠠᠪᠤᠴᠠ ᠳ᠋ᠤ᠌ ᠰᠢᠳᠡᠷ᠎ᠡ ᠶ᠋ᠢᠨ ᠴᠠᠭ ᠤ᠋ᠨ ᠠᠯᠢ ᠨᠢᠭᠡ ᠨᠢ ᠡᠰᠡᠪᠡᠯ ᠬᠣᠶᠠᠭᠤᠯᠠ ᠪᠠᠨ ᠪᠤᠷᠤᠭᠤ ᠲᠠᠭᠠᠷᠠᠭᠤᠯᠤᠭᠰᠠᠨ ᠨᠢ ᠬᠡᠷᠪᠡ ᠲᠣᠭᠲᠠᠭᠠᠭᠳᠠᠪᠠᠯ ᠲᠤᠰ ᠴᠠᠭ ᠢ᠋ ᠬᠢᠨᠠᠭᠴᠢ ᠳ᠋ᠤ᠌ ᠳᠠᠷᠤᠢᠬᠠᠨ ᠮᠡᠳᠡᠭᠳᠡᠵᠦ ᠵᠣᠭᠰᠣᠭᠠᠨ᠎ᠠ᠃ ᠬᠢᠨᠠᠭᠴᠢ ᠴᠠᠭ ᠢ᠋ ᠵᠥᠪ ᠲᠣᠬᠢᠷᠠᠭᠤᠯᠵᠤ᠂ ᠱᠠᠭᠠᠷᠳᠠᠯᠭ᠎ᠠ ᠲᠠᠢ ᠭᠡᠵᠦ ᠦᠵᠡᠪᠡᠯ ᠴᠠᠭ ᠪᠣᠯᠤᠨ ᠨᠡᠭᠦᠳᠡᠯ ᠦ᠋ᠨ ᠲᠣᠭᠠᠴᠠᠭ᠎ᠠ ᠶ᠋ᠢ ᠲᠣᠬᠢᠷᠠᠭᠤᠯᠤᠨ᠎ᠠ᠃  
       ᠠᠷᠪᠠᠨ ᠨᠢᠭᠡ᠂ ᠬᠡᠷᠪᠡ ᠴᠠᠭ ᠤ᠋ᠨ ᠬᠣᠶᠠᠷ ᠲᠤᠭ ᠬᠣᠶᠠᠭᠤᠯᠠ ᠪᠠᠨ ᠤᠨᠠᠴᠢᠬᠠᠭᠰᠠᠨ᠂ ᠠᠯᠢ ᠨᠢ ᠲᠦᠷᠦᠭᠦᠦ  ᠤᠨᠠᠭᠰᠠᠨ ᠢ᠋ ᠨᠢ ᠲᠣᠭᠲᠠᠭᠠᠬᠤ ᠪᠣᠯᠤᠮᠵᠢ ᠦᠭᠡᠢ ᠪᠠᠢᠪᠠᠯ᠄ 
       (ᠨᠢᠭᠡ) ᠬᠡᠷᠪᠡ ᠡᠨᠡ ᠨᠢ ᠲᠣᠭᠯᠠᠯᠲᠠ ᠶ᠋ᠢᠨ ᠰᠡᠭᠦᠯᠴᠢ ᠶ᠋ᠢᠨ ᠬᠤᠭᠤᠴᠠᠭᠠᠨ ᠠ᠋ᠴᠠ ᠪᠤᠰᠤᠳ ᠲᠣᠭᠯᠠᠯᠲᠠ ᠶ᠋ᠢᠨ ᠠᠯᠢ ᠨᠢᠭᠡ ᠬᠤᠭᠤᠴᠠᠭᠠᠨ ᠳ᠋ᠤ᠌ ᠲᠣᠬᠢᠶᠠᠯᠳᠤᠭᠰᠠᠨ ᠪᠣᠯ ᠲᠤᠬᠠᠢ ᠶ᠋ᠢᠨ ᠲᠣᠭᠯᠠᠯᠲᠠ ᠶ᠋ᠢ ᠴᠢᠨᠠᠭᠰᠢᠳᠠ ᠦᠷᠭᠦᠯᠵᠢᠯᠡᠭᠦᠯᠦᠨ᠎ᠡ᠃ 
       (ᠬᠣᠶᠠᠷ) ᠬᠡᠷᠪᠡ ᠡᠢᠮᠦ ᠲᠣᠬᠢᠶᠠᠯᠳᠤᠯ ᠨᠢ ᠲᠣᠭᠯᠠᠯᠲᠠ ᠶ᠋ᠢᠨ ᠶᠠᠪᠤᠴᠠ ᠳ᠋ᠤ᠌ ᠭᠦᠢᠴᠡᠳᠬᠡᠬᠦ ᠶᠣᠰᠣᠲᠠᠢ ᠪᠦᠬᠦ ᠨᠡᠭᠦᠳᠡᠯ ᠢ᠋ ᠨᠡᠭᠦᠭᠰᠡᠨ ᠦᠶ᠎ᠡ ᠳ᠋ᠦ᠍ ᠲᠣᠬᠢᠶᠠᠯᠳᠤᠭᠰᠠᠨ ᠪᠣᠯ ᠲᠤᠬᠠᠢ ᠶ᠋ᠢᠨ ᠦᠷᠦᠭ ᠢ᠋ ᠬᠠᠢᠨᠴᠠᠭᠰᠠᠨ ᠳ᠋ᠤ᠌ ᠲᠣᠭᠠᠴᠠᠨ᠎ᠠ᠃  
       ᠠᠷᠪᠠᠨ ᠬᠣᠶᠠᠷ  
       (ᠨᠢᠭᠡ) ᠬᠡᠷᠪᠡ ᠥᠷᠥᠭ ᠢ᠋ ᠵᠣᠭᠰᠣᠭᠠᠬᠤ ᠱᠠᠭᠠᠷᠳᠠᠯᠭ᠎ᠠ ᠭᠠᠷᠪᠠᠯ ᠬᠢᠨᠠᠭᠴᠢ ᠬᠣᠶᠠᠭᠤᠯᠠ ᠶ᠋ᠢᠨ ᠴᠠᠭ ᠢ᠋ ᠵᠣᠭᠰᠣᠭᠠᠨ᠎ᠠ᠃ 
       (ᠬᠣᠶᠠᠷ) ᠬᠢᠨᠠᠭᠴᠢ ᠶ᠋ᠢᠨ ᠲᠤᠰᠠᠯᠠᠯᠴᠠᠭ᠎ᠠ ᠱᠠᠭᠠᠷᠳᠠᠯᠭ᠎ᠠ ᠲᠠᠢ ᠪᠣᠯᠤᠭᠰᠠᠨ ᠲᠣᠬᠢᠶᠠᠯᠳᠤᠯ ᠳ᠋ᠤ᠌ ᠲᠣᠭᠯᠠᠭᠴᠢ ᠥᠪᠡᠷ ᠦ᠋ᠨ ᠴᠠᠭ ᠢ᠋ ᠵᠣᠭᠰᠣᠭᠠᠬᠤ ᠪᠣᠯᠤᠮᠵᠢ ᠲᠠᠢ᠃ ᠵᠢᠱ᠌ᠢᠶ᠎ᠡ ᠨᠢ᠄  ᠬᠦᠦ ᠶ᠋ᠢ ᠬᠤᠪᠢᠷᠠᠭᠠᠬᠤ ᠳ᠋ᠤ᠌ ᠰᠣᠯᠢᠬᠤ ᠪᠤᠲᠠ ᠨᠢ ᠣᠢᠷ᠎ᠠ ᠪᠠᠢᠬᠤ ᠦᠭᠡᠢ ᠵᠡᠷᠭᠡ᠃ 
       (ᠭᠤᠷᠪᠠ) ᠲᠣᠭᠯᠠᠯᠲᠠ ᠳᠠᠬᠢᠨ ᠬᠡᠵᠢᠶ᠎ᠡ ᠡᠬᠢᠯᠡᠬᠦ ᠶ᠋ᠢ ᠬᠢᠨᠠᠭᠴᠢ ᠰᠢᠢᠳᠪᠦᠷᠢᠯᠡᠨ᠎ᠡ᠃ 
       (ᠳᠥᠷᠪᠡ) ᠬᠢᠨᠠᠭᠴᠢ ᠶ᠋ᠢᠨ ᠲᠤᠰᠠᠯᠠᠯᠴᠠᠭ᠎ᠠ ᠠᠪᠬᠤ ᠪᠠᠷ ᠲᠣᠭᠯᠠᠭᠴᠢ ᠬᠡᠷᠪᠡ ᠴᠠᠭ ᠢ᠋ ᠵᠣᠭᠰᠣᠭᠠᠪᠠᠯ᠂ ᠲᠤᠬᠠᠢ ᠶ᠋ᠢᠨ ᠲᠣᠭᠯᠠᠭᠴᠢ ᠡᠭᠦᠨ ᠢ᠋ ᠨᠢ ᠦᠢᠯᠡᠳᠪᠡᠰᠦ ᠵᠣᠬᠢᠬᠤ ᠰᠢᠯᠲᠠᠭᠠᠨ ᠪᠠᠢᠬᠤ ᠪᠤᠶᠤ ᠦᠭᠡᠢ ᠶ᠋ᠢ ᠬᠢᠨᠠᠭᠴᠢ ᠲᠣᠳᠣᠷᠠᠭᠤᠯᠤᠨ᠎ᠠ᠃ ᠬᠡᠷᠪᠡ ᠲᠣᠭᠯᠠᠭᠴᠢ ᠴᠠᠭ ᠢ᠋ ᠵᠣᠭᠰᠣᠭᠠᠬᠤ ᠬᠠᠩᠭᠠᠯᠲᠠ ᠲᠠᠢ ᠰᠢᠯᠲᠠᠭᠠᠨ ᠪᠠᠢᠬᠤ ᠦᠭᠡᠢ ᠪᠣᠯ ᠳᠣᠯᠣᠳᠤᠭᠠᠷ ᠵᠦᠢᠯ ᠦ᠋ᠨ ᠵᠤᠷᠪᠤᠰ ᠶᠢᠰᠦ ᠶ᠋ᠢᠨ ᠳᠠᠭᠠᠤ ᠰᠢᠢᠳᠬᠡᠯ ᠥᠭᠭᠦᠨ᠎ᠡ᠃  

         ᠬᠣᠶᠠᠳᠤᠭᠠᠷ ᠵᠦᠢᠯ   ᠳᠦᠷᠢᠮ ᠵᠥᠷᠢᠴᠡᠭᠰᠡᠨ ᠪᠠᠢᠳᠠᠯ   

       ᠨᠢᠭᠡ᠂ ᠬᠡᠷᠪᠡ ᠶᠠᠮᠠᠷ ᠨᠢᠭᠡ ᠠᠯᠳᠠᠭ᠎ᠠ ᠭᠠᠷᠬᠤ ᠡᠰᠡᠪᠡᠯ  ᠠᠯᠳᠠᠭ᠎ᠠ ᠨᠢ ᠡᠮᠦᠨᠡᠬᠢ ᠪᠠᠢᠷᠢᠯᠠᠯ ᠢ᠋ ᠰᠡᠷᠭᠦᠭᠡᠵᠦ ᠪᠤᠲᠠ ᠬᠦᠦ ᠶ᠋ᠢ ᠬᠥᠳᠡᠯᠭᠡᠬᠦ ᠱᠠᠭᠠᠷᠳᠠᠯᠭ᠎ᠠ ᠭᠠᠷᠤᠭᠰᠠᠨ ᠪᠣᠯ ᠴᠠᠭ ᠤ᠋ᠨ ᠳᠡᠭᠡᠷᠡᠬᠢ ᠬᠤᠭᠤᠴᠠᠭ᠎ᠠ ᠶ᠋ᠢ ᠬᠢᠨᠠᠭᠴᠢ ᠪᠠᠢᠳᠠᠯ ᠢ᠋ ᠦᠨᠳᠦᠰᠦᠯᠡᠨ ᠲᠣᠳᠣᠷᠬᠠᠢᠯᠠᠨ᠎ᠠ᠃ ᠭᠡᠬᠦ ᠳ᠋ᠦ᠍ ᠪᠡᠨ ᠰᠢᠲᠠᠷ᠎ᠠ ᠶ᠋ᠢᠨ ᠴᠠᠭ ᠤ᠋ᠨ ᠬᠤᠭᠤᠴᠠᠭ᠎ᠠ ᠶ᠋ᠢ ᠥᠭᠡᠷᠡᠴᠢᠯᠡᠬᠦ ᠡᠷᠬᠡ ᠦᠭᠡᠢ᠃ ᠮᠥᠨ ᠱᠠᠭᠠᠷᠳᠠᠯᠭ᠎ᠠ ᠲᠠᠢ ᠪᠣᠯ ᠴᠠᠭ ᠲᠤ ᠨᠡᠭᠦᠳᠡᠯ ᠦ᠋ᠨ ᠲᠣᠭ᠎ᠠ ᠶ᠋ᠢ ᠲᠣᠭᠲᠠᠭᠠᠵᠤ ᠪᠣᠯᠤᠨ᠎ᠠ᠃   
       ᠬᠣᠶᠠᠷ  
       (ᠨᠢᠭᠡ) ᠲᠣᠭᠯᠠᠯᠲᠠ ᠶ᠋ᠢᠨ ᠶᠠᠪᠤᠴᠠ ᠳ᠋ᠤ᠌ ᠰᠢᠳᠡᠷ᠎ᠡ ᠶ᠋ᠢᠨ ᠬᠦᠴᠦᠨ ᠦ᠌ ᠠᠩᠬᠠᠨ ᠤ᠋ ᠪᠠᠢᠷᠢᠯᠠᠯᠲᠠ ᠨᠢ ᠪᠤᠷᠤᠭᠤ ᠪᠣᠯᠤᠭᠰᠠᠨ ᠨᠢ ᠮᠡᠳᠡᠭᠳᠡᠪᠡᠯ ᠥᠷᠥᠭ ᠢ᠋ ᠵᠣᠭᠰᠣᠭᠠᠨ ᠰᠢᠨ᠎ᠡ ᠪᠡᠷ ᠡᠬᠢᠯᠡᠭᠦᠯᠦᠨ᠎ᠡ᠃ 
       (ᠬᠣᠶᠠᠷ) ᠲᠣᠭᠯᠠᠯᠲᠠ ᠶ᠋ᠢᠨ ᠶᠠᠪᠤᠴᠠ ᠳ᠋ᠤ᠌ ᠵᠥᠪᠬᠡᠨ ᠰᠢᠳᠡᠷ᠎ᠡ ᠶ᠋ᠢᠨ ᠬᠥᠯᠭᠡ ᠨᠢ ᠨᠢᠭᠡᠳᠦᠭᠡᠷ ᠪᠦᠯᠦᠭ ᠦ᠋ᠨ ᠬᠣᠶᠠᠳᠤᠭᠠᠷ ᠵᠦᠢᠯ ᠦ᠋ᠨ ᠵᠤᠷᠪᠤᠰ ᠨᠢᠭᠡ ᠶ᠋ᠢᠨ ᠱᠠᠭᠠᠷᠳᠠᠯᠭ᠎ᠠ ᠳ᠋ᠤ᠌ ᠨᠡᠢᠴᠡᠭᠰᠡᠨ ᠦᠭᠡᠢ ᠪᠡᠷ ᠪᠤᠷᠤᠭᠤ ᠲᠠᠯᠪᠢᠭᠰᠠᠨ ᠨᠢ ᠮᠡᠳᠡᠭᠳᠡᠪᠡᠯ ᠵᠥᠪ ᠲᠠᠯᠪᠢᠭᠰᠠᠨ ᠬᠥᠯᠭᠡ ᠳᠡᠭᠡᠷ᠎ᠡ ᠣᠳᠣᠬᠢ ᠪᠠᠢᠷᠢᠯᠠᠯᠲᠠ ᠶ᠋ᠢ ᠰᠢᠯᠵᠢᠭᠦᠯᠵᠦ ᠦᠷᠭᠦᠯᠵᠢᠯᠡᠨ ᠲᠣᠭᠯᠠᠨ᠎ᠠ᠃ 
       ᠭᠤᠷᠪᠠ᠂ ᠬᠣᠶᠠᠷ ᠲᠠᠯ᠎ᠠ ᠶ᠋ᠢᠨ ᠰᠢᠳᠡᠷ᠎ᠡ ᠶ᠋ᠢᠨ ᠥᠩᠭᠡ ᠨᠢ ᠰᠣᠯᠢᠭᠳᠠᠭᠠᠳ ᠲᠣᠭᠯᠠᠯᠲᠠ ᠡᠬᠢᠯᠡᠭᠰᠡᠨ ᠬᠣᠢᠨ᠎ᠠ ᠮᠡᠳᠡᠭᠳᠡᠭᠰᠡᠨ ᠪᠠᠢᠪᠠᠯ ᠲᠡᠷᠡ ᠦᠷᠦᠭ ᠢ᠋ ᠮᠥᠨ ᠴᠢᠨᠠᠭᠰᠢ ᠦᠷᠭᠦᠯᠵᠢᠯᠡᠭᠦᠯᠦᠨ᠎ᠡ᠃ ᠡᠨᠡ ᠪᠠᠢᠳᠠᠯ ᠳ᠋ᠤ᠌ ᠬᠡᠷᠪᠡ ᠬᠢᠨᠠᠭᠴᠢ ᠠ᠋ᠴᠠ ᠥᠭᠡᠷ᠎ᠡ ᠰᠢᠢᠳᠪᠦᠷᠢ ᠭᠠᠷᠭᠠᠪᠠᠯ ᠲᠡᠭᠦᠨ ᠢ᠋ ᠨᠢ ᠬᠦᠯᠢᠶᠡᠵᠦ ᠠᠪᠤᠨ᠎ᠠ᠃ 
       ᠳᠥᠷᠪᠡ᠂ ᠬᠡᠷᠪᠡ ᠲᠣᠭᠯᠠᠭᠴᠢ ᠨᠢᠭᠡ ᠶᠦᠮ ᠤᠤ ᠲᠡᠭᠦᠨ ᠡᠴᠡ ᠣᠯᠠᠨ ᠬᠦᠴᠦᠨ ᠢ᠋ ᠨᠢ ᠤᠨᠠᠭᠠᠪᠠᠯ᠂ ᠲᠡᠷᠡ ᠲᠣᠭᠯᠠᠭᠴᠢ ᠥᠪᠡᠷ ᠦ᠋ᠨ ᠴᠠᠭ ᠳᠡᠭᠡᠷ᠎ᠡ ᠪᠠᠢᠷᠢᠯᠠᠯᠲᠠ ᠶ᠋ᠢ ᠰᠡᠷᠭᠦᠭᠡᠨ᠎ᠡ᠃ ᠬᠡᠷᠪᠡ ᠱᠠᠭᠠᠷᠳᠠᠯᠭ᠎ᠠ ᠲᠠᠢ ᠪᠣᠯ ᠲᠣᠭᠯᠠᠭᠴᠢ ᠴᠠᠭ ᠢ᠋ ᠵᠣᠭᠰᠣᠭᠠᠨ ᠬᠢᠨᠠᠭᠴᠢ ᠳ᠋ᠤ᠌ ᠬᠠᠨᠳᠤᠬᠤ ᠶᠣᠰᠣᠲᠠᠢ᠃ ᠬᠢᠨᠠᠭᠴᠢ ᠤᠨᠠᠭᠠᠭᠰᠠᠨ ᠲᠣᠭᠯᠠᠭᠴᠢ ᠶ᠋ᠢ ᠲᠣᠷᠭᠠᠵᠤ ᠪᠣᠯᠤᠨ᠎ᠠ᠃ 
       ᠲᠠᠪᠤ 
       (ᠨᠢᠭᠡ) ᠬᠡᠷᠪᠡ ᠲᠣᠭᠯᠠᠯᠲᠠ ᠶ᠋ᠢᠨ ᠶᠠᠪᠤᠴᠠ ᠳ᠋ᠤ᠌ ᠪᠣᠯᠤᠮᠵᠢ ᠦᠭᠡᠢ ᠨᠡᠭᠦᠳᠡᠯ ᠨᠡᠭᠦᠭᠰᠡᠨ ᠨᠢ ᠢᠯᠡᠷᠡᠪᠡᠯ ᠡᠨᠡ ᠵᠥᠷᠢᠴᠡᠯ ᠦ᠋ᠨ ᠶᠠᠭ ᠡᠮᠦᠨᠡᠬᠢ ᠪᠠᠢᠷᠢᠯᠠᠯ ᠢ᠋ ᠰᠡᠷᠭᠦᠭᠡᠬᠦ ᠬᠡᠷᠡᠭᠲᠡᠢ᠃ ᠡᠨᠡ ᠪᠠᠢᠳᠠᠯ ᠰᠡᠷᠭᠦᠭᠡᠭᠳᠡᠬᠦ ᠪᠣᠯᠤᠮᠵᠢ ᠦᠭᠡᠢ ᠪᠣᠯ ᠤᠷᠤᠭᠰᠢ ᠪᠠᠨ ᠲᠦᠯᠬᠢᠵᠦ᠂ ᠵᠥᠷᠢᠴᠡᠯ ᠡᠴᠡ ᠡᠮᠦᠨᠡᠬᠢ ᠬᠠᠮᠤᠭ ᠣᠢᠷᠠᠬᠠᠨ ᠰᠡᠷᠭᠦᠭᠡᠭᠳᠡᠬᠦ ᠪᠣᠯᠤᠮᠵᠢ ᠲᠠᠢ ᠪᠠᠢᠷᠢᠯᠠᠯ ᠠ᠋ᠴᠠ ᠲᠣᠭᠯᠠᠯᠲᠠ ᠶ᠋ᠢ ᠦᠷᠭᠦᠯᠵᠢᠯᠡᠭᠦᠯᠦᠨ᠎ᠡ᠃ ᠪᠣᠯᠤᠮᠵᠢ ᠦᠭᠡᠢ ᠨᠡᠭᠦᠳᠡᠯ ᠢ᠋ ᠨᠢᠭᠡᠳᠦᠭᠡᠷ ᠪᠦᠯᠦᠭ ᠦ᠋ᠨ ᠳᠥᠷᠪᠡᠳᠦᠭᠡᠷ ᠵᠦᠢᠯ ᠦ᠋ᠨ ᠭᠤᠷᠪᠠ ᠪᠠ ᠳᠣᠯᠣᠭ᠎ᠠ ᠶ᠋ᠢ ᠠᠰᠢᠭᠯᠠᠨ ᠵᠠᠯᠠᠷᠠᠭᠤᠯᠤᠨ᠎ᠠ᠃ ᠬᠡᠷᠪᠡ ᠲᠣᠭᠯᠠᠭᠴᠢ ᠬᠤᠪᠢᠷᠠᠯᠲᠠ ᠶ᠋ᠢᠨ ᠪᠠᠭᠤᠳᠠᠯ ᠳ᠋ᠤ᠌ ᠬᠦᠦ ᠪᠡᠨ ᠲᠦᠯᠬᠢᠵᠦ ᠴᠠᠭ ᠢ᠋ ᠳᠠᠷᠤᠭᠳᠠᠭᠰᠠᠨ ᠪᠣᠯᠪᠠᠴᠤ ᠬᠦᠦ ᠶ᠋ᠢ ᠰᠢᠨ᠎ᠡ ᠪᠤᠲᠠ ᠪᠠᠷ ᠰᠣᠯᠢᠭ᠎ᠠ ᠦᠭᠡᠢ ᠪᠣᠯ ᠡᠨᠡ ᠨᠡᠭᠦᠳᠡᠯ ᠢ᠋ ᠳᠦᠷᠢᠮ ᠵᠥᠷᠢᠴᠡᠭᠰᠡᠨ ᠭᠡᠵᠦ ᠦᠵᠡᠨ᠎ᠡ᠃ ᠲᠤᠬᠠᠢ ᠶ᠋ᠢᠨ ᠬᠦᠦ ᠶ᠋ᠢ ᠠᠳᠠᠯᠢ ᠥᠩᠭᠡ ᠶ᠋ᠢᠨ ᠪᠡᠷᠰᠡ ᠪᠡᠷ ᠬᠤᠪᠢᠷᠠᠭᠠᠨ ᠰᠣᠯᠢᠨ᠎ᠠ᠃  
       (ᠬᠣᠶᠠᠷ) ᠳᠡᠭᠡᠷᠡᠬᠢ (ᠨᠢᠭᠡ) ᠵᠤᠷᠪᠤᠰ ᠢ᠋ ᠭᠦᠢᠴᠡᠳᠬᠡᠬᠦ ᠳ᠋ᠦ᠍ ᠲᠣᠭᠯᠠᠭᠴᠢ ᠡᠬᠢᠨ ᠦ᠌ ᠤᠳᠠᠭ᠎ᠠ ᠪᠣᠯᠤᠮᠵᠢ ᠦᠭᠡᠢ ᠨᠡᠭᠦᠳᠡᠯ ᠬᠢᠰᠠᠨ ᠲᠣᠬᠢᠶᠠᠯᠳᠤᠯ ᠳ᠋ᠤ᠌᠂  ᠬᠢᠨᠠᠭᠴᠢ ᠡᠰᠡᠷᠭᠦᠦ ᠲᠠᠯ᠎ᠠ ᠶ᠋ᠢᠨ ᠲᠣᠭᠯᠠᠭᠴᠢ ᠳ᠋ᠤ᠌ ᠬᠣᠶᠠᠷ ᠮᠢᠨᠦ᠋ᠲ ᠦ᠋ᠨ ᠨᠡᠮᠡᠯᠲᠡ ᠬᠤᠭᠤᠴᠠᠭ᠎ᠠ ᠨᠥᠬᠥᠵᠦ ᠥᠭᠭᠦᠨ᠎ᠡ᠃ ᠬᠡᠷᠪᠡ ᠲᠤᠬᠠᠢ ᠶ᠋ᠢᠨ ᠲᠣᠭᠯᠠᠭᠴᠢ ᠬᠣᠶᠠᠷᠳᠠᠬᠢ ᠤᠳᠠᠭ᠎ᠠ ᠪᠣᠯᠭᠣᠮᠵᠢ ᠦᠭᠡᠢ ᠨᠡᠭᠦᠳᠡᠯ ᠬᠢᠰᠠᠨ ᠲᠣᠬᠢᠶᠠᠯᠳᠤᠯ ᠳ᠋ᠤ᠌ ᠬᠢᠨᠠᠭᠴᠢ ᠲᠣᠭᠯᠠᠯᠲᠠ ᠶ᠋ᠢ ᠳᠠᠭᠤᠰᠬᠠᠵᠤ ᠲᠤᠰ ᠲᠣᠭᠯᠠᠭᠴᠢ ᠶ᠋ᠢ ᠬᠣᠵᠢᠭᠳᠠᠭᠰᠠᠨ ᠳ᠋ᠤ᠌ ᠲᠣᠭᠠᠴᠠᠨ᠎ᠠ᠃ ᠭᠡᠬᠦ ᠳ᠋ᠦ᠍ ᠪᠡᠨ ᠡᠰᠡᠷᠭᠦᠦ ᠲᠣᠭᠯᠠᠭᠴᠢ ᠨᠢ ᠴᠤᠪᠤᠷᠠᠯ ᠪᠣᠯᠤᠮᠵᠢᠲᠤ ᠨᠡᠭᠦᠳᠡᠯ ᠢ᠋ᠶ᠋ᠡᠷ ᠲᠤᠰ ᠲᠣᠭᠯᠠᠭᠴᠢ ᠶ᠋ᠢᠨ ᠨᠣᠶᠠᠨ ᠢ᠋ ᠨᠢ ᠮᠠᠳᠯᠠᠵᠤ ᠴᠢᠳᠠᠬᠤ ᠪᠠᠷ ᠦᠭᠡᠢ ᠪᠣᠯ ᠲᠤᠬᠠᠢ ᠶ᠋ᠢᠨ ᠲᠣᠭᠯᠠᠯᠲᠠ ᠶ᠋ᠢ ᠬᠠᠢᠨᠴᠠᠭᠰᠠᠨ ᠢ᠋ᠶ᠋ᠠᠷ ᠲᠣᠭᠠᠴᠠᠨ᠎ᠠ᠃ 
       ᠵᠢᠷᠭᠤᠭ᠎ᠠ᠂ ᠬᠡᠷᠪᠡ ᠲᠣᠭᠯᠠᠯᠲᠠ ᠶ᠋ᠢᠨ ᠶᠠᠪᠤᠴᠠ ᠳ᠋ᠤ᠌ ᠰᠢᠳᠡᠷ᠎ᠡ ᠶ᠋ᠢᠨ ᠬᠦᠴᠦᠨ ᠪᠠᠢᠷᠢᠯᠠᠯ ᠠ᠋ᠴᠠ ᠪᠠᠨ ᠨᠡᠭᠦᠳᠡᠯ ᠪᠤᠰᠤ ᠪᠠᠷ ᠬᠥᠳᠡᠯᠦᠭᠰᠡᠨ ᠨᠢ ᠮᠡᠳᠡᠭᠳᠡᠪᠡᠯ ᠬᠥᠳᠡᠯᠬᠦ ᠡᠴᠡ ᠶᠠᠭ ᠡᠮᠦᠨᠡᠬᠡᠨ ᠪᠠᠢᠷᠢᠯᠠᠯ ᠢ᠋ ᠰᠡᠷᠭᠦᠭᠡᠬᠦ ᠶᠣᠰᠣᠲᠠᠢ᠃ ᠡᠨᠡ ᠬᠦ᠌ ᠪᠠᠢᠷᠢᠯᠠᠯ ᠰᠡᠷᠭᠦᠭᠡᠭᠳᠡᠬᠦ ᠪᠣᠯᠤᠮᠵᠢ ᠦᠭᠡᠢ ᠪᠣᠯ ᠲᠡᠭᠦᠨ ᠡᠴᠡ ᠡᠮᠦᠨᠡᠬᠢ ᠲᠣᠭᠲᠠᠭᠠᠭᠳᠠᠭᠰᠠᠨ ᠪᠠᠢᠷᠢᠯᠠᠯ ᠠ᠋ᠴᠠ ᠲᠣᠭᠯᠠᠯᠲᠠ ᠶ᠋ᠢ ᠦᠷᠭᠦᠯᠵᠢᠯᠡᠭᠦᠯᠦᠨ᠎ᠡ᠃    
   
         ᠭᠤᠷᠪᠠᠳᠤᠭᠠᠷ ᠵᠦᠢᠯ    ᠨᠡᠭᠦᠳᠡᠯ ᠦ᠋ᠨ ᠲᠡᠮᠳᠡᠭᠯᠡᠯ ᠬᠢᠬᠦ ᠲᠤᠬᠠᠢ    

       ᠨᠢᠭᠡ    
       (ᠨᠢᠭᠡ) ᠤᠷᠤᠯᠳᠤᠭᠠᠨ ᠳ᠋ᠤ᠌ ᠮᠣᠩᠭᠣᠯ ᠰᠢᠳᠡᠷ᠎ᠡ ᠶ᠋ᠢᠨ ᠪᠠᠷᠢᠮᠵᠢᠶᠠᠲᠤ ᠲᠡᠮᠳᠡᠭᠯᠡᠬᠦ ᠠᠷᠭ᠎ᠠ ᠶ᠋ᠢ ᠬᠡᠷᠡᠭᠯᠡᠨ᠎ᠡ᠃ ᠲᠣᠭᠯᠠᠯᠲᠠ ᠶ᠋ᠢᠨ ᠶᠠᠪᠤᠴᠠ ᠳ᠋ᠤ᠌ ᠲᠣᠭᠯᠠᠭᠴᠢ ᠥᠪᠡᠷ ᠦ᠋ᠨ ᠪᠣᠯᠤᠨ ᠡᠰᠡᠷᠭᠦᠦ ᠲᠠᠯ᠎ᠠ ᠶ᠋ᠢᠨ ᠲᠣᠭᠯᠠᠭᠴᠢ ᠶ᠋ᠢᠨ ᠢ᠋ᠶ᠋ᠡᠨ ᠨᠡᠭᠦᠳᠡᠯ ᠢ᠋ ᠳᠡᠰ ᠳᠠᠷᠠᠭᠠᠯᠠᠯ ᠢ᠋ᠶ᠋ᠠᠷ ᠢ᠋ᠶ᠋ᠠᠨ ᠵᠥᠪ ᠲᠣᠳᠣᠷᠬᠠᠢ ᠲᠡᠮᠳᠡᠭᠯᠡᠬᠦ ᠶᠣᠰᠣᠲᠠᠢ᠃ ᠲᠡᠮᠳᠡᠭᠯᠡᠯ ᠬᠢᠬᠦ ᠳ᠋ᠡᠭᠡᠨ ᠵᠠᠪᠠᠯ ᠤᠷᠤᠯᠳᠤᠭᠠᠨ ᠳ᠋ᠤ᠌ ᠵᠣᠷᠢᠭᠤᠯᠤᠭᠰᠠᠨ ᠲᠤᠰᠬᠠᠢ  ᠬᠦᠰᠦᠨᠦᠭ ᠲᠡᠢ ᠴᠠᠭᠠᠰᠤᠨ ᠬᠠᠭᠤᠳᠠᠰᠤ ᠶ᠋ᠢ ᠬᠡᠷᠡᠭᠯᠡᠨ᠎ᠡ᠃ 
       ᠲᠡᠮᠳᠡᠭᠯᠡᠬᠦ ᠠᠷᠭ᠎ᠠ᠄  ᠤᠷᠢᠳᠠᠪᠡᠷ ᠴᠠᠭᠠᠨ ᠲᠠᠯ᠎ᠠ ᠶ᠋ᠢᠨ ᠬᠦᠴᠦᠨ ᠦ᠌ ᠣᠳᠣ ᠶ᠋ᠢᠨ ᠪᠠᠭᠤᠳᠠᠯ ᠤ᠋ᠨ ᠨᠡᠷ᠎ᠡ ᠶ᠋ᠢ ᠪᠢᠴᠢᠵᠦ᠂  ᠬᠦᠴᠦᠨ ᠲᠥᠯᠥᠭᠡᠨ ᠦ᠌ ᠲᠡᠮᠳᠡᠭ ᠢ᠋ ᠪᠢᠴᠢᠵᠦ᠂ ᠨᠡᠭᠦᠳᠡᠯ ᠦ᠋ᠨ ᠲᠡᠮᠳᠡᠭ ᠢ᠋ ᠪᠢᠴᠢᠵᠦ᠂ ᠨᠡᠭᠦᠵᠦ ᠬᠦᠷᠦᠭᠰᠡᠨ ᠪᠠᠭᠤᠳᠠᠯ ᠤ᠋ᠨ ᠨᠡᠷ᠎ᠡ ᠶ᠋ᠢ ᠪᠢᠴᠢᠨ᠎ᠡ᠂ ᠳᠠᠷᠠᠭ᠎ᠠ ᠨᠢ ᠬᠠᠷ᠎ᠠ ᠲᠠᠯ᠎ᠠ ᠶ᠋ᠢ ᠮᠥᠨ ᠠᠳᠠᠯᠢ ᠪᠠᠷ ᠪᠢᠴᠢᠨ᠎ᠡ᠃ 
       (ᠬᠣᠶᠠᠷ) ᠤᠷᠤᠯᠳᠤᠭᠠᠨ ᠤ᠋ ᠲᠡᠮᠳᠡᠭᠯᠡᠯ ᠦ᠋ᠨ ᠬᠠᠭᠤᠳᠠᠰᠤᠨ ᠳᠡᠭᠡᠷ᠎ᠡ ᠵᠥᠪᠬᠡᠨ ᠨᠡᠭᠦᠳᠡᠯ ᠦ᠋ᠳ᠂ ᠴᠠᠭ ᠤ᠋ᠨ ᠬᠤᠭᠤᠴᠠᠭ᠎ᠠ᠂ ᠬᠠᠢᠨᠴᠠᠬᠤ ᠰᠠᠨᠠᠯ᠂  ᠪᠤᠰᠤᠳ ᠬᠣᠯᠪᠣᠭᠳᠠᠯ ᠪᠦᠬᠦᠢ ᠮᠡᠳᠡᠭᠡᠯᠡᠯ ᠢ᠋ ᠪᠢᠴᠢᠵᠦ ᠪᠣᠯᠤᠨ᠎ᠠ᠃ 
       (ᠭᠤᠷᠪᠠ)  ᠬᠡᠷᠪᠡ ᠲᠣᠭᠯᠠᠭᠴᠢ ᠨᠡᠭᠦᠳᠡᠯ ᠦ᠋ᠨ ᠲᠡᠮᠳᠡᠭᠯᠡᠯ ᠬᠢᠬᠦ ᠪᠣᠯᠤᠮᠵᠢ ᠦᠭᠡᠢ ᠪᠣᠯ ᠬᠢᠨᠠᠭᠴᠢ ᠶ᠋ᠢᠨ ᠵᠥᠪᠰᠢᠶᠡᠷᠡᠭᠰᠡᠨ ᠲᠣᠭᠯᠠᠭᠴᠢ ᠲᠡᠭᠦᠨ ᠢ᠋ ᠣᠷᠣᠯᠠᠨ ᠬᠢᠵᠦ ᠪᠣᠯᠤᠨ᠎ᠠ᠃  ᠭᠡᠬᠦ ᠳ᠋ᠦ᠍ ᠪᠡᠨ ᠬᠣᠶᠠᠷ ᠲᠠᠯ᠎ᠠ ᠳ᠋ᠤ᠌ ᠪᠠᠨ ᠲᠥᠪ ᠭᠣᠣᠯᠴᠢ ᠪᠠᠢᠬᠤ ᠵᠠᠷᠴᠢᠮ ᠢ᠋ᠶ᠋ᠠᠷ ᠬᠢᠨᠠᠭᠴᠢ ᠠ᠋ᠴᠠ ᠲᠡᠭᠦᠨ ᠦ᠌ ᠴᠠᠭ ᠲᠤ ᠲᠣᠬᠢᠷᠠᠭᠤᠯᠤᠯᠲᠠ ᠬᠢᠨ᠎ᠡ᠃ ᠭᠡᠪᠡᠴᠦ ᠵᠡᠮᠳᠡᠭ ᠳᠣᠷᠭᠣᠨ ᠲᠣᠭᠯᠠᠭᠴᠢ ᠳ᠋ᠤ᠌ ᠪᠣᠯ ᠡᠨᠡ ᠲᠣᠬᠢᠷᠠᠭᠤᠯᠤᠯᠲᠠ ᠶ᠋ᠢ ᠬᠢᠬᠦ ᠦᠭᠡᠢ᠃ 
       ᠬᠣᠶᠠᠷ᠂ ᠲᠡᠮᠳᠡᠭᠯᠡᠯ ᠨᠢ ᠪᠦᠬᠦ ᠲᠣᠭᠯᠠᠯᠲᠠ ᠶ᠋ᠢᠨ ᠶᠠᠪᠤᠴᠠᠠ ᠳ᠋ᠤ᠌ ᠬᠢᠨᠠᠭᠴᠢ ᠳ᠋ᠤ᠌ ᠬᠠᠷᠠᠭᠳᠠᠬᠤ ᠪᠠᠷ ᠪᠠᠢᠬᠤ ᠶᠣᠰᠣᠲᠠᠢ᠃ 
       ᠭᠤᠷᠪᠠ᠂ ᠲᠣᠭᠯᠠᠯᠲᠠ ᠬᠢᠭᠰᠡᠨ ᠬᠠᠭᠤᠳᠠᠰᠤ ᠶ᠋ᠢ ᠤᠷᠤᠯᠳᠤᠭᠠᠨ ᠵᠣᠬᠢᠶᠠᠨ ᠪᠠᠢᠭᠤᠯᠤᠭᠴᠢ ᠥᠮᠴᠢᠯᠡᠨ᠎ᠡ᠃ 
       ᠳᠥᠷᠪᠡ᠂ ᠨᠡᠭᠦᠳᠡᠯ ᠪᠣᠯᠭᠠᠨ ᠤ᠋ ᠳᠠᠷᠠᠭ᠎ᠠ 30 ᠰᠧᠺᠦ᠋ᠨ᠋ᠳ᠋ ᠪᠤᠶᠤ ᠲᠡᠭᠦᠨ ᠡᠴᠡ ᠢᠯᠡᠭᠦᠦ ᠬᠤᠭᠤᠴᠠᠭ᠎ᠠ ᠪᠠᠷ ᠨᠡᠮᠡᠭᠳᠡᠳᠡᠭ ᠴᠠᠭ ᠢ᠋ᠶ᠋ᠠᠷ ᠲᠣᠭᠯᠠᠵᠤ ᠪᠠᠢᠭ᠎ᠠ ᠠ᠋ᠴᠠ ᠪᠤᠰᠤᠳ ᠲᠣᠬᠢᠶᠠᠯᠳᠤᠯ ᠳ᠋ᠤ᠌᠂ ᠲᠣᠭᠯᠠᠭᠴᠢ ᠶ᠋ᠢᠨ ᠴᠠᠭ ᠳᠡᠭᠡᠷᠡᠬᠢ ᠦᠯᠡᠳᠡᠭᠰᠡᠨ ᠬᠤᠭᠤᠴᠠᠭ᠎ᠠ ᠨᠢ 5 ᠮᠢᠨᠦ᠋ᠲ ᠬᠦᠷᠬᠦ ᠦᠭᠡᠢ ᠪᠣᠯ ᠲᠡᠮᠳᠡᠭᠯᠡᠯ ᠬᠢᠬᠦ ᠦᠭᠡᠢ ᠪᠠᠢᠵᠤ ᠪᠣᠯᠤᠨ᠎ᠠ᠃  ᠭᠡᠪᠡᠴᠦ ᠠᠯᠢ ᠨᠢᠭᠡ ᠲᠤᠭ ᠤᠨᠠᠩᠭᠤᠲᠠ ᠲᠣᠭᠯᠠᠭᠴᠢ ᠳᠠᠷᠠᠭ᠎ᠠ ᠶ᠋ᠢᠨ ᠨᠡᠭᠦᠳᠡᠯ ᠬᠢᠬᠦ ᠡᠴᠡ ᠡᠮᠦᠨ᠎ᠡ ᠲᠡᠮᠳᠡᠭᠯᠡᠯ ᠢ᠋ ᠪᠦᠷᠢᠨ ᠨᠥᠬᠥᠵᠦ ᠪᠢᠴᠢᠬᠦ ᠶᠣᠰᠣᠲᠠᠢ᠃ 
       ᠲᠠᠪᠤ  
       (ᠨᠢᠭᠡ) ᠬᠡᠷᠪᠡ ᠲᠣᠭᠯᠠᠭᠴᠢ ᠬᠣᠶᠠᠭᠤᠯᠠ ᠪᠠᠨ ᠵᠤᠷᠪᠤᠰ ᠳᠥᠷᠪᠡ ᠳ᠋ᠦ᠍ ᠵᠢᠭᠠᠭᠰᠠᠨ ᠨᠥᠬᠥᠴᠡᠯ ᠢ᠋ᠶ᠋ᠡᠷ ᠲᠡᠮᠳᠡᠭᠯᠡᠯ ᠬᠢᠬᠦ ᠪᠣᠯᠤᠮᠵᠢ ᠦᠭᠡᠢ ᠪᠠᠢᠭ᠎ᠠ ᠦᠶ᠎ᠡ ᠳ᠋ᠦ᠍ ᠬᠢᠨᠠᠭᠴᠢ ᠪᠠ ᠲᠡᠭᠦᠨ ᠦ᠌ ᠲᠤᠰᠠᠯᠠᠭᠴᠢ ᠪᠣᠯᠤᠮᠵᠢ ᠪᠡᠷ ᠢ᠋ᠶ᠋ᠡᠨ ᠬᠠᠵᠠᠭᠤ ᠳ᠋ᠤ᠌ ᠨᠢ ᠪᠠᠢᠯᠴᠠᠵᠤ ᠲᠡᠮᠳᠡᠭᠯᠡᠯ ᠬᠢᠬᠦ ᠶᠣᠰᠣᠲᠠᠢ᠃ ᠡᠨᠡ ᠲᠣᠬᠢᠶᠠᠯᠳᠤᠯ ᠳ᠋ᠤ᠌ ᠲᠡᠭᠦᠨ ᠦ᠌ ᠲᠤᠭ ᠤᠨᠠᠮᠠᠭᠴᠠ ᠬᠢᠨᠠᠭᠴᠢ ᠴᠠᠭ ᠢ᠋ ᠵᠣᠭᠰᠣᠭᠠᠨ᠎ᠠ᠃ ᠳᠠᠷᠠᠭ᠎ᠠ ᠨᠢ ᠬᠣᠶᠠᠷ ᠲᠣᠭᠯᠠᠭᠴᠢ ᠬᠢᠨᠠᠭᠴᠢ ᠶ᠋ᠢᠨ ᠲᠡᠮᠳᠡᠭᠯᠡᠯ ᠪᠠ ᠨᠥᠭᠦᠭᠡ ᠲᠠᠯ᠎ᠠ ᠶ᠋ᠢᠨ ᠢ᠋ᠶ᠋ᠡᠨ ᠲᠡᠮᠳᠡᠭᠯᠡᠯ ᠢ᠋ ᠠᠰᠢᠭᠯᠠᠨ ᠲᠡᠮᠳᠡᠭᠯᠡᠯ ᠢ᠋ ᠪᠦᠷᠢᠨ ᠰᠡᠷᠭᠦᠭᠡᠬᠦ ᠶᠣᠰᠣᠲᠠᠢ᠃  
       (ᠬᠣᠶᠠᠷ) ᠵᠤᠷᠪᠤᠰ ᠳᠥᠷᠪᠡ ᠳ᠋ᠦ᠍ ᠵᠢᠭᠠᠭᠰᠠᠨ ᠨᠥᠬᠥᠴᠡᠯ ᠳ᠋ᠦ᠍ ᠵᠥᠪᠬᠡᠨ ᠨᠢᠭᠡ ᠲᠣᠭᠯᠠᠭᠴᠢ ᠲᠡᠮᠳᠡᠭᠯᠡᠯ ᠢ᠋ᠶ᠋ᠡᠨ ᠬᠢᠵᠦ ᠴᠢᠳᠠᠬᠤ ᠦᠭᠡᠢ ᠲᠣᠬᠢᠶᠠᠯᠳᠤᠯ ᠳ᠋ᠤ᠌ ᠠᠯᠢ ᠨᠢᠭᠡ ᠲᠤᠭ ᠤᠨᠠᠩᠭᠤᠲᠠ ᠨᠡᠭᠦᠳᠡᠯ ᠬᠢᠬᠦ ᠡᠴᠡ ᠪᠡᠨ ᠡᠮᠦᠨ᠎ᠡ ᠲᠡᠮᠳᠡᠭᠯᠡᠯ ᠢ᠋ ᠪᠦᠷᠢᠨ ᠰᠡᠷᠭᠦᠭᠡᠬᠦ ᠶᠣᠰᠣᠲᠠᠢ᠃ ᠥᠪᠡᠷ ᠦ᠋ᠨ ᠨᠡᠭᠦᠳᠡᠯ ᠬᠢᠬᠦ ᠡᠭᠡᠯᠵᠢ ᠪᠣᠯ ᠨᠥᠭᠦᠭᠡ ᠲᠣᠭᠯᠠᠭᠴᠢ ᠶ᠋ᠢᠨ ᠢ᠋ᠶ᠋ᠡᠨ ᠲᠡᠮᠳᠡᠭᠯᠡᠯ ᠢ᠋ ᠠᠰᠢᠭᠯᠠᠵᠤ ᠪᠣᠯᠤᠨ᠎ᠠ᠃ ᠬᠠᠷᠢᠨ ᠨᠡᠭᠦᠳᠡᠯ ᠬᠢᠬᠦ ᠡᠴᠡ ᠪᠡᠨ ᠡᠮᠦᠨ᠎ᠡ ᠪᠤᠴᠠᠭᠠᠵᠤ ᠥᠭᠬᠦ ᠶᠣᠰᠣᠲᠠᠢ᠃  
       (ᠭᠤᠷᠪᠠ)  ᠬᠡᠷᠪᠡ ᠨᠡᠭᠦᠭᠰᠡᠨ ᠨᠡᠭᠦᠳᠡᠯ ᠦ᠋ᠨ ᠢ᠋ᠶ᠋ᠡᠨ ᠲᠡᠮᠳᠡᠭᠯᠡᠯ ᠢ᠋ ᠪᠦᠷᠢᠨ ᠰᠡᠷᠭᠦᠭᠡᠵᠦ ᠴᠢᠳᠠᠬᠤ ᠦᠭᠡᠢ ᠪᠠᠢᠭ᠎ᠠ ᠪᠣᠯ ᠬᠢᠨᠠᠭᠴᠢ ᠪᠠ ᠬᠢᠨᠠᠭᠴᠢ ᠶ᠋ᠢᠨ ᠲᠤᠰᠠᠯᠠᠭᠴᠢ ᠶ᠋ᠢᠨ ᠠᠵᠢᠭᠯᠠᠯᠲᠠ ᠶ᠋ᠢᠨ ᠳᠣᠣᠷ᠎ᠠ ᠥᠭᠡᠷ᠎ᠡ ᠰᠢᠷᠡᠭᠡᠨ ᠳᠡᠭᠡᠷ᠎ᠡ ᠥᠷᠥᠭ ᠢ᠋ ᠳᠠᠬᠢᠨ ᠰᠡᠷᠭᠦᠭᠡᠨ ᠥᠷᠥᠨ᠎ᠡ᠃ ᠲᠣᠭᠯᠠᠯᠲᠠ ᠶ᠋ᠢᠨ ᠥᠷᠥᠭ ᠢ᠋ ᠳᠠᠬᠢᠨ ᠦᠷᠦᠬᠦ ᠡᠴᠡ ᠡᠮᠦᠨ᠎ᠡ ᠬᠡᠷᠪᠡ ᠪᠣᠯᠤᠮᠵᠢ ᠲᠠᠢ ᠪᠣᠯ ᠲᠣᠭᠯᠠᠭᠴᠢᠳ ᠥᠷᠥᠭ ᠦ᠋ᠨ ᠰᠡᠭᠦᠯᠴᠢ ᠶ᠋ᠢᠨ ᠪᠠᠢᠷᠢᠯᠠᠯ᠂ ᠴᠠᠭ ᠤ᠋ᠨ ᠵᠢᠭᠠᠯᠲᠠ᠂ ᠬᠡᠨ ᠦ᠌ ᠴᠠᠭ ᠳᠡᠭᠡᠷ᠎ᠡ ᠲᠣᠭᠯᠠᠯᠲᠠ ᠦᠷᠭᠦᠯᠵᠢᠯᠡᠵᠦ ᠪᠠᠢᠭᠰᠠᠨ᠂ ᠨᠡᠭᠦᠭᠰᠡᠨ ᠨᠡᠭᠦᠳᠡᠯ ᠦ᠋ᠨ ᠲᠣᠭ᠎ᠠ ᠶ᠋ᠢ ᠪᠢᠴᠢᠵᠦ ᠠᠪᠤᠨ᠎ᠠ᠃  
       ᠵᠢᠷᠭᠤᠭ᠎ᠠ᠂ ᠬᠡᠷᠪᠡ ᠰᠡᠭᠦᠯᠴᠢ ᠶ᠋ᠢᠨ ᠪᠠᠢᠷᠢᠯᠠᠯ ᠬᠦᠷᠲᠡᠯᠡᠬᠢ ᠲᠡᠮᠳᠡᠭᠯᠡᠯ ᠢ᠋ ᠪᠦᠷᠢᠨ ᠰᠡᠷᠭᠦᠭᠡᠵᠦ ᠴᠢᠳᠠᠬᠤ ᠦᠭᠡᠢ ᠪᠠᠢᠭ᠎ᠠ ᠪᠣᠯ᠂ ᠲᠣᠭᠯᠠᠭᠴᠢ ᠬᠢᠨᠠᠯᠲᠠ ᠶ᠋ᠢᠨ ᠴᠠᠭ ᠲᠤ ᠲᠣᠭᠲᠠᠭᠠᠭᠰᠠᠨ ᠨᠡᠭᠦᠳᠡᠯ ᠢ᠋ ᠬᠢᠵᠦ ᠠᠮᠵᠢᠭ᠎ᠠ ᠦᠭᠡᠢ ᠭᠡᠵᠦ ᠪᠠᠲᠤᠯᠠᠵᠤ ᠴᠢᠳᠠᠬᠤ ᠦᠭᠡᠢ᠃ ᠡᠢᠮᠦ ᠲᠣᠬᠢᠶᠠᠯᠳᠤᠯ ᠳ᠋ᠤ᠌ ᠦᠷᠦᠭ ᠢ᠋ ᠴᠢᠨᠠᠭᠰᠢ ᠦᠷᠭᠦᠯᠵᠢᠯᠡᠭᠦᠯᠬᠦ ᠪᠠ ᠡᠬᠢᠨ ᠦ᠌ ᠨᠡᠭᠦᠭᠰᠡᠨ ᠨᠡᠭᠦᠳᠡᠯ ᠢ᠋ ᠳᠠᠷᠠᠭ᠎ᠠ ᠶ᠋ᠢᠨ ᠬᠢᠨᠠᠯᠲᠠ ᠶ᠋ᠢᠨ ᠡᠬᠢᠨ ᠦ᠌ ᠨᠡᠭᠦᠳᠡᠯ ᠭᠡᠵᠦ ᠦᠵᠡᠨ᠎ᠡ᠃ 
       ᠳᠣᠯᠣᠭ᠎ᠠ᠂ ᠲᠣᠭᠯᠠᠯᠲᠠ ᠶ᠋ᠢᠨ ᠲᠡᠭᠦᠰᠬᠡᠯ ᠳ᠋ᠦ᠍ ᠬᠣᠶᠠᠷ ᠲᠣᠭᠯᠠᠭᠴᠢ ᠥᠷᠥᠭ ᠦ᠋ᠨ ᠦᠷ᠎ᠡ ᠳ᠋ᠦᠩ ᠢ᠋ ᠬᠠᠷᠭᠤᠭᠤᠯᠤᠭᠰᠠᠨ ᠪᠢᠴᠢᠯᠲᠡ ᠶ᠋ᠢᠨ ᠬᠠᠭᠤᠳᠠᠰᠤᠨ ᠳᠡᠭᠡᠷ᠎ᠡ ᠭᠠᠷ ᠤ᠋ᠨ ᠦᠰᠦᠭ ᠵᠢᠷᠤᠨ᠎ᠠ᠃ ᠲᠣᠭᠯᠠᠯᠲᠠ ᠶ᠋ᠢᠨ ᠳ᠋ᠦᠩ ᠪᠤᠷᠤᠭᠤ ᠪᠠᠢᠯ᠎ᠠ ᠴᠤ᠌ ᠭᠡᠰᠡᠨ ᠬᠢᠨᠠᠭᠴᠢ ᠰᠢᠢᠳ ᠭᠠᠷᠭᠠᠲᠠᠯ᠎ᠠ ᠲᠡᠷᠡ ᠰᠢᠢᠳᠪᠦᠷᠢ ᠬᠡᠪ ᠢ᠋ᠶ᠋ᠡᠷ ᠪᠠᠢᠨ᠎ᠠ᠃ 

         ᠳᠥᠷᠪᠡᠳᠦᠭᠡᠷ ᠵᠦᠢᠯ   ᠬᠠᠢᠨᠴᠠᠬᠤ ᠲᠤᠬᠠᠢ   

       ᠨᠢᠭᠡ   
       (ᠨᠢᠭᠡ) ᠤᠷᠤᠯᠳᠤᠭᠠᠨ ᠤ᠋ ᠳᠦᠷᠢᠮ ᠳ᠋ᠦ᠍ ᠬᠢᠨᠠᠭᠴᠢ ᠶ᠋ᠢᠨ ᠵᠥᠪᠰᠢᠶᠡᠷᠡᠯ ᠦᠭᠡᠢ ᠪᠡᠷ ᠬᠣᠶᠠᠷ ᠲᠣᠭᠯᠠᠭᠴᠢ ᠬᠠᠷᠢᠯᠴᠠᠨ ᠬᠠᠢᠨᠴᠠᠬᠤ ᠶ᠋ᠢ ᠵᠥᠪᠰᠢᠶᠡᠷᠡᠵᠦ ᠪᠣᠯᠬᠤ ᠦᠭᠡᠢ ᠭᠡᠵᠦ ᠲᠣᠭᠲᠠᠭᠠᠵᠤ ᠪᠣᠯᠤᠨ᠎ᠠ᠂ ᠡᠰᠡᠪᠡᠯ ᠵᠥᠪᠰᠢᠶᠡᠷᠡᠭᠳᠡᠭᠰᠡᠨ ᠨᠡᠭᠦᠳᠡᠯ ᠦ᠋ᠨ ᠲᠣᠭ᠎ᠠ ᠠ᠋ᠴᠠ ᠪᠠᠭ᠎ᠠ ᠦᠶ᠎ᠡ ᠳ᠋ᠦ᠍ ᠬᠠᠷᠢᠯᠴᠠᠨ ᠬᠠᠢᠨᠴᠠᠬᠤ ᠪᠠᠷ ᠵᠥᠪᠰᠢᠶᠡᠷᠡᠵᠦ ᠪᠣᠯᠬᠤ ᠦᠭᠡᠢ ᠭᠡᠵᠦ ᠲᠣᠭᠲᠠᠭᠠᠵᠤ ᠪᠣᠯᠤᠨ᠎ᠠ᠃  
       (ᠬᠣᠶᠠᠷ) ᠬᠡᠷᠪᠡ ᠤᠷᠤᠯᠳᠤᠭᠠᠨ ᠤ᠋ ᠳᠦᠷᠢᠮ ᠳ᠋ᠦ᠍ ᠬᠣᠶᠠᠷ ᠲᠣᠭᠯᠠᠭᠴᠢ ᠬᠠᠷᠢᠯᠴᠠᠨ ᠬᠠᠢᠨᠴᠠᠬᠤ ᠶ᠋ᠢ ᠵᠥᠪᠰᠢᠶᠡᠷᠡᠵᠦ ᠪᠣᠯᠬᠤ ᠭᠡᠵᠦ ᠲᠣᠭᠲᠠᠭᠠᠭᠰᠠᠨ ᠪᠣᠯ᠄  
       1 ᠬᠠᠢᠨᠴᠠᠬᠤ ᠰᠠᠨᠠᠯ ᠪᠣᠯᠭᠠᠬᠤ ᠶ᠋ᠢ ᠬᠦᠰᠡᠭᠰᠡᠨ ᠲᠣᠭᠯᠠᠭᠴᠢ ᠨᠡᠭᠦᠳᠡᠯ ᠢ᠋ᠶ᠋ᠡᠨ ᠨᠡᠭᠦᠭᠡᠳ ᠴᠠᠭ ᠢ᠋ᠶ᠋ᠠᠨ ᠳᠠᠷᠤᠬᠤ ᠠ᠋ᠴᠠ ᠡᠮᠦᠨ᠎ᠡ ᠲᠡᠭᠦᠨ ᠢ᠋ ᠪᠡᠨ ᠢᠯᠡᠷᠬᠡᠢᠯᠡᠨ᠎ᠡ᠃  ᠲᠣᠭᠯᠠᠭᠴᠢ ᠶ᠋ᠢᠨ ᠶᠠᠪᠤᠴᠠ ᠳ᠋ᠤ᠌ ᠪᠤᠰᠤᠳ ᠶᠠᠮᠠᠷ ᠴᠤ᠌ ᠦᠶ᠎ᠡ ᠳ᠋ᠦ᠍ ᠢᠯᠡᠷᠬᠡᠢᠯᠡᠭᠰᠡᠨ ᠬᠠᠢᠨᠴᠠᠬᠤ ᠰᠠᠨᠠᠯ ᠢ᠋ ᠬᠦᠴᠦᠨ ᠲᠡᠢ ᠳ᠋ᠦ᠍ ᠲᠣᠭᠠᠴᠠᠬᠤ ᠪᠣᠯᠪᠠᠴᠤ11.5 ᠵᠤᠷᠪᠤᠰ ᠢ᠋ ᠬᠠᠷᠠᠭᠠᠯᠵᠠᠨ ᠦᠵᠡᠨ᠎ᠡ᠃ ᠲᠤᠬᠠᠢ ᠶ᠋ᠢᠨ ᠬᠠᠢᠨᠴᠠᠬᠤ ᠰᠠᠨᠠᠯ ᠳ᠋ᠤ᠌ ᠶᠠᠮᠠᠷ ᠨᠢᠭᠡ ᠨᠥᠬᠥᠴᠡᠯ ᠢ᠋ ᠬᠣᠯᠪᠣᠨ ᠠᠪᠴᠤ ᠦᠵᠡᠬᠦ ᠦᠭᠡᠢ᠃ ᠳᠡᠭᠡᠷᠡᠬᠢ ᠬᠣᠶᠠᠷ ᠲᠣᠬᠢᠶᠠᠯᠳᠤᠯ ᠳ᠋ᠤ᠌ ᠬᠠᠢᠨᠴᠠᠬᠤ ᠰᠠᠨᠠᠯ ᠢ᠋ ᠪᠤᠴᠠᠭᠠᠨ ᠲᠠᠲᠠᠬᠤ ᠦᠭᠡᠢ ᠪᠠ ᠡᠰᠡᠷᠭᠦᠦ ᠲᠣᠭᠯᠠᠭᠴᠢ ᠰᠠᠨᠠᠯ ᠢ᠋ ᠬᠦᠯᠢᠶᠡᠨ ᠵᠥᠪᠰᠢᠶᠡᠷᠡᠲᠡᠯ᠎ᠡ᠂ ᠡᠰᠡᠪᠡᠯ ᠲᠤᠬᠠᠢ ᠶ᠋ᠢᠨ ᠰᠠᠨᠠᠯ ᠢ᠋ ᠬᠦᠯᠢᠶᠡᠨ ᠠᠪᠬᠤ ᠦᠭᠡᠢ ᠪᠡᠨ ᠠᠮᠠ ᠪᠠᠷ ᠶᠤᠮ ᠤᠤ᠂ ᠭᠠᠷ ᠢ᠋ᠶ᠋ᠠᠨ ᠨᠢᠭᠡ ᠬᠦᠴᠦᠨ ᠳ᠋ᠦ᠍ ᠬᠦᠷᠴᠦ ᠨᠡᠭᠦᠳᠡᠯ ᠢ᠋ᠶ᠋ᠡᠷ ᠢᠯᠡᠳᠲᠡ ᠢᠯᠡᠷᠬᠡᠢᠯᠡᠬᠦ᠂ ᠡᠰᠡᠪᠡᠯ ᠥᠷᠥᠭ ᠥᠭᠡᠷ᠎ᠡ ᠶᠠᠮᠠᠷ ᠨᠢᠭᠡ ᠬᠡᠯᠪᠡᠷᠢ ᠪᠡᠷ ᠲᠣᠭᠯᠠᠯᠲᠠ ᠪᠠᠨ ᠦᠷᠭᠦᠯᠵᠢᠯᠡᠭᠦᠯᠬᠦ ᠬᠦᠷᠲᠡᠯ᠎ᠡ ᠲᠡᠷᠡ ᠰᠠᠨᠠᠯ ᠬᠦᠴᠦᠨ ᠲᠡᠢ ᠬᠡᠪ ᠢ᠋ᠶ᠋ᠡᠷ ᠢ᠋ᠶ᠋ᠡᠨ ᠪᠠᠢᠨ᠎ᠠ᠃ 
       2 ᠬᠠᠢᠨᠴᠠᠬᠤ ᠰᠠᠨᠠᠯ ᠢ᠋ ᠲᠣᠭᠯᠠᠭᠴᠢ ᠪᠦᠷᠢ ᠲᠡᠮᠳᠡᠭᠯᠡᠯ ᠦ᠋ᠨ ᠬᠠᠭᠤᠳᠠᠰᠤᠨ ᠳᠡᠭᠡᠷ᠎ᠡ  =  ᠲᠡᠮᠳᠡᠭ ᠢ᠋ᠶ᠋ᠡᠷ ᠲᠡᠮᠳᠡᠭᠯᠡᠨ᠎ᠡ᠃  
       3 ᠲᠤᠰ ᠵᠦᠢᠯ ᠦ᠋ᠨ ᠵᠤᠷᠪᠤᠰ ᠬᠣᠶᠠᠷ ᠪᠠ ᠭᠤᠷᠪᠠ ᠶ᠋ᠢᠨ ᠳᠠᠭᠠᠤ ᠬᠠᠢᠨᠴᠠᠬᠤ ᠲᠤᠬᠠᠢ ᠮᠡᠳᠡᠭᠡᠯᠡᠯ ᠢ᠋ ᠬᠠᠢᠨᠴᠠᠬᠤ ᠰᠠᠨᠠᠯ ᠭᠡᠮᠡᠨ ᠠᠪᠴᠤ ᠦᠵᠡᠨ᠎ᠡ᠃ 
       ᠬᠣᠶᠠᠷ᠂ ᠠᠳᠠᠯᠢ ᠪᠠᠢᠷᠢᠯᠠᠯ ᠭᠤᠷᠪᠠ ᠠ᠋ᠴᠠ ᠳᠣᠭᠣᠭᠰᠢ ᠦᠭᠡᠢ ᠳᠠᠷᠠᠭᠠᠬᠢ ᠪᠠᠢᠳᠠᠯ ᠢ᠋ᠶ᠋ᠠᠷ ᠳᠠᠪᠲᠠᠭᠳᠠᠭᠰᠠᠨ ᠲᠣᠬᠢᠶᠠᠯᠳᠤᠯ ᠳ᠋ᠤ᠌ (ᠨᠡᠭᠦᠳᠡᠯ ᠦ᠋ᠨ ᠳᠠᠪᠲᠠᠯᠲᠠ ᠶ᠋ᠢ ᠬᠢᠬᠦ ᠱᠠᠭᠠᠷᠳᠠᠯᠭ᠎ᠠ ᠥᠬᠡᠢ ᠪᠡᠷ) ᠨᠡᠭᠦᠳᠡᠯ ᠬᠢᠵᠦ ᠪᠠᠢᠭ᠎ᠠ ᠲᠣᠭᠯᠠᠭᠴᠢ ᠦᠨᠡᠨ ᠵᠥᠪ ᠮᠡᠳᠡᠭᠡᠯᠡᠯ ᠭᠠᠷᠭᠠᠭᠰᠠᠨ ᠢ᠋ᠶ᠋ᠠᠷ ᠲᠤᠰ ᠦᠷᠦᠭ ᠢ᠋ ᠬᠠᠢᠨᠴᠠᠭᠰᠠᠨ ᠳ᠋ᠤ᠌ ᠲᠣᠭᠠᠴᠠᠨ᠎ᠠ᠃ ᠡᠭᠦᠨ ᠳ᠋ᠦ᠍᠄ 
       (ᠨᠢᠭᠡ) ᠬᠡᠷᠪᠡ ᠲᠤᠬᠠᠢ ᠶ᠋ᠢᠨ ᠲᠣᠭᠯᠠᠭᠴᠢ ᠳᠠᠷᠤᠢᠬᠠᠨ ᠬᠢᠬᠦ ᠨᠡᠭᠦᠳᠡᠯ ᠢ᠋ᠶ᠋ᠡᠨ ᠨᠡᠭᠦᠬᠦ ᠦᠭᠡᠢ ᠪᠡᠷ ᠲᠡᠮᠳᠡᠭᠯᠡᠯ ᠦ᠋ᠨ ᠬᠠᠭᠤᠳᠠᠰᠤᠨ ᠳᠡᠭᠡᠷ᠎ᠡ ᠪᠢᠴᠢᠵᠦ᠂ ᠡᠨᠡ ᠲᠤᠬᠠᠢ ᠪᠠᠨ ᠬᠢᠨᠠᠭᠴᠢ ᠳ᠋ᠦ᠍ ᠮᠡᠳᠡᠭᠳᠡᠭᠰᠡᠨ᠂ ᠮᠥᠨ ᠢᠩᠭᠢᠵᠦ ᠨᠡᠭᠦᠪᠡᠯ ᠠᠳᠠᠯᠢ ᠪᠠᠢᠷᠢᠯᠠᠯ ᠭᠤᠷᠪᠠ ᠠ᠋ᠴᠠ ᠳᠣᠭᠣᠭᠰᠢ ᠦᠭᠡᠢ ᠳᠠᠪᠲᠠᠭᠳᠠᠬᠤ ᠪᠠᠷ ᠪᠣᠯᠬᠤ ᠪᠣᠯ᠂ 
       (ᠬᠣᠶᠠᠷ) ᠡᠰᠡᠪᠡᠯ ᠭᠤᠷᠪᠠ ᠠ᠋ᠴᠠ ᠳᠣᠭᠣᠭᠰᠢ ᠦᠭᠡᠢ ᠠᠳᠠᠯᠢ ᠪᠠᠢᠷᠢᠯᠠᠯ ᠳᠠᠪᠲᠠᠭᠳᠠᠭᠰᠠᠨ ᠪᠠ  ᠬᠠᠢᠨᠴᠠᠬᠤ ᠶ᠋ᠢ ᠰᠠᠨᠠᠯ ᠪᠣᠯᠭᠠᠭᠰᠠᠨ ᠲᠣᠭᠯᠠᠭᠴᠢ ᠨᠡᠭᠦᠳᠡᠯ ᠬᠢᠰᠠᠨ ᠪᠣᠯ᠂ 
       ᠬᠡᠷᠪᠡ ᠨᠡᠭᠦᠳᠡᠯ ᠬᠢᠬᠦ ᠲᠣᠭᠯᠠᠭᠴᠢ ᠶ᠋ᠢᠨ ᠡᠭᠡᠯᠵᠢ᠂ ᠢᠵᠢᠯ ᠲᠥᠷᠥᠯ ᠦ᠋ᠨ ᠪᠠ ᠥᠩᠭᠡ ᠶ᠋ᠢᠨ ᠬᠦᠴᠦᠨ ᠨᠦ᠍ᠭᠦᠳ ᠪᠠᠢᠷᠢᠯᠠᠭᠰᠠᠨ ᠪᠠᠢᠳᠠᠯ᠂ ᠲᠣᠭᠯᠠᠭᠴᠢᠳ ᠤ᠋ᠨ ᠪᠦᠬᠦ ᠬᠦᠴᠦᠨ ᠨᠦ᠍ᠭᠦᠳ ᠦ᠋ᠨ ᠪᠣᠯᠤᠮᠵᠢᠲᠤ ᠨᠡᠭᠦᠳᠡᠯ ᠦ᠋ᠳ ᠪᠣᠯᠤᠨ ᠢᠵᠢᠯ ᠨᠡᠭᠦᠳᠡᠯ ᠦ᠋ᠳ ᠨᠢ ᠪᠦᠭᠦᠳᠡ ᠪᠡᠷ ᠠᠳᠠᠯᠢ ᠪᠣᠯ ᠲᠤᠬᠠᠢ ᠶ᠋ᠢᠨ ᠪᠠᠢᠷᠢᠯᠠᠯᠲᠠ ᠶ᠋ᠢ ᠰᠠᠶᠢ ᠠᠳᠠᠯᠢ ᠭᠡᠵᠦ ᠦᠵᠡᠨ᠎ᠡ᠃  
       ᠭᠤᠷᠪᠠ᠂ ᠥᠪᠡᠷ ᠦ᠋ᠨ ᠨᠡᠭᠦᠬᠦ ᠡᠭᠡᠯᠵᠢᠨ ᠳᠡᠭᠡᠷ᠎ᠡ ᠲᠣᠭᠯᠠᠭᠴᠢ ᠦᠨᠡᠨ ᠵᠥᠪ ᠮᠡᠳᠡᠭᠡᠯᠡᠭᠰᠡᠨ ᠢ᠋ᠶ᠋ᠡᠷ ᠳᠠᠷᠠᠭᠠᠬᠢ ᠲᠣᠬᠢᠶᠠᠯᠳᠤᠯ ᠳ᠋ᠤ᠌ ᠲᠣᠭᠯᠠᠯᠲᠠ ᠶ᠋ᠢ ᠬᠠᠢᠨᠴᠠᠭᠰᠠᠨ ᠢ᠋ᠶ᠋ᠠᠷ ᠲᠣᠭᠠᠴᠠᠨ᠎ᠠ᠃ ᠡᠭᠦᠨ ᠳ᠋ᠦ᠍᠄  
       (ᠨᠢᠭᠡ) ᠬᠡᠷᠪᠡ ᠲᠣᠭᠯᠠᠭᠴᠢ ᠥᠭᠡᠷᠡᠴᠢᠯᠡᠬᠦ ᠪᠣᠯᠤᠮᠵᠢ ᠦᠭᠡᠢ ᠪᠡᠷ ᠨᠡᠭᠦᠳᠡᠯ ᠢ᠋ᠶ᠋ᠡᠨ ᠲᠡᠮᠳᠡᠭᠯᠡᠯ ᠦ᠋ᠨ ᠬᠠᠭᠤᠳᠠᠰᠤᠨ ᠳᠡᠭᠡᠷ᠎ᠡ ᠪᠢᠴᠢᠭᠡᠳ᠂ ᠲᠣᠭᠯᠠᠭᠴᠢ ᠪᠦᠷᠢ ᠬᠦᠦ ᠬᠥᠳᠡᠯᠭᠡᠭᠡ ᠦᠭᠡᠢ ᠪᠡᠷ᠂ ᠪᠠᠰᠠ ᠢᠳᠡᠯᠲᠡ ᠬᠢᠭᠡ ᠦᠭᠡᠢ ᠪᠡᠷ ᠰᠡᠭᠦᠯ ᠦ᠋ᠨ 50 ᠨᠡᠭᠦᠳᠡᠯ ᠨᠡᠭᠦᠭᠰᠡᠨ ᠢ᠋ ᠬᠢᠨᠠᠭᠴᠢ ᠳ᠋ᠤ᠌ ᠮᠡᠳᠡᠭᠦᠯᠦᠭᠰᠡᠨ  ᠲᠣᠬᠢᠶᠠᠯᠳᠤᠯ ᠳ᠋ᠤ᠌᠂   
       (ᠬᠣᠶᠠᠷ) ᠲᠣᠭᠯᠠᠭᠴᠢᠳ ᠰᠡᠭᠦᠯ ᠦ᠋ᠨ 50 ᠨᠡᠭᠦᠳᠡᠯ ᠢ᠋ ᠶᠠᠮᠠᠷ ᠨᠢᠭᠡ ᠬᠦᠦ ᠪᠡᠷ ᠨᠡᠭᠦᠭᠡ ᠦᠭᠡᠢ᠂ ᠮᠥᠨ ᠢᠳᠡᠯᠲᠡ ᠬᠢᠭᠡ ᠦᠭᠡᠢ ᠪᠡᠷ ᠨᠡᠭᠦᠭᠰᠡᠨ ᠪᠣᠯ᠂ 
       ᠳᠥᠷᠪᠡ᠂ ᠬᠡᠷᠪᠡ ᠲᠣᠭᠯᠠᠭᠴᠢ ᠨᠢᠭᠡᠳᠦᠭᠡᠷ ᠪᠦᠯᠦᠭ ᠦ᠋ᠨ ᠳᠥᠷᠪᠡᠳᠦᠭᠡᠷ ᠵᠦᠢᠯ ᠦ᠋ᠨ ᠵᠤᠷᠪᠤᠰ ᠭᠤᠷᠪᠠ ᠶ᠋ᠢᠨ ᠳᠠᠭᠠᠤ ᠰᠢᠳᠡᠷ᠎ᠡ ᠶ᠋ᠢᠨ ᠬᠦᠴᠦᠨ ᠳ᠋ᠦ᠍ ᠭᠠᠷ ᠬᠦᠷᠦᠭᠰᠡᠨ ᠪᠣᠯ ᠲᠤᠬᠠᠢ ᠶ᠋ᠢᠨ ᠨᠡᠭᠦᠳᠡᠯ ᠢ᠋ᠶ᠋ᠡᠷ ᠬᠣᠶᠠᠷ ᠪᠣᠯᠤᠨ ᠵᠤᠷᠪᠤᠰ ᠭᠤᠷᠪᠠ ᠶ᠋ᠢᠨ ᠳᠠᠭᠠᠤ ᠬᠠᠢᠨᠴᠠᠬᠤ ᠡᠷᠬᠡ ᠪᠡᠨ ᠠᠯᠳᠠᠨ᠎ᠠ᠃  
       ᠲᠠᠪᠤ᠂ ᠬᠡᠷᠪᠡ ᠲᠣᠭᠯᠠᠭᠴᠢ ᠵᠤᠷᠪᠤᠰ ᠬᠣᠶᠠᠷ ᠪᠣᠯᠤᠨ ᠵᠤᠷᠪᠤᠰ ᠭᠤᠷᠪᠠ ᠶ᠋ᠢᠨ ᠳᠠᠭᠠᠤ ᠬᠠᠢᠨᠴᠠᠬᠤ ᠮᠡᠳᠡᠭᠡᠯᠡᠯ ᠭᠠᠷᠭᠠᠪᠠᠯ᠂ ᠲᠤᠬᠠᠢ ᠶ᠋ᠢᠨ ᠲᠣᠭᠯᠠᠭᠴᠢ ᠪᠤᠶᠤ ᠬᠢᠨᠠᠭᠴᠢ ᠴᠠᠭ ᠢ᠋ ᠵᠣᠭᠰᠣᠭᠠᠨ᠎ᠠ᠃ ᠲᠤᠬᠠᠢ ᠶ᠋ᠢᠨ ᠲᠣᠭᠯᠠᠭᠴᠢ ᠡᠨᠡ ᠲᠣᠬᠢᠶᠠᠯ ᠳ᠋ᠤ᠌ ᠬᠠᠢᠨᠴᠠᠬᠤ ᠮᠡᠳᠡᠭᠳᠡᠯ ᠢ᠋ᠶ᠋ᠡᠨ ᠪᠤᠴᠠᠭᠠᠬᠤ ᠶ᠋ᠢ ᠵᠥᠪᠰᠢᠶᠡᠷᠡᠬᠦ ᠦᠭᠡᠢ᠃ 
       (ᠨᠢᠭᠡ) ᠬᠡᠷᠪᠡ ᠲᠤᠬᠠᠢ ᠶ᠋ᠢᠨ ᠮᠡᠳᠡᠭᠳᠡᠯ ᠦᠨᠡᠨ ᠪᠣᠯᠬᠤ ᠶ᠋ᠢ ᠪᠠᠲᠤᠯᠠᠪᠠᠯ ᠲᠤᠰ ᠥᠷᠥᠭ ᠳᠠᠷᠤᠢ ᠬᠠᠢᠨᠴᠠᠭᠰᠠᠨ ᠢ᠋ᠶ᠋ᠠᠷ ᠳᠠᠭᠤᠰᠤᠨ᠎ᠠ᠃ 
       (ᠬᠣᠶᠠᠷ) ᠬᠡᠷᠪᠡ ᠲᠤᠬᠠᠢ ᠶ᠋ᠢᠨ ᠮᠡᠳᠡᠭᠳᠡᠯ ᠪᠤᠷᠤᠭᠤ ᠪᠣᠯᠬᠤ ᠶ᠋ᠢ ᠲᠣᠭᠲᠠᠭᠠᠪᠠᠯ ᠬᠢᠨᠠᠭᠴᠢ ᠡᠰᠡᠷᠭᠦᠦ ᠲᠠᠯ᠎ᠠ ᠶ᠋ᠢᠨ ᠦᠨᠳᠦᠰᠦᠨ ᠪᠣᠳᠣᠯ ᠤ᠋ᠨ ᠴᠠᠭ ᠳᠡᠭᠡᠷ᠎ᠡ ᠬᠣᠶᠠᠷ ᠮᠢᠨᠦ᠋ᠲ ᠨᠡᠮᠡᠵᠦ ᠥᠭᠭᠦᠨ᠎ᠡ᠃ ᠡᠢᠨ ᠬᠦ᠌ ᠲᠣᠭᠯᠠᠯᠲᠠ ᠴᠠᠭᠠᠰᠢ ᠦᠷᠭᠦᠯᠵᠢᠯᠡᠨ᠎ᠡ᠂ ᠬᠡᠷᠪᠡ ᠲᠤᠬᠠᠢ ᠶ᠋ᠢᠨ ᠮᠡᠳᠡᠭᠳᠡᠯ ᠵᠣᠷᠢᠯᠲᠠ ᠳ᠋ᠤ᠌ ᠨᠡᠭᠦᠳᠡᠯ ᠦ᠋ᠳ ᠳᠡᠭᠡᠷ᠎ᠡ ᠲᠤᠯᠭᠠᠭᠤᠷᠢᠯᠠᠭᠰᠠᠨ ᠪᠣᠯ ᠡᠨᠡ ᠬᠦ᠌ ᠨᠡᠭᠦᠳᠡᠯ ᠢ᠋ ᠵᠤᠷᠪᠤᠰ ᠭᠤᠷᠪᠠ ᠠ᠋ᠴᠠ ᠵᠤᠷᠪᠤᠰ ᠳᠥᠷᠪᠡ ᠶ᠋ᠢᠨ ᠳᠠᠭᠠᠤ ᠬᠢᠨ᠎ᠡ᠃  
       ᠵᠢᠷᠭᠤᠭ᠎ᠠ᠂ ᠬᠡᠷᠪᠡ ᠳᠠᠷᠠᠭᠠᠬᠢ ᠦᠢᠯᠡᠳᠦᠯ ᠦ᠋ᠨ ᠠᠯᠢ ᠨᠢᠭᠡ ᠡᠰᠡᠪᠡᠯ ᠬᠣᠶᠠᠭᠤᠯᠠ ᠪᠠᠨ ᠲᠣᠬᠢᠶᠠᠯᠳᠤᠪᠠᠯ ᠬᠢᠨᠠᠭᠴᠢ ᠥᠷᠥᠭ ᠢ᠋ ᠬᠠᠢᠨᠴᠠᠭᠰᠠᠨ ᠳ᠋ᠤ᠌ ᠲᠣᠭᠠᠴᠠᠵᠤ ᠳᠠᠷᠤᠢᠬᠠᠨ ᠳᠠᠭᠤᠰᠬᠠᠨ᠎ᠠ᠃ ᠡᠨᠡ ᠨᠢ ᠲᠣᠭᠯᠠᠭᠴᠢ ᠠ᠋ᠴᠠ ᠬᠠᠢᠨᠴᠠᠬᠤ ᠰᠠᠨᠠᠯ ᠮᠡᠳᠡᠭᠳᠡᠭᠰᠡᠨ ᠡᠰᠡᠬᠦ ᠲᠡᠢ ᠬᠣᠯᠪᠣᠭᠳᠠᠯ ᠦᠭᠡᠢ᠃ 
       (ᠨᠢᠭᠡ) ᠵᠤᠷᠪᠤᠰ ᠬᠣᠶᠠᠷ ᠤ᠋ᠨ(ᠬᠣᠶᠠᠷ)  ᠲᠤ ᠵᠢᠭᠠᠭᠰᠠᠨ ᠠᠳᠠᠯᠢ ᠪᠠᠢᠷᠢᠯᠠᠯ ᠲᠠᠪᠤ ᠠ᠋ᠴᠠ ᠳᠣᠭᠣᠭᠰᠢ ᠦᠭᠡᠢ ᠪᠡᠷ ᠪᠣᠯᠤᠭᠰᠠᠨ᠃  
       (ᠬᠣᠶᠠᠷ) ᠬᠦᠦ ᠨᠡᠭᠦᠬᠦ ᠦᠭᠡᠢ ᠪᠡᠷ ᠡᠰᠡᠪᠡᠯ ᠢᠳᠡᠯᠲᠡ ᠬᠢᠬᠦ ᠦᠭᠡᠢ ᠪᠡᠷ ᠲᠣᠭᠯᠠᠭᠴᠢ ᠪᠦᠷ ᠳᠠᠷᠠᠭᠠᠯᠠᠭᠰᠠᠨ 75 ᠨᠡᠭᠦᠳᠡᠯ ᠬᠢᠰᠠᠨ ᠲᠣᠬᠢᠶᠠᠯᠳᠤᠯ ᠳ᠋ᠤ᠌᠂ ᠭᠡᠪᠡᠴᠦ ᠬᠡᠷᠪᠡ ᠰᠡᠭᠦᠯ ᠦ᠋ᠨ ᠨᠡᠭᠦᠳᠡᠯ ᠳ᠋ᠦ᠍ ᠮᠠᠳ ᠬᠢᠭᠰᠡᠨ ᠪᠣᠯ ᠰᠡᠭᠦᠯᠴᠢ ᠶ᠋ᠢᠨ ᠡᠨᠡ ᠦᠢᠯᠡᠳᠦᠯ ᠢ᠋ ᠬᠦᠴᠦᠨ ᠲᠡᠢ ᠳ᠋ᠦ᠍ ᠲᠣᠭᠠᠴᠠᠨ᠎ᠠ᠃ 
       ᠳᠣᠯᠣᠭ᠎ᠠ᠂ ᠵᠥᠪᠰᠢᠶᠡᠷᠡᠭᠳᠡᠭᠰᠡᠨ ᠪᠣᠯᠤᠮᠵᠢ ᠳ᠋ᠤ᠌ ᠴᠤᠪᠤᠷᠠᠯ ᠨᠡᠭᠦᠳᠡᠯ ᠢ᠋ᠶ᠋ᠡᠷ ᠮᠠᠳᠯᠠᠬᠤ ᠪᠣᠯᠤᠮᠵᠢ ᠦᠭᠡᠢ ᠪᠠᠢᠷᠢᠯᠠᠯ ᠡᠭᠦᠰᠦᠭᠰᠡᠨ ᠲᠣᠬᠢᠶᠠᠯᠳᠤᠯ ᠳ᠋ᠤ᠌ ᠲᠤᠬᠠᠢ ᠶ᠋ᠢᠨ ᠦᠷᠦᠭ ᠢ᠋ ᠬᠠᠢᠨᠴᠠᠭᠰᠠᠨ ᠳ᠋ᠤ᠌ ᠲᠣᠭᠠᠴᠠᠨ᠎ᠠ᠃  

         ᠲᠠᠪᠤᠳᠤᠭᠠᠷ ᠵᠦᠢᠯ   ᠬᠤᠪᠢ ᠲᠡᠮᠳᠡᠭᠯᠡᠬᠦ  

       ᠲᠣᠭᠯᠠᠯᠲᠠ ᠶ᠋ᠢᠨ ᠳᠦᠷᠢᠮ ᠳ᠋ᠦ᠍ ᠥᠭᠡᠷ᠎ᠡ ᠪᠡᠷ ᠲᠣᠭᠲᠠᠭᠠᠭᠰᠠᠨ ᠦᠭᠡᠢ ᠪᠣᠯ ᠲᠤᠬᠠᠢ ᠶ᠋ᠢᠨ ᠥᠷᠥᠭ ᠲᠦ᠍ ᠢᠯᠠᠭᠰᠠᠨ ᠲᠣᠭᠯᠠᠭᠴᠢ᠂ ᠡᠰᠡᠪᠡᠯ ᠨᠥᠭᠥᠭᠡᠳᠡᠬᠢ ᠨᠢ ᠪᠠᠭᠤᠵᠤ ᠦᠭᠭᠦᠭᠰᠡᠨ ᠢ᠋ᠶ᠋ᠡᠷ ᠢᠯᠠᠭᠰᠠᠨ ᠲᠣᠭᠯᠠᠭᠴᠢ ᠨᠢᠭᠡ ᠬᠤᠪᠢ(1) ᠲᠡᠮᠳᠡᠭᠯᠡᠬᠦ ᠪᠠ ᠲᠤᠬᠠᠢ ᠶ᠋ᠢᠨ ᠦᠷᠦᠭ ᠦ᠋ᠨ ᠢᠯᠠᠭᠳᠠᠭᠰᠠᠨ᠂ ᠡᠰᠡᠪᠡᠯ ᠪᠠᠭᠤᠵᠤ ᠦᠭᠭᠦᠭᠰᠡᠨ ᠲᠣᠭᠯᠠᠭᠴᠢ ᠲᠡᠭ ᠬᠤᠪᠢ(0) ᠲᠡᠮᠳᠡᠭᠯᠡᠨ᠎ᠡ᠃ ᠬᠠᠢᠨᠴᠠᠭᠰᠠᠨ ᠲᠣᠭᠯᠠᠭᠴᠢ ᠲᠣᠰᠪᠣᠷᠢ ᠬᠠᠭᠠᠰ(1/2) ᠬᠤᠪᠢ ᠲᠡᠮᠳᠡᠭᠯᠡᠨ᠎ᠡ᠃   

         ᠵᠢᠷᠭᠤᠳᠤᠭᠠᠷ ᠵᠦᠢᠯ   ᠲᠣᠭᠯᠠᠭᠴᠢ ᠶ᠋ᠢᠨ ᠪᠠᠷᠢᠮᠲᠠᠯᠠᠯ   

       ᠨᠢᠭᠡ᠂ ᠰᠢᠲᠠᠷ᠎ᠠ ᠶ᠋ᠢᠨ ᠲᠣᠭᠯᠠᠯᠲᠠ ᠳ᠋ᠤ᠌ ᠰᠠᠭᠠᠳ ᠤᠴᠠᠷᠠᠭᠤᠯᠬᠤ ᠪᠠᠷ ᠶᠠᠮᠠᠷ ᠴᠤ᠌ ᠦᠢᠯᠡᠳᠦᠯ ᠬᠢᠵᠦ ᠪᠣᠯᠬᠤ ᠦᠭᠡᠢ᠃  
       ᠬᠣᠶᠠᠷ᠂ ᠲᠣᠭᠯᠠᠯᠲᠠ ᠶ᠋ᠢᠨ ᠲᠠᠯᠠᠪᠠᠢ᠂ ᠪᠡᠶ᠎ᠡ ᠵᠠᠰᠠᠬᠤ ᠭᠠᠵᠠᠷ᠂ ᠠᠮᠠᠷᠠᠯᠲᠠ ᠶ᠋ᠢᠨ ᠥᠷᠥᠭᠡ᠂ ᠴᠠᠢ ᠤᠤᠭᠤᠬᠤ ᠭᠠᠵᠠᠷ᠂ ᠲᠠᠮᠠᠬᠢ ᠲᠠᠲᠠᠬᠤ ᠴᠢᠭ᠂ ᠡᠰᠡᠪᠡᠯ ᠬᠢᠨᠠᠭᠴᠢ ᠶ᠋ᠢᠨ ᠵᠥᠪᠰᠢᠶᠡᠷᠡᠭᠰᠡᠨ ᠪᠤᠰᠤᠳ ᠭᠠᠵᠠᠷ ᠤ᠋ᠳ ᠢ᠋《 ᠤᠷᠤᠯᠳᠤᠭᠠᠨ ᠶᠠᠪᠤᠭᠤᠯᠬᠤ ᠭᠠᠵᠠᠷ》 ᠭᠡᠮᠡᠨ ᠠᠪᠴᠤ ᠦᠵᠡᠨ᠎ᠡ᠃ ᠲᠣᠭᠯᠠᠯᠲᠠ ᠶ᠋ᠢᠨ ᠲᠠᠯᠠᠪᠤᠷ ᠨᠢ ᠲᠣᠭᠯᠠᠬᠤ ᠥᠷᠥᠭ ᠪᠠᠢᠷᠢᠯᠠᠭᠰᠠᠨ ᠭᠠᠵᠠᠷ ᠢ᠋ ᠬᠡᠯᠡᠨ᠎ᠡ᠃ ᠵᠥᠪᠬᠡᠨ ᠬᠢᠨᠠᠭᠴᠢ ᠶ᠋ᠢᠨ ᠵᠥᠪᠰᠢᠶᠡᠷᠡᠯ ᠲᠡᠢ ᠪᠡᠷ ᠳᠣᠣᠷᠠᠬᠢ ᠬᠣᠶᠠᠷ ᠦᠢᠯᠡᠳᠦᠯ ᠢ᠋ ᠬᠢᠵᠦ ᠪᠣᠯᠤᠨ᠎ᠠ᠄ 
       (ᠨᠢᠭᠡ) ᠲᠣᠭᠯᠠᠭᠴᠢ ᠤᠷᠤᠯᠳᠤᠭᠠᠨ ᠶᠠᠪᠤᠭᠤᠯᠬᠤ ᠭᠠᠵᠠᠷ ᠠ᠋ᠴᠠ ᠶᠠᠪᠤᠬᠤ  
       (ᠬᠣᠶᠠᠷ) ᠲᠣᠭᠯᠠᠭᠴᠢ ᠨᠡᠭᠦᠳᠡᠯ ᠬᠢᠬᠦ ᠡᠭᠡᠯᠵᠢᠨ ᠳ᠋ᠦ᠍ ᠪᠡᠨ ᠲᠣᠭᠯᠠᠯᠲᠠ ᠶ᠋ᠢᠨ ᠲᠠᠯᠠᠪᠤᠷ ᠢ᠋ ᠣᠷᠬᠢᠨ ᠶᠠᠪᠤᠬᠤ ᠡᠭᠦᠨ ᠡᠴᠡ ᠭᠠᠳᠠᠨ᠎ᠠ ᠲᠣᠭᠯᠠᠭᠴᠢ᠂ ᠡᠰᠡᠪᠡᠯ ᠬᠢᠨᠠᠭᠴᠢ ᠪᠢᠰᠢ ᠬᠥᠮᠦᠨ ᠲᠣᠭᠯᠠᠯᠲᠠ ᠶ᠋ᠢᠨ ᠲᠠᠯᠠᠪᠤᠷ ᠲᠤ ᠣᠷᠣᠬᠤ ᠶ᠋ᠢ ᠬᠣᠷᠢᠭᠯᠠᠨ᠎ᠠ᠃  
       ᠭᠤᠷᠪᠠ  
       (ᠨᠢᠭᠡ) ᠲᠣᠭᠯᠠᠯᠲᠠ ᠶ᠋ᠢᠨ ᠶᠠᠪᠤᠴᠠ ᠳ᠋ᠤ᠌ ᠲᠣᠭᠯᠠᠭᠴᠢ ᠶᠠᠮᠠᠷ ᠨᠢᠭᠡ ᠲᠡᠮᠳᠡᠭᠯᠡᠯ᠂ ᠮᠡᠳᠡᠭᠡᠯᠡᠯ ᠦ᠋ᠨ ᠥᠭᠡᠷ᠎ᠡ ᠡᠬᠡ ᠰᠤᠷᠪᠤᠯᠵᠢ᠂ ᠵᠥᠪᠯᠡᠯᠭᠡ᠂ ᠥᠭᠡᠷ᠎ᠡ ᠰᠢᠲᠠᠷ᠎ᠠ ᠶ᠋ᠢᠨ ᠬᠥᠯᠭᠡ ᠳᠡᠭᠡᠷ᠎ᠡ ᠰᠢᠨᠵᠢᠯᠡᠭᠡ ᠬᠢᠬᠦ ᠶ᠋ᠢ ᠬᠣᠷᠢᠭᠯᠠᠨ᠎ᠠ᠃ 
       (ᠬᠣᠶᠠᠷ) ᠲᠣᠭᠯᠠᠯᠲᠠ ᠶ᠋ᠢᠨ ᠶᠠᠪᠤᠴᠠ ᠳ᠋ᠤ᠌ ᠤᠷᠤᠯᠳᠤᠭᠠᠨ ᠶᠠᠪᠤᠭᠤᠯᠬᠤ ᠭᠠᠵᠠᠷ ᠲᠣᠭᠯᠠᠭᠴᠢ ᠭᠠᠷ ᠤᠲᠠᠰᠤ ᠪᠠ ᠥᠭᠡᠷ᠎ᠡ ᠪᠤᠰᠤᠳ ᠴᠠᠬᠢᠮ ᠬᠠᠷᠢᠯᠴᠠᠭᠠᠨ ᠤ᠋ ᠬᠡᠷᠡᠭᠰᠡᠯ ᠠᠰᠢᠭᠯᠠᠬᠤ ᠶ᠋ᠢ ᠬᠣᠷᠢᠭᠯᠠᠨ᠎ᠠ᠃  ᠬᠡᠷᠪᠡ ᠲᠣᠭᠯᠠᠭᠴᠢ ᠡᠳᠡᠭᠡᠷ ᠬᠡᠷᠡᠭᠰᠡᠯ ᠢ᠋ ᠤᠷᠤᠯᠳᠤᠭᠠᠨ ᠶᠠᠪᠤᠭᠤᠯᠬᠤ ᠭᠠᠵᠠᠷ ᠠᠪᠴᠢᠷᠠᠭᠰᠠᠨ ᠪᠣᠯᠬᠤ ᠨᠢ ᠲᠣᠳᠣᠷᠬᠠᠢ ᠪᠣᠯᠤᠭᠰᠠᠨ ᠪᠣᠯ ᠲᠤᠬᠠᠢ ᠶ᠋ᠢᠨ ᠲᠣᠭᠯᠠᠭᠴᠢ ᠲᠤᠰ ᠥᠷᠥᠭ ᠲᠦ᠍ ᠢᠯᠠᠭᠳᠠᠭᠰᠠᠨ ᠢ᠋ᠶ᠋ᠠᠷ ᠲᠣᠭᠠᠴᠠᠨ᠎ᠠ᠃ 
       ᠤᠷᠤᠯᠳᠤᠭᠠᠨ ᠤ᠋ ᠳᠦᠷᠢᠮ ᠢ᠋ᠶ᠋ᠡᠷ ᠢᠯᠭᠠᠭ᠎ᠠ ᠲᠠᠢ᠂ ᠲᠣᠷᠭᠠᠭᠤᠯᠢ᠂ ᠪᠠᠭ᠎ᠠ ᠵᠡᠷᠭᠡ ᠬᠠᠲᠠᠭᠤ ᠳᠦᠷᠢᠮ ᠢ᠋ ᠲᠣᠳᠣᠷᠠᠭᠤᠯᠵᠤ ᠥᠭᠬᠦ ᠨᠢ᠄  ᠬᠢᠨᠠᠭᠴᠢ ᠲᠣᠭᠯᠠᠭᠴᠢ ᠶ᠋ᠢᠨ ᠬᠤᠪᠴᠠᠰᠤ᠂ ᠰᠡᠪ ᠲᠣᠣᠷ᠂ ᠪᠤᠰᠤᠳ ᠵᠦᠢᠯᠡᠰ ᠢ᠋ ᠰᠢᠯᠭᠠᠬᠤ ᠶ᠋ᠢ ᠱᠠᠭᠠᠷᠳᠠᠵᠤ ᠪᠣᠯᠤᠨ᠎ᠠ᠃ ᠬᠢᠨᠠᠭᠴᠢ ᠡᠰᠡᠪᠡᠯ ᠬᠢᠨᠠᠭᠴᠢ ᠶ᠋ᠢᠨ ᠲᠣᠮᠢᠯᠠᠭᠰᠠᠨ ᠬᠥᠮᠦᠨ ᠡᠭᠦᠨ ᠢ᠋ ᠰᠢᠯᠭᠠᠬᠤ ᠪᠠ ᠲᠤᠬᠠᠢ ᠶ᠋ᠢᠨ ᠰᠢᠯᠭᠠᠬᠤ ᠬᠥᠮᠦᠨ ᠨᠢ ᠰᠢᠯᠭᠠᠭᠤᠯᠤᠭᠴᠢ ᠲᠠᠢ ᠢᠵᠢᠯ ᠬᠦᠢᠰᠦ ᠲᠡᠢ ᠪᠠᠢᠨ᠎ᠠ᠃ ᠬᠡᠷᠪᠡ ᠲᠣᠭᠯᠠᠭᠴᠢ ᠡᠳᠡᠭᠡᠷ ᠡᠭᠦᠷᠭᠡ ᠬᠠᠷᠢᠭᠤᠴᠠᠯᠭ᠎ᠠ ᠶ᠋ᠢ ᠬᠦᠯᠢᠶᠡᠬᠦ ᠡᠴᠡ ᠲᠠᠲᠠᠭᠠᠯᠵᠠᠪᠠᠯ ᠬᠢᠨᠠᠭᠴᠢ ᠳᠣᠯᠣᠳᠤᠭᠠᠷ ᠵᠦᠢᠯ ᠦ᠋ᠨ ᠵᠤᠷᠪᠤᠰ ᠶᠢᠰᠦ ᠶ᠋ᠢᠨ ᠳᠠᠭᠠᠤ ᠠᠷᠭ᠎ᠠ ᠬᠡᠮᠵᠢᠶ᠎ᠡ ᠠᠪᠤᠨ᠎ᠠ᠃   
       (ᠭᠤᠷᠪᠠ) ᠲᠠᠮᠠᠬᠢ ᠲᠠᠲᠠᠬᠤ ᠴᠠᠭ ᠢ᠋ ᠵᠥᠪᠬᠡᠨ ᠬᠢᠨᠠᠭᠴᠢ ᠶ᠋ᠢᠨ ᠵᠥᠪᠰᠢᠶᠡᠷᠡᠭᠰᠡᠨ ᠤᠷᠤᠯᠳᠤᠭᠠᠨ ᠶᠠᠪᠤᠭᠤᠯᠬᠤ ᠭᠠᠵᠠᠷ ᠲᠤ ᠬᠦᠯᠢᠶᠡᠨ ᠵᠥᠪᠰᠢᠶᠡᠷᠡᠨ᠎ᠡ᠃  
       ᠳᠥᠷᠪᠡ᠂ ᠥᠷᠥᠭ ᠳᠠᠭᠤᠰᠬᠠᠭᠰᠠᠨ ᠲᠣᠭᠯᠠᠭᠴᠢ ᠶ᠋ᠢ ᠦᠵᠡᠭᠴᠢ ᠭᠡᠮᠡᠨ ᠦᠵᠡᠨ᠎ᠡ᠃ 
       ᠲᠠᠪᠤ᠂ ᠥᠷᠢᠰᠦᠯᠳᠦᠭᠴᠢ ᠶ᠋ᠢ ᠶᠠᠮᠠᠷ ᠨᠢᠭᠡ ᠪᠠᠢᠳᠠᠯ ᠢ᠋ᠶ᠋ᠠᠷ ᠠᠩᠬᠠᠷᠤᠯ ᠢ᠋ ᠰᠠᠷᠨᠢᠭᠤᠯᠬᠤ᠂ ᠡᠰᠡᠪᠡᠯ ᠠᠭᠤᠷᠯᠠᠭᠤᠯᠬᠤ ᠶ᠋ᠢ ᠬᠣᠷᠢᠭᠯᠠᠨ᠎ᠠ᠃ ᠡᠭᠦᠨ ᠳ᠋ᠦ᠍ ᠰᠢᠯᠲᠠᠭᠠᠨ ᠦᠭᠡᠢ ᠮᠡᠳᠡᠭᠳᠡᠯ ᠭᠠᠷᠭᠠᠬᠤ᠂ ᠰᠢᠯᠲᠠᠭᠠᠨ ᠦᠭᠡᠢ ᠪᠡᠷ ᠬᠠᠢᠨᠴᠠᠬᠤ ᠰᠠᠨᠠᠯ ᠲᠠᠯᠪᠢᠬᠤ᠂ ᠡᠰᠡᠪᠡᠯ ᠲᠣᠭᠯᠠᠯᠲᠠ ᠶ᠋ᠢᠨ ᠲᠠᠯᠠᠪᠤᠷ ᠲᠤ ᠴᠢᠮᠡᠭᠡ ᠱᠤᠤᠭᠢᠶᠠᠨ ᠭᠠᠷᠭᠠᠬᠤ ᠵᠡᠷᠭᠡ ᠦᠢᠯᠡᠳᠦᠯ ᠦ᠋ᠳ ᠣᠷᠣᠨ᠎ᠠ᠃  
       ᠵᠢᠷᠭᠤᠭ᠎ᠠ᠂ ᠨᠢᠭᠡ ᠡᠴᠡ ᠲᠠᠪᠤ ᠶ᠋ᠢᠨ ᠵᠢᠭᠠᠯᠲᠠ ᠨᠤᠭᠤᠳ ᠤ᠋ᠨ ᠠᠯᠢ ᠨᠢᠭᠡ ᠨᠥᠬᠥᠴᠡᠯ ᠢ᠋ ᠵᠥᠷᠢᠴᠡᠬᠦ ᠨᠢ ᠳᠣᠯᠣᠳᠤᠭᠠᠷ ᠵᠦᠢᠯ ᠦ᠋ᠨ ᠵᠤᠷᠪᠤᠰ ᠶᠢᠰᠦ ᠶ᠋ᠢᠨ ᠳᠠᠭᠠᠤ ᠰᠢᠢᠳᠬᠡᠯ ᠥᠭᠭᠦᠨ᠎ᠡ᠃  
       ᠳᠣᠯᠣᠭ᠎ᠠ᠂ ᠰᠢᠳᠡᠷ᠎ᠡ ᠶ᠋ᠢᠨ ᠳᠦᠷᠢᠮ ᠢ᠋ ᠮᠥᠷᠳᠡᠯᠭᠡ ᠪᠣᠯᠭᠠᠬᠤ ᠶ᠋ᠢᠨ ᠲᠤᠯᠠᠳᠠ ᠲᠣᠭᠯᠠᠭᠴᠢ ᠡᠭᠦᠨ ᠢ᠋ ᠪᠠᠢᠩᠭᠤ ᠲᠠᠲᠠᠭᠠᠯᠵᠠᠬᠤ ᠨᠢ ᠲᠣᠭᠯᠠᠯᠲᠠ ᠶ᠋ᠢᠨ ᠥᠷᠥᠭ ᠢ᠋ ᠢᠯᠠᠭᠳᠠᠬᠤ ᠰᠢᠢᠳᠬᠡᠯ ᠬᠦᠯᠢᠶᠡᠨ᠎ᠡ᠃  ᠬᠢᠨᠠᠭᠴᠢ ᠨᠥᠭᠦᠭᠡ ᠲᠠᠯ᠎ᠠ ᠶ᠋ᠢᠨ ᠬᠤᠪᠢ ᠠᠪᠬᠤ ᠬᠡᠮᠵᠢᠶ᠎ᠡ ᠶ᠋ᠢ ᠰᠢᠢᠳᠪᠦᠷᠢᠯᠡᠨ᠎ᠡ᠃  
       ᠨᠠᠢ᠍ᠮᠠ᠂ ᠬᠡᠷᠪᠡ ᠲᠣᠭᠯᠠᠭᠴᠢ ᠬᠣᠶᠠᠭᠤᠯᠠ ᠪᠠᠨ ᠵᠤᠷᠪᠤᠰ ᠳᠣᠯᠣᠭ᠎ᠠ ᠶ᠋ᠢᠨ ᠳᠠᠭᠠᠤ ᠪᠤᠷᠤᠭᠤ ᠲᠠᠢ ᠨᠢ ᠲᠣᠭᠲᠠᠭᠠᠭᠳᠠᠪᠠᠯ ᠲᠤᠬᠠᠢ ᠶ᠋ᠢᠨ ᠦᠷᠦᠭ ᠲᠦ᠍ ᠬᠣᠶᠠᠷ ᠲᠣᠭᠯᠠᠭᠴᠢ ᠶ᠋ᠢ ᠪᠦᠷ ᠢᠯᠠᠭᠳᠠᠭᠰᠠᠨ ᠳ᠋ᠤ᠌ ᠲᠣᠭᠠᠴᠠᠨ᠎ᠠ᠃ 
       ᠶᠢᠰᠦ᠂ ᠰᠢᠳᠡᠷ᠎ᠡ ᠶ᠋ᠢᠨ ᠳᠦᠷᠢᠮ ᠦ᠋ᠨ ᠳᠠᠭᠠᠤ ᠲᠤᠰᠬᠠᠢ ᠬᠤᠪᠢ ᠥᠭᠭᠦᠭᠰᠡᠨ ᠲᠠᠯ᠎ᠠ ᠪᠠᠷ ᠲᠠᠢᠯᠪᠤᠷᠢᠯᠠᠵᠤ ᠥᠭᠬᠦ ᠶ᠋ᠢ ᠲᠣᠭᠯᠠᠭᠴᠢ ᠬᠢᠨᠠᠭᠴᠢ ᠳ᠋ᠤ᠌ ᠬᠦᠰᠡᠯᠲᠡ ᠭᠠᠷᠭᠠᠬᠤ ᠡᠷᠬᠡ ᠲᠡᠢ᠃  
       ᠠᠷᠪᠠ᠂ ᠤᠷᠤᠯᠳᠤᠭᠠᠨ ᠤ᠋ ᠳᠦᠷᠢᠮ ᠳ᠋ᠦ᠍ ᠥᠭᠡᠷ᠎ᠡ ᠲᠣᠭᠲᠠᠭᠠᠯ ᠦᠭᠡᠢ ᠪᠣᠯ ᠲᠣᠭᠯᠠᠭᠴᠢ ᠬᠡᠳᠦᠢᠪᠡᠷ ᠦᠷᠦᠭ ᠦ᠋ᠨ ᠦᠷ᠎ᠡ ᠳ᠋ᠦᠩ ᠢ᠋ ᠬᠠᠷᠠᠭᠤᠯᠤᠭᠰᠠᠨ ᠬᠠᠭᠤᠳᠠᠰᠤᠨ ᠳ᠋ᠤ᠌ ᠭᠠᠷ ᠤ᠋ᠨ ᠦᠰᠦᠭ ᠵᠢᠷᠤᠭᠰᠠᠨ ᠴᠤ᠌ ᠬᠢᠨᠠᠭᠴᠢ ᠶ᠋ᠢᠨ ᠰᠢᠢᠳᠪᠦᠷᠢ ᠶ᠋ᠢᠨ ᠡᠰᠡᠷᠭᠦᠦ ᠭᠣᠮᠣᠳᠠᠯ ᠭᠠᠷᠭᠠᠵᠤ᠂ ᠵᠠᠭᠠᠯᠳᠤᠯᠭ᠎ᠠ ᠳᠡᠪᠰᠢᠭᠦᠯᠬᠦ ᠡᠷᠬᠡ ᠲᠡᠢ᠃ 
 
         ᠳᠣᠯᠣᠳᠤᠭᠠᠷ ᠵᠦᠢᠯ   ᠬᠢᠨᠠᠭᠴᠢ ᠶ᠋ᠢᠨ ᠭᠦᠢᠴᠡᠳᠬᠡᠬᠦ ᠡᠭᠦᠷᠭᠡ  

       ᠨᠢᠭᠡ᠂ ᠬᠢᠨᠠᠭᠴᠢ ᠰᠢᠲᠠᠷ᠎ᠠ ᠶ᠋ᠢᠨ ᠳᠦᠷᠢᠮ ᠢ᠋ ᠴᠢᠩᠳᠠ ᠬᠠᠲᠠᠭᠤ ᠪᠠᠷᠢᠮᠲᠠᠯᠠᠬᠤ ᠨᠥᠬᠥᠴᠡᠯ ᠢ᠋  ᠪᠦᠷᠢᠯᠳᠦᠭᠦᠯᠦᠨ ᠠᠵᠢᠯᠯᠠᠨ᠎ᠠ᠃ 
       ᠬᠣᠶᠠᠷ᠂ ᠬᠢᠨᠠᠭᠴᠢ ᠨᠢ ᠳᠠᠷᠠᠭᠠᠬᠢ ᠡᠭᠦᠷᠭᠡ ᠬᠦᠯᠢᠶᠡᠨ᠎ᠡ᠃ 
       (ᠨᠢᠭᠡ) ᠰᠢᠳᠤᠷᠭᠤ ᠲᠣᠭᠯᠠᠯᠲᠠ ᠶ᠋ᠢ ᠶᠠᠪᠤᠭᠤᠯᠬᠤ  
       (ᠬᠣᠶᠠᠷ) ᠤᠷᠤᠯᠳᠤᠭᠠᠨ ᠤ᠋ ᠬᠠᠮᠤᠭ ᠰᠠᠢᠨ ᠠᠰᠢᠭ ᠰᠣᠨᠢᠷᠬᠠᠯ ᠳ᠋ᠤ᠌ ᠨᠡᠢᠴᠡᠭᠦᠯᠦᠨ ᠠᠵᠢᠯᠯᠠᠬᠤ 
       (ᠭᠤᠷᠪᠠ) ᠲᠣᠭᠯᠠᠯᠲᠠ ᠶ᠋ᠢᠨ ᠰᠠᠢᠨ ᠣᠷᠴᠢᠨ ᠢ᠋ ᠪᠦᠷᠢᠯᠳᠦᠭᠦᠯᠬᠦ ᠳ᠋ᠦ᠍ ᠨᠥᠯᠥᠭᠡᠯᠡᠨ ᠠᠵᠢᠯᠯᠠᠬᠤ  
       (ᠳᠥᠷᠪᠡ) ᠲᠣᠭᠯᠠᠭᠴᠢᠳ ᠲᠤ ᠰᠠᠭᠠᠳ ᠪᠣᠯᠬᠤ ᠪᠠᠷ ᠦᠭᠡᠢ ᠨᠥᠬᠥᠴᠡᠯ ᠪᠠᠢᠳᠠᠯ ᠢ᠋ ᠪᠣᠢ ᠪᠣᠯᠭᠠᠬᠤ 
       (ᠲᠠᠪᠤ) ᠤᠷᠤᠯᠳᠤᠭᠠᠨ ᠤ᠋ ᠦᠢᠯᠡ ᠶᠠᠪᠤᠴᠠ ᠶ᠋ᠢ ᠬᠢᠨᠠᠨ ᠰᠢᠯᠭᠠᠬᠤ 
       (ᠵᠢᠷᠭᠤᠭ᠎ᠠ) ᠬᠥᠳᠡᠯᠵᠦ ᠪᠠᠷᠢᠬᠤ ᠳ᠋ᠤ᠌ ᠪᠡᠷᠬᠡᠰᠢᠶᠡᠯ ᠲᠡᠢ ᠬᠥᠮᠦᠰ᠂ ᠡᠮᠨᠡᠯᠭᠡ ᠶ᠋ᠢᠨ ᠠᠷᠭ᠎ᠠ ᠬᠡᠮᠵᠢᠶ᠎ᠡ ᠠᠪᠬᠤ ᠱᠠᠭᠠᠷᠳᠠᠯᠭ᠎ᠠ ᠲᠠᠢ ᠲᠣᠭᠯᠠᠭᠴᠢ ᠳ᠋ᠤ᠌ ᠣᠨᠴᠠᠭᠠᠢ ᠬᠠᠷᠠᠭᠠᠯᠵᠠᠯ ᠤ᠋ᠨ ᠠᠷᠭ᠎ᠠ ᠬᠡᠮᠵᠢᠶ᠎ᠡ ᠠᠪᠴᠤ ᠠᠵᠢᠯᠯᠠᠨ᠎ᠠ᠃ 
       ᠭᠤᠷᠪᠠ᠂ ᠬᠢᠨᠠᠭᠴᠢ ᠨᠢ ᠲᠣᠭᠯᠠᠯᠲᠠ ᠶ᠋ᠢᠨ ᠶᠠᠪᠤᠴᠠ ᠶ᠋ᠢ ᠪᠠᠢᠩᠭᠤ ᠠᠵᠢᠭᠯᠠᠵᠤ᠂ ᠢᠯᠠᠩᠭᠤᠶ᠎ᠠ ᠲᠣᠭᠯᠠᠭᠴᠢ ᠶ᠋ᠢᠨ ᠴᠠᠭ ᠪᠠᠴᠢᠮ ᠦᠶ᠎ᠡ ᠳ᠋ᠦ᠍ ᠭᠠᠷᠭᠠᠭᠰᠠᠨ ᠰᠢᠢᠳᠪᠦᠷᠢ ᠪᠡᠨ ᠬᠡᠷᠡᠭᠵᠢᠭᠦᠯᠬᠦ᠂ ᠵᠣᠬᠢᠬᠤ ᠲᠣᠭᠯᠠᠭᠴᠢᠳ ᠲᠤ ᠰᠢᠢᠳᠬᠡᠯ ᠦ᠋ᠨ ᠠᠷᠭ᠎ᠠ ᠬᠡᠮᠵᠢᠶ᠎ᠡ ᠠᠪᠴᠤ ᠴᠢᠳᠠᠬᠤ ᠪᠠᠷ ᠠᠵᠢᠯᠯᠠᠨ᠎ᠠ᠃  
       ᠳᠥᠷᠪᠡ᠂ ᠬᠢᠨᠠᠭᠴᠢ ᠶ᠋ᠢ ᠲᠣᠭᠯᠠᠯᠲᠠ ᠳ᠋ᠤ᠌ ᠠᠵᠢᠭᠯᠠᠯᠲᠠ ᠬᠢᠬᠦ ᠪᠡᠷ ᠲᠤᠰᠠᠯᠠᠭᠴᠢᠳ ᠢ᠋ ᠲᠣᠮᠢᠯᠠᠵᠤ ᠪᠣᠯᠤᠨ᠎ᠠ᠃ ᠵᠢᠱ᠌ᠢᠶ᠎ᠡ ᠨᠢ᠄ ᠬᠡᠳᠦ ᠬᠡᠳᠦᠨ ᠲᠣᠭᠯᠠᠭᠴᠢ ᠶ᠋ᠢᠨ ᠴᠠᠭ ᠳᠠᠭᠤᠰᠬᠤ ᠳᠥᠭᠥᠭᠰᠡᠨ ᠪᠣᠯ  
       ᠲᠠᠪᠤ᠂ ᠲᠣᠭᠯᠠᠭᠴᠢᠳ ᠭᠠᠳᠠᠨ᠎ᠠ ᠶ᠋ᠢᠨ ᠰᠢᠯᠲᠠᠭᠠᠨ ᠢ᠋ᠶ᠋ᠠᠷ ᠨᠥᠯᠥᠭᠡᠯᠡᠯ ᠳ᠋ᠦ᠍ ᠤᠴᠠᠷᠠᠭᠰᠠᠨ ᠲᠣᠬᠢᠶᠠᠯᠳᠤᠯ ᠳ᠋ᠤ᠌ ᠬᠣᠶᠠᠷ ᠲᠣᠭᠯᠠᠭᠴᠢᠳ ᠲᠤ ᠨᠡᠮᠡᠯᠲᠡ ᠴᠠᠭ ᠲᠠᠯᠪᠢᠵᠤ ᠥᠭᠴᠦ ᠪᠣᠯᠤᠨ᠎ᠠ᠃  
       ᠵᠢᠷᠭᠤᠭ᠎ᠠ᠂ ᠰᠢᠲᠠᠷ᠎ᠠ ᠶ᠋ᠢᠨ ᠳᠦᠷᠢᠮ ᠳ᠋ᠦ᠍ ᠵᠢᠭᠠᠭᠰᠠᠨ ᠠ᠋ᠴᠠ ᠪᠤᠰᠤᠳ ᠲᠣᠬᠢᠶᠠᠯᠳᠤᠯ ᠳ᠋ᠤ᠌ ᠬᠢᠨᠠᠭᠴᠢ ᠲᠣᠭᠯᠠᠯᠲᠠ ᠳ᠋ᠤ᠌ ᠬᠥᠨᠳᠡᠯᠡᠨ ᠡᠴᠡ ᠣᠷᠣᠯᠴᠠᠬᠤ ᠡᠷᠬᠡ ᠦᠭᠡᠢ᠃ ᠬᠢᠨᠠᠭᠴᠢ ᠨᠡᠭᠦᠳᠡᠯ ᠦ᠋ᠨ ᠲᠣᠭ᠎ᠠ ᠶ᠋ᠢ ᠵᠠᠷᠯᠠᠬᠤ ᠦᠭᠡᠢ᠃ ᠨᠥᠭᠦᠭᠡ ᠲᠠᠯ᠎ᠠ ᠨᠢ ᠨᠡᠭᠦᠳᠡᠯ ᠬᠢᠭᠰᠡᠨ᠂ ᠡᠰᠡᠪᠡᠯ ᠲᠤᠬᠠᠯᠠᠭᠴᠢ ᠴᠠᠭ ᠢ᠋ᠶ᠋ᠠᠨ ᠳᠠᠷᠤᠭᠰᠠᠨ ᠦᠭᠡᠢ ᠵᠡᠷᠭᠡ ᠲᠠᠯ᠎ᠠ ᠪᠠᠷ ᠲᠣᠭᠯᠠᠭᠴᠢᠳ ᠲᠤ ᠰᠠᠨᠠᠭᠤᠯᠭ᠎ᠠ ᠥᠭᠴᠦ ᠪᠣᠯᠬᠤ ᠦᠭᠡᠢ᠃  
       ᠳᠣᠯᠣᠭ᠎ᠠ᠂ ᠬᠡᠷᠪᠡ ᠬᠡᠨ ᠨᠢᠭᠡᠨ ᠵᠦᠢ ᠪᠤᠰᠤ ᠵᠦᠢᠯ ᠠᠵᠢᠭᠯᠠᠪᠠᠯ ᠡᠭᠦᠨ ᠢ᠋ ᠵᠥᠪᠬᠡᠨ ᠬᠢᠨᠠᠭᠴᠢ ᠳ᠋ᠤ᠌ ᠮᠡᠳᠡᠭᠳᠡᠨ᠎ᠡ᠃ ᠥᠭᠡᠷ᠎ᠡ ᠲᠣᠭᠯᠠᠯᠲᠠ ᠳ᠋ᠤ᠌ ᠣᠷᠣᠯᠴᠠᠭᠰᠠᠨ ᠲᠣᠭᠯᠠᠭᠴᠢᠳ ᠶᠠᠷᠢᠬᠤ ᠡᠷᠬᠡ ᠦᠭᠡᠢ ᠡᠰᠡᠪᠡᠯ ᠲᠣᠭᠯᠠᠯᠲᠠ ᠳ᠋ᠤ᠌ ᠬᠥᠨᠳᠡᠯᠡᠨ ᠡᠴᠡ ᠣᠷᠣᠯᠴᠠᠬᠤ ᠦᠭᠡᠢ᠃ ᠦᠵᠡᠭᠴᠢᠳ ᠲᠣᠭᠯᠠᠯᠲᠠ ᠳ᠋ᠤ᠌ ᠬᠥᠨᠳᠡᠯᠡᠨ ᠡᠴᠡ ᠣᠷᠣᠯᠴᠠᠬᠤ ᠶ᠋ᠢ ᠡᠷᠡᠰ ᠬᠣᠷᠢᠭᠯᠠᠨ᠎ᠠ᠃ ᠬᠢᠨᠠᠭᠴᠢ ᠳᠦᠷᠢᠮ ᠵᠥᠷᠢᠴᠡᠭᠰᠡᠳ ᠢ᠋ ᠤᠷᠤᠯᠳᠤᠭᠠᠨ ᠶᠠᠪᠤᠭᠳᠠᠭᠤᠯᠵᠤ ᠪᠠᠢᠭ᠎ᠠ ᠭᠠᠵᠠᠷ ᠠ᠋ᠴᠠ ᠭᠠᠷᠭᠠᠬᠤ ᠡᠷᠬᠡ ᠲᠡᠢ᠃  
       ᠨᠠᠢ᠍ᠮᠠ᠂ ᠬᠢᠨᠠᠭᠴᠢ ᠠ᠋ᠴᠠ ᠵᠥᠪᠰᠢᠶᠡᠷᠡᠯ ᠣᠯᠭᠣᠭᠰᠠᠨ ᠦᠭᠡᠢ ᠪᠣᠯ ᠤᠷᠤᠯᠳᠤᠭᠠᠨ ᠶᠠᠪᠤᠭᠤᠯᠬᠤ ᠭᠠᠵᠠᠷ ᠡᠰᠡᠪᠡᠯ ᠬᠢᠨᠠᠭᠴᠢ ᠶ᠋ᠢᠨ ᠲᠣᠳᠣᠷᠬᠠᠢᠯᠠᠭᠰᠠᠨ ᠠᠯᠢᠪᠠ ᠭᠠᠵᠠᠷ ᠲᠤ ᠬᠡᠨ ᠨᠢᠭᠡᠨ ᠭᠠᠷ ᠤᠲᠠᠰᠤ᠂ ᠠᠯᠢᠪᠠ ᠬᠣᠯᠪᠣᠭ᠎ᠠ ᠬᠠᠷᠢᠯᠴᠠᠭᠠᠨ ᠤ᠋ ᠬᠡᠷᠡᠭᠰᠡᠯ ᠠᠰᠢᠭᠯᠠᠬᠤ ᠶ᠋ᠢ ᠬᠣᠷᠢᠭᠯᠠᠨ᠎ᠠ᠃ 
       ᠶᠢᠰᠦ᠂ ᠬᠢᠨᠠᠭᠴᠢ ᠶ᠋ᠢᠨ ᠡᠷᠬᠡ ᠵᠦᠢ ᠶ᠋ᠢᠨ ᠬᠡᠮᠵᠢᠶᠡᠨ ᠳ᠋ᠦ᠍ ᠬᠦᠯᠢᠶᠡᠨ ᠵᠥᠪᠰᠢᠶᠡᠷᠡᠭᠳᠡᠭᠰᠡᠨ ᠲᠣᠷᠭᠠᠭᠤᠯᠢ᠂ ᠰᠢᠢᠳᠬᠡᠯ ᠦ᠋ᠨ ᠠᠷᠭ᠎ᠠ ᠬᠡᠮᠵᠢᠶ᠎ᠡ ᠨᠦ᠍ᠭᠦᠳ᠄ 
       (ᠨᠢᠭᠡ) ᠰᠡᠷᠡᠮᠵᠢ( ᠠᠩᠬᠠᠷᠤᠭᠤᠯᠤᠭ᠎ᠠ ) ᠥᠭᠬᠦ  
       (ᠬᠣᠶᠠᠷ) ᠥᠷᠢᠰᠦᠯᠳᠦᠭᠴᠢ ᠶ᠋ᠢᠨ ᠦᠯᠡᠳᠡᠭᠰᠡᠨ ᠬᠤᠭᠤᠴᠠᠭ᠎ᠠ ᠶ᠋ᠢ ᠨᠡᠮᠡᠬᠦ 
       (ᠭᠤᠷᠪᠠ) ᠵᠥᠷᠢᠴᠡᠯ ᠭᠠᠷᠭᠠᠭᠰᠠᠨ ᠲᠣᠭᠯᠠᠭᠴᠢ ᠶ᠋ᠢᠨ ᠦᠯᠡᠳᠡᠭᠰᠡᠨ ᠬᠤᠭᠤᠴᠠᠭ᠎ᠠ ᠠ᠋ᠴᠠ ᠬᠠᠰᠤᠬᠤ 
       (ᠥᠷᠪᠡ) ᠡᠰᠡᠷᠭᠦᠦ ᠲᠣᠭᠯᠠᠭᠴᠢ ᠳ᠋ᠤ᠌ ᠲᠤᠬᠠᠢ ᠶ᠋ᠢᠨ ᠦᠷᠦᠭ ᠦ᠋ᠨ ᠬᠤᠪᠢ ᠳ᠋ᠤ᠌ ᠬᠠᠮᠤᠭ ᠤ᠋ᠨ ᠠᠰᠢᠭᠲᠠᠢ ᠬᠤᠪᠢ (ᠤᠨᠤᠭ᠎ᠠ) ᠶ᠋ᠢ ᠨᠡᠮᠡᠬᠦ 
       (ᠲᠠᠪᠤ) ᠵᠥᠷᠢᠴᠡᠯ ᠭᠠᠷᠭᠠᠵᠤ ᠪᠠᠢᠭ᠎ᠠ ᠲᠣᠭᠯᠠᠭᠴᠢ ᠶ᠋ᠢᠨ ᠲᠤᠬᠠᠢ ᠶ᠋ᠢᠨ ᠦᠷᠦᠭ ᠲᠦ᠍ ᠥᠭᠬᠦ ᠬᠤᠪᠢ (ᠤᠨᠤᠭ᠎ᠠ) ᠶ᠋ᠢ ᠬᠠᠰᠤᠬᠤ  
       (ᠵᠢᠷᠭᠤᠭ᠎ᠠ) ᠵᠥᠷᠢᠴᠡᠯ ᠭᠠᠷᠭᠠᠭᠰᠠᠨ ᠲᠣᠭᠯᠠᠭᠴᠢ ᠶ᠋ᠢᠨ ᠲᠤᠬᠠᠢ ᠶ᠋ᠢᠨ ᠲᠣᠭᠯᠠᠯᠲᠠ ᠳ᠋ᠤ᠌ ᠢᠯᠠᠭᠳᠠᠭᠰᠠᠨ ᠢ᠋ ᠮᠡᠳᠡᠭᠳᠡᠬᠦ (ᠮᠥᠨ ᠲᠡᠭᠦᠨᠴᠢᠯᠡᠨ ᠥᠷᠢᠰᠦᠯᠳᠦᠭᠴᠢ ᠶ᠋ᠢᠨ ᠬᠤᠪᠢ ᠳ᠋ᠤ᠌ ᠰᠢᠢᠳᠪᠦᠷᠢ ᠭᠠᠷᠭᠠᠨ᠎ᠠ) 
       (ᠳᠣᠯᠣᠭ᠎ᠠ) ᠲᠣᠷᠭᠠᠭᠤᠯᠢ ᠶ᠋ᠢ ᠤᠷᠢᠳᠴᠢᠯᠠᠨ ᠮᠡᠳᠡᠭᠳᠡᠬᠦ 
       (ᠨᠠᠢ᠍ᠮᠠ) ᠵᠠᠷᠢᠮ ᠲᠣᠭᠯᠠᠭᠴᠢ ᠶ᠋ᠢ ᠤᠷᠤᠯᠳᠤᠭᠠᠨ ᠠ᠋ᠴᠠ ᠭᠠᠷᠭᠠᠬᠤ  


           ᠦᠰᠦᠭ ᠠᠮᠢᠯᠠᠭᠤᠯᠤᠭᠴᠢ᠄ ᠲᠡᠭᠷᠢ ᠡᠵᠢ᠂ ᠭᠠᠷᠮ᠎ᠠ᠂ ᠳᠠᠪᠰᠢᠯᠲᠦ᠂ ᠴᠣᠯᠮᠣᠨᠲᠤᠶᠠᠭ᠎ᠠ