ᠰᠢᠳᠢᠲᠦ ᠬᠠᠷᠠᠨᠳᠠShidet kharandaaШидэт харандаа
ᠰᠢᠳᠢᠲᠦ ᠬᠠᠷᠠᠨᠳᠠ
ᠡᠷᠲᠡ ᠤᠷᠢᠳᠤ ᠶ᠋ᠢᠨ ᠴᠠᠭ ᠲᠤ᠌ ᠺᠯᠠᠤᠳᠢ ᠭᠡᠬᠦ ᠵᠢᠵᠢᠭ ᠬᠣᠲᠠ ᠪᠠᠢᠵᠠᠢ ᠭᠡᠨ᠎ᠡ᠃
ᠺᠯᠠᠤᠳᠢ ᠳ᠋ᠤ᠌ ᠠᠯᠪᠤᠷᠲ ᠬᠡᠮᠡᠬᠦ ᠭᠠᠢᠬᠠᠯᠲᠠᠢ ᠵᠢᠷᠤᠭᠠᠴᠢ ᠠᠮᠢᠳᠤᠷᠠᠨ ᠰᠠᠭᠤᠳᠠᠭ ᠪᠠᠢᠵᠠᠢ᠃ ᠠᠯᠪᠤᠷᠲ ᠮᠠᠰᠢ ᠴᠢᠳᠠᠪᠤᠷᠢᠯᠢᠭ ᠵᠢᠷᠤᠭᠠᠴᠢ ᠪᠠᠢᠭᠰᠠᠨ ᠪᠠ ᠬᠥᠮᠦᠰ ᠲᠡᠭᠦᠨ ᠦ᠌ ᠵᠢᠷᠤᠭᠰᠠᠨ ᠵᠢᠷᠤᠭ ᠢ᠋ ᠪᠣᠳᠠᠲᠤ ᠵᠢᠰᠦ ᠲᠡᠢ ᠡᠨᠳᠡᠭᠦᠷᠡᠬᠦ ᠨᠢ ᠣᠯᠠᠨᠲᠠ ᠲᠣᠬᠢᠶᠠᠯᠳᠤᠳᠠᠭ ᠪᠠᠢᠵᠠᠢ᠃
ᠲᠡᠷᠡ ᠪᠡᠷ ᠬᠣᠲᠠ ᠶ᠋ᠢᠨ ᠢ᠋ᠶ᠋ᠡᠨ ᠴᠢᠨᠡᠭᠡᠯᠢᠭ ᠬᠥᠮᠦᠰ ᠦ᠋ᠨ ᠵᠢᠷᠤᠭ ᠢ᠋ ᠵᠢᠷᠤᠵᠤ ᠮᠥᠩᠭᠥ ᠰᠠᠩ ᠣᠯᠳᠠᠭ ᠪᠠᠢᠪᠠ᠃ ᠬᠠᠮᠢᠭ᠎ᠠ ᠶᠠᠪᠤᠭᠰᠠᠨ ᠭᠠᠵᠠᠷ ᠲᠤ᠌ ᠪᠠᠨ ᠵᠣᠳᠣᠩ ᠳᠠᠪᠤᠤ ᠪᠠᠨ ᠠᠪᠴᠤ ᠶᠠᠪᠤᠨ ᠥᠭᠡᠷ᠎ᠡ ᠥᠭᠡᠷ᠎ᠡ ᠭᠠᠵᠠᠷ ᠰᠣᠩᠭᠣᠨ ᠨᠣᠣᠷᠠᠭ ᠵᠢᠷᠤᠭ ᠵᠢᠷᠤᠳᠠᠭ ᠪᠠᠢᠵᠠᠢ᠃ ᠡᠭᠦᠨ ᠳ᠋ᠦ᠍ ᠪᠡᠨ ᠴᠦ᠍ ᠶᠡᠬᠡ ᠰᠠᠢᠨ ᠪᠠᠢᠯ᠎ᠠ᠃ ᠲᠡᠷᠡ ᠪᠡᠷ ᠵᠢᠷᠭᠠᠵᠤ ᠪᠠᠢᠭ᠎ᠠ ᠨᠠᠷᠠ᠂ ᠵᠢᠮᠢᠰ᠂ ᠬᠥᠮᠦᠨ ᠦ᠌ ᠬᠥᠷᠥᠭ ᠢ᠋ ᠪᠣᠳᠠᠲᠤ ᠮᠡᠲᠦ ᠳᠦᠷᠰᠦᠯᠡᠨ ᠵᠢᠷᠤᠳᠠᠭ ᠪᠠᠢᠯ᠎ᠠ᠃ ᠭᠡᠪᠡᠴᠦ ᠺᠯᠠᠤᠳᠢ ᠵᠢᠵᠢᠭ ᠬᠣᠲᠠ ᠪᠠᠢᠭᠰᠠᠨ ᠤᠴᠢᠷ ᠵᠢᠷᠤᠭ ᠤ᠋ᠨ ᠵᠠᠬᠢᠶᠠᠯᠠᠭ᠎ᠠ ᠠᠭᠠᠵᠢᠮ ᠢ᠋ᠶ᠋ᠠᠷ ᠴᠥᠭᠡᠷᠡᠵᠡᠢ ᠃ ᠴᠠᠭ ᠬᠤᠭᠤᠴᠠᠭ᠎ᠠ ᠥᠩᠭᠡᠷᠡᠬᠦ ᠶ᠋ᠢᠨ ᠬᠢᠷᠢ ᠪᠡᠷ ᠠᠵᠢᠯ ᠣᠯᠳᠠᠬᠤ ᠨᠢ ᠬᠣᠪᠣᠷᠳᠠᠵᠤ ᠡᠬᠢᠯᠡᠯ᠎ᠡ᠃
ᠠᠯᠪᠤᠷᠲ ᠤ᠋ᠨ ᠡᠷᠭᠢ ᠳᠡᠭᠡᠷ᠎ᠡ ᠨᠢ ᠣᠴᠢᠵᠤ ᠵᠢᠷᠭᠠᠵᠤ ᠪᠣᠢ ᠨᠠᠷᠠ ᠶ᠋ᠢ ᠵᠢᠷᠤᠳᠠᠭ ᠭᠣᠣᠯ ᠤ᠋ᠨ ᠳᠡᠷᠭᠡᠳᠡ ᠨᠢᠭᠡᠨ ᠨᠢᠳᠦ ᠪᠠᠶᠠᠰᠬᠠᠮ᠎ᠠ ᠮᠣᠳᠣ ᠪᠠᠢᠳᠠᠭ ᠠᠵᠢ᠃ ᠠᠯᠪᠤᠷᠲ ᠲᠡᠷᠡ ᠮᠣᠳᠣᠨ ᠳ᠋ᠤ᠌ ᠬᠠᠢᠷᠠᠲᠠᠢ ᠪᠠᠢᠯ᠎ᠠ᠃ ᠲᠡᠷᠡ ᠪᠡᠷ ᠵᠣᠳᠣᠩ ᠳᠠᠪᠤᠤ ᠳᠡᠭᠡᠷ᠎ᠡ ᠪᠡᠨ ᠤᠭ ᠮᠣᠳᠣ ᠶ᠋ᠢ ᠮᠠᠰᠢ ᠣᠯᠠᠨ ᠤᠳᠠᠭ᠎ᠠ ᠣᠯᠠᠨ ᠶᠠᠩᠵᠤ ᠪᠠᠷ ᠵᠢᠷᠤᠭᠰᠠᠨ ᠬᠡᠳᠦᠢ ᠴᠦ᠍ ᠣᠭᠲᠣᠬᠠᠨ ᠴᠤ᠌ ᠤᠢᠳᠤᠭ᠎ᠠ ᠦᠭᠡᠢ ᠪᠠᠢᠪᠠ᠃ ᠬᠥᠮᠦᠨ ᠲᠡᠢ ᠶᠠᠷᠢᠵᠤ ᠪᠠᠢᠭ᠎ᠠ ᠮᠡᠲᠦ ᠲᠡᠷᠡ ᠮᠣᠳᠣ ᠲᠠᠢ ᠶᠠᠷᠢᠳᠠᠭ ᠪᠠᠢᠵᠠᠢ ᠭᠡᠨ᠎ᠡ᠃
-ᠠᠯᠢᠪ ᠯᠠ ᠳ᠋ᠸ᠂ ᠮᠣᠳᠣ ᠮᠢᠨᠢ᠃ ᠨᠠᠪᠴᠢ ᠪᠠᠨ ᠣᠬᠢᠭᠠᠳ ᠵᠢᠭᠠᠬᠠᠨ ᠳᠡᠯᠭᠡᠭᠡᠴᠢ ᠲᠠ᠃ ᠬᠠ ᠬᠠ ᠬᠠ᠂ ᠵᠠᠷᠢᠮ ᠳ᠋ᠤ᠌ ᠪᠠᠨ ᠴᠢ ᠦᠨᠡᠬᠡᠷ ᠨᠠᠮ᠎ᠠ ᠶ᠋ᠢ ᠰᠣᠨᠣᠰᠴᠤ ᠪᠠᠢᠭ᠎ᠠ ᠮᠡᠲᠦ ᠰᠠᠨᠠᠭᠳᠠᠳᠠᠭ ᠰᠢᠦ᠃
ᠭᠡᠪᠡᠴᠦ ᠠᠯᠪᠤᠷᠲ ᠮᠣᠳᠣᠨ ᠳᠡᠭᠡᠷ᠎ᠡ ᠪᠠᠢᠭ᠎ᠠ ᠨᠢᠭᠡᠨ ᠥᠪᠡᠷ ᠢ᠋ ᠨᠢ ᠦᠷᠭᠦᠯᠵᠢ ᠰᠣᠨᠣᠰᠳᠠᠭ ᠢ᠋᠂ ᠪᠠᠰᠠ ᠵᠢᠷᠤᠭ ᠲᠤ᠌ ᠨᠢ ᠮᠠᠰᠢ ᠶᠡᠬᠡ ᠳᠤᠷᠠᠲᠠᠢ ᠭᠡᠳᠡᠭ ᠢ᠋ ᠮᠡᠳᠡᠳᠡᠭ ᠦᠭᠡᠢ ᠪᠠᠢᠪᠠ᠃ ᠲᠡᠷᠡ ᠪᠣᠯ ᠪᠢᠴᠢᠬᠠᠨ ᠳᠠᠭᠢᠨᠢ ᠫᠢᠺᠢᠯ ᠶᠦ᠍ᠮ᠃ ᠲᠡᠷᠡ ᠮᠣᠳᠣ ᠫᠢᠺᠢᠯ ᠦ᠋ᠨ ᠭᠡᠷ ᠪᠠᠢᠯ᠎ᠠ ᠃ ᠫᠢᠺᠢᠯ ᠮᠠᠰᠢ ᠢᠴᠢᠮᠡᠬᠡᠢ ᠪᠠᠢᠭᠰᠠᠨ ᠪᠠ ᠥᠪᠡᠷ ᠢ᠋ ᠨᠢ ᠰᠡᠷᠢᠭᠦᠴᠡᠭᠦᠯᠵᠦ ᠬᠠᠮᠠᠭᠠᠯᠠᠵᠤ ᠪᠠᠢᠳᠠᠭ ᠮᠣᠳᠣᠨ ᠤ᠋ ᠰᠢᠬᠦᠦ ᠤᠷᠭᠤᠭᠰᠠᠨ ᠨᠣᠭᠣᠭᠠᠨ ᠨᠠᠪᠴᠢᠨ ᠳ᠋ᠤ᠌ ᠶᠡᠬᠡᠳᠡ ᠬᠠᠢᠷᠠᠲᠠᠢ ᠪᠠᠢᠪᠠ᠃
-ᠴᠢ ᠨᠠᠮ᠎ᠠ ᠶ᠋ᠢ ᠰᠣᠨᠣᠰᠴᠤ᠂ ᠨᠠᠳᠠ ᠳ᠋ᠤ᠌ ᠲᠤᠰᠠᠯᠠᠳᠠᠭ ᠴᠤ᠌ ᠪᠠᠢᠭᠰᠠᠨ ᠪᠣᠯᠤᠭᠠᠰᠠᠢ ᠭᠡᠵᠦ ᠦᠨᠡᠬᠡᠷ ᠶᠡᠬᠡ ᠬᠦᠰᠡᠵᠦ ᠪᠠᠢᠨ᠎ᠠ᠃ ᠮᠢᠨᠦ ᠠᠮᠢᠳᠤᠷᠠᠳᠠᠭ ᠬᠣᠲᠠ ᠳ᠋ᠤ᠌ ᠠᠵᠢᠯ ᠣᠯᠳᠠᠬᠤ ᠪᠠᠨ ᠪᠣᠯᠢᠭᠰᠠᠨ᠃ ᠪᠢ ᠡᠨᠳᠡ ᠡᠴᠡ ᠶᠠᠪᠤᠵᠤ ᠥᠭᠡᠷ᠎ᠡ ᠬᠣᠲᠠ ᠳ᠋ᠤ᠌ ᠠᠮᠢᠳᠤᠷᠠᠵᠤ ᠪᠣᠯᠬᠤ ᠴᠤ᠌ ᠭᠡᠷ ᠮᠢᠨᠢ ᠡᠨᠳᠡ ᠪᠠᠢᠨ᠎ᠠ ᠰᠢᠦ ᠳᠡ᠂ ᠪᠢ ᠡᠨᠡ ᠭᠠᠵᠠᠷ ᠢ᠋ ᠣᠷᠬᠢᠵᠤ ᠪᠣᠯᠬᠤ ᠦᠭᠡᠢ᠃ ᠠ᠂ ᠭᠡᠬᠦ ᠳ᠋ᠦ᠍ ᠪᠡᠨ ᠣᠷᠬᠢᠵᠤ ᠶᠠᠪᠤᠬᠤ ᠠ᠋ᠴᠠ ᠥᠭᠡᠷ᠎ᠡ ᠰᠣᠩᠭᠣᠯᠲᠠ ᠨᠠᠳᠠ ᠳ᠋ᠤ᠌ ᠦᠯᠡᠳᠡᠭᠰᠡᠨ ᠦᠭᠡᠢ᠃ ᠮᠢᠨᠦ ᠴᠢᠳᠠᠬᠤ ᠵᠦᠢᠯ ᠪᠣᠯ ᠵᠢᠷᠤᠭ ᠵᠢᠷᠤᠬᠤ᠃ ᠡᠨᠳᠡ ᠮᠢᠨᠦ ᠵᠢᠷᠤᠭ ᠢ᠋ ᠬᠤᠳᠠᠯᠳᠤᠵᠤ ᠠᠪᠬᠤ ᠬᠥᠮᠦᠨ ᠣᠯᠳᠠᠬᠤ ᠦᠭᠡᠢ ᠪᠣᠯ ᠪᠢ ᠥᠭᠡᠷ᠎ᠡ ᠬᠣᠲᠠ ᠤᠷᠤᠭᠤ ᠨᠡᠭᠦᠬᠦ ᠨᠢ ᠵᠥᠪ ᠭᠡᠵᠦ ᠪᠣᠳᠣᠵᠤ ᠪᠠᠢᠨ᠎ᠠ᠃
ᠠᠯᠪᠤᠷᠲ ᠢ᠋ ᠶᠠᠪᠤᠭᠰᠠᠨ ᠤ᠋ ᠳᠠᠷᠠᠭ᠎ᠠ ᠫᠢᠺᠢᠯ ᠭᠤᠨᠢᠭᠯᠠᠨ ᠢᠩᠭᠢᠵᠦ ᠬᠡᠯᠡᠪᠡ᠄ ᠦ᠂ ᠪᠢ ᠲᠡᠭᠦᠨ ᠢ᠋ ᠶᠠᠪᠤᠭᠤᠯᠤᠮᠠᠷ ᠦᠭᠡᠢ ᠪᠠᠢᠨ᠎ᠠ᠃ ᠨᠠᠳᠠ ᠳ᠋ᠤ᠌ ᠲᠡᠭᠦᠨ ᠦ᠌ ᠵᠢᠷᠤᠭ ᠨᠤᠭᠤᠳ ᠲᠠᠭᠠᠯᠠᠭᠳᠠᠳᠠᠭ᠃ ᠲᠡᠷᠡ ᠪᠣᠯ ᠮᠠᠰᠢ ᠡᠶᠡᠯᠳᠡᠭ ᠪᠠᠰᠠ ᠰᠢᠳᠤᠷᠭᠤ ᠬᠥᠮᠦᠨ᠃ ᠲᠡᠭᠦᠨ ᠦ᠌ ᠵᠢᠷᠤᠭ ᠢ᠋ ᠢᠯᠡᠭᠦᠦ ᠣᠯᠠᠨ ᠬᠥᠮᠦᠨ ᠳ᠋ᠦ᠍ ᠵᠠᠷᠯᠠᠬᠤ ᠶ᠋ᠢᠨ ᠲᠤᠯᠠᠳᠠ ᠶᠠᠭᠤ ᠬᠢᠬᠦ ᠶᠣᠰᠣᠲᠠᠢ ᠪᠣᠢ? ᠬᠦᠯᠢᠶᠡᠭᠡᠷᠡᠢ᠂ ᠡᠨᠡ ᠲᠡᠢᠮᠦ ᠴᠦ᠍ ᠴᠢᠬᠤᠯᠠ ᠠᠰᠠᠭᠤᠳᠠᠯ ᠪᠢᠰᠢ᠂ ᠭᠣᠣᠯ ᠠᠰᠠᠭᠤᠳᠠᠯ ᠨᠢ ᠲᠡᠷᠡ ᠶᠡᠬᠡ ᠮᠥᠩᠭᠥ ᠣᠯᠵᠤ ᠴᠢᠳᠠᠬᠤ ᠦᠭᠡᠢ ᠪᠠᠢᠭ᠎ᠠ᠃ ᠪᠢ ᠬᠥᠮᠦᠰ ᠲᠦ᠍ ᠲᠡᠭᠦᠨ ᠦ᠌ ᠵᠢᠷᠤᠭ ᠢ᠋ ᠬᠤᠳᠠᠯᠳᠤᠵᠤ ᠠᠪ ᠭᠡᠵᠦ ᠢᠳᠬᠠᠵᠤ ᠴᠢᠳᠠᠬᠤ ᠦᠭᠡᠢ ᠴᠦ᠍ ᠵᠢᠷᠤᠭᠠᠴᠢ ᠳ᠋ᠤ᠌ ᠬᠦᠰᠡᠵᠦ ᠪᠠᠢᠭ᠎ᠠ ᠵᠦᠢᠯ ᠢ᠋ᠶ᠋ᠡᠨ ᠠᠪᠬᠤ ᠳ᠋ᠤ᠌ ᠨᠢ ᠲᠤᠰᠠᠯᠠᠵᠤ ᠴᠢᠳᠠᠬᠤ ᠶᠤᠮ ᠪᠠᠢᠨ᠎ᠠ᠃
ᠬᠡᠰᠡᠭ ᠪᠣᠳᠣᠭᠰᠠᠨ ᠤ᠋ ᠡᠴᠦᠰ ᠲᠦ᠍ ᠫᠢᠺᠢᠯ ᠮᠣᠳᠣᠨ ᠳᠣᠲᠣᠷ᠎ᠠ ᠪᠠᠷᠢᠭᠰᠠᠨ ᠡᠭᠦᠷ ᠲᠦ᠍ ᠪᠡᠨ ᠣᠷᠣᠨ ᠠᠵᠢᠯ ᠢ᠋ᠶ᠋ᠠᠨ ᠡᠬᠢᠯᠡᠵᠡᠢ ᠭᠡᠨ᠎ᠡ᠃ ᠫᠢᠺᠢᠯ ᠰᠥᠨᠢᠵᠢᠨ ᠵᠣᠭᠰᠣᠯᠲᠠ ᠦᠭᠡᠢ ᠠᠵᠢᠯᠯᠠᠵᠠᠢ᠃
ᠳᠠᠷᠠᠭ᠎ᠠ ᠶ᠋ᠢᠨ ᠡᠳᠦᠷ ᠨᠢ ᠫᠢᠺᠢᠯ ᠦ᠋ᠨ ᠪᠦᠲᠦᠭᠡᠯ ᠪᠡᠯᠡᠨ ᠪᠣᠯᠵᠠᠢ᠃ ᠭᠡᠷᠡᠯᠲᠦᠭᠰᠡᠨ ᠰᠠᠢᠬᠠᠨ ᠬᠠᠷᠠᠨᠳᠠ ᠬᠢᠭᠰᠡᠨ ᠪᠠᠢᠵᠠᠢ ᠭᠡᠨ᠎ᠡ᠃
ᠠ᠂ ᠪᠣᠯᠴᠢᠬᠠᠯ᠎ᠠ᠃ ᠡᠨᠡ ᠠᠯᠪᠤᠷᠲ ᠲᠤ᠌ ᠲᠤᠰᠠᠯᠠᠵᠤ ᠴᠢᠳᠠᠨ᠎ᠠ᠃
ᠡᠳᠦᠷ ᠨᠢ ᠠᠯᠪᠤᠷᠲ ᠵᠤᠷᠰᠢᠯ ᠶᠣᠰᠣᠭᠠᠷ ᠳᠤᠷᠠᠲᠠᠢ ᠮᠣᠳᠣ ᠪᠠᠨ ᠣᠬᠢᠨ ᠨᠢᠭᠡ ᠵᠢᠷᠤᠬᠤ ᠪᠠᠷ ᠢᠷᠡᠪᠡ ᠭᠡᠨ᠎ᠡ᠃ ᠢᠷᠡᠵᠦ ᠶᠠᠪᠤᠭᠠᠳ ᠴᠢᠯᠠᠭᠤᠨ ᠳᠡᠭᠡᠷ᠎ᠡ ᠨᠢᠭᠡᠨ ᠬᠠᠷᠠᠨᠳᠠ ᠪᠠᠢᠬᠤ ᠶ᠋ᠢ ᠬᠠᠷᠠᠯ᠎ᠠ᠃
ᠬᠦ᠂ ᠭᠡᠷᠡᠯᠲᠦᠭᠰᠡᠨ ᠰᠠᠢᠬᠠᠨ ᠬᠠᠷᠠᠨᠳᠠ ᠪᠠᠢᠨ᠎ᠠ᠃ ᠡᠨᠡ ᠪᠣᠯ ᠮᠢᠨᠦ ᠠᠮᠢᠳᠤᠷᠠᠯ ᠳ᠋ᠤ᠌ ᠪᠠᠨ ᠬᠠᠷᠠᠵᠤ ᠪᠠᠢᠭᠰᠠᠨ ᠬᠠᠮᠤᠭ ᠤ᠋ᠨ ᠰᠠᠢᠬᠠᠨ ᠬᠠᠷᠠᠨᠳᠠ᠃ ᠡᠨᠡ ᠬᠠᠷᠠᠨᠳᠠ ᠬᠡᠨ ᠦ᠌ ᠬᠢ ᠶᠦ᠍ᠮ ᠪᠣᠯ? ᠪᠢ ᠳᠤᠷ᠎ᠠ ᠮᠡᠳᠡᠨ ᠠᠪᠴᠤ ᠪᠣᠯᠬᠤ ᠦᠭᠡᠢ ᠪᠠᠢᠬ᠎ᠠ᠂ ᠡᠵᠡᠨ ᠨᠢ ᠬᠠᠷᠠᠨᠳᠠ ᠪᠠᠨ ᠬᠠᠢᠵᠤ ᠪᠠᠢᠭ᠎ᠠ ᠰᠢᠦ ᠲᠠ᠃
ᠠᠯᠪᠤᠷᠲ ᠲᠡᠷᠡ ᠡᠳᠦᠷ ᠳᠤᠷᠠᠲᠠᠢ ᠮᠣᠳᠣ ᠪᠠᠨ ᠵᠢᠷᠤᠯ ᠦᠭᠡᠢ ᠪᠤᠴᠠᠵᠤ ᠶᠠᠪᠤᠯ᠎ᠠ᠃ ᠬᠠᠷᠠᠨᠳᠠ ᠶ᠋ᠢ ᠦᠯᠡᠳᠡᠭᠡᠵᠦ ᠶᠠᠪᠤᠭᠰᠠᠨ ᠳ᠋ᠤ᠌ ᠪᠠᠨ ᠠᠯᠪᠤᠷᠲ ᠰᠡᠳᠬᠢᠯ ᠳᠤᠮᠳᠠᠭᠤᠷ ᠪᠠᠢᠯ᠎ᠠ᠃ ᠭᠡᠬᠦ ᠳ᠋ᠦ᠍ ᠪᠡᠨ ᠲᠡᠷᠡ ᠪᠡᠷ ᠥᠭᠡᠷ᠎ᠡ ᠬᠥᠮᠦᠨ ᠦ᠌ ᠬᠠᠷᠠᠨᠳᠠ ᠭᠡᠵᠦ ᠪᠣᠳᠣᠨ ᠬᠠᠷᠠᠨᠳᠠ ᠶ᠋ᠢ ᠠᠪᠬᠤ ᠦᠭᠡᠢ ᠪᠠᠢᠬᠤ ᠪᠠᠷ ᠰᠢᠢᠳᠴᠡᠢ᠃
ᠳᠠᠷᠠᠭ᠎ᠠ ᠶ᠋ᠢᠨ ᠡᠳᠦᠷ ᠠᠯᠪᠤᠷᠲ ᠳᠤᠷᠠᠲᠠᠢ ᠮᠣᠳᠣ ᠪᠠᠨ ᠵᠢᠷᠤᠬᠤ ᠪᠠᠷ ᠡᠮᠦᠨᠡᠬᠢ ᠡᠴᠡ ᠪᠡᠨ ᠡᠷᠲᠡᠯᠡᠨ ᠣᠴᠢᠵᠠᠢ᠃ ᠴᠢᠯᠠᠭᠤᠨ ᠳᠡᠭᠡᠷ᠎ᠡ ᠪᠠᠢᠭᠰᠠᠨ ᠬᠠᠷᠠᠨᠳᠠ ᠪᠠᠢᠷᠢᠨ ᠳ᠋ᠤ᠌ ᠪᠠᠨ ᠪᠠᠢᠭᠠᠰᠠᠢ ᠭᠡᠮᠡᠨ ᠳᠣᠲᠣᠷ᠎ᠠ ᠪᠠᠨ ᠵᠠᠯᠪᠠᠷᠢᠵᠤ ᠪᠠᠢᠯ᠎ᠠ᠃ ᠬᠠᠷᠠᠨᠳᠠ ᠨᠥᠭᠦᠭᠡ ᠯᠡ ᠭᠠᠵᠠᠷ ᠢ᠋ᠶ᠋ᠠᠨ ᠪᠠᠢᠪᠠ᠃
ᠦ᠂ ᠣᠳᠣ ᠴᠤ᠌ ᠡᠨᠳᠡ ᠪᠡᠨ ᠪᠠᠢᠨ᠎ᠠ ᠰᠢᠦ ᠲᠠ᠂ ᠡᠵᠡᠨ ᠦᠭᠡᠢ ᠬᠠᠷᠠᠨᠳᠠ ᠪᠣᠯᠤᠯᠲᠠᠢ ᠰᠢᠦ᠃ ᠪᠢ ᠡᠨᠡ ᠣᠢ ᠶ᠋ᠢᠨ ᠲᠤᠬᠠᠢ ᠣᠯᠠᠨ ᠳᠣᠮᠣᠭ ᠶᠠᠷᠢᠶ᠎ᠠ ᠰᠣᠨᠣᠰᠤᠭᠰᠠᠨ᠃ ᠳᠣᠮᠣᠭ ᠶᠠᠷᠢᠶ᠎ᠠ ᠦᠨᠡᠨ ᠪᠠᠢᠭᠰᠠᠨ ᠴᠤ᠌ ᠶᠤᠮ ᠪᠢᠯᠡ ᠤᠤ᠂ ᠡᠨᠡ ᠣᠢ ᠷᠢᠳᠢ ᠰᠢᠳᠢ ᠲᠡᠢ ᠭᠡᠳᠡᠭ ᠨᠢ ᠦᠨᠡᠨ ᠪᠠᠢᠬ᠎ᠠ᠃
ᠠᠯᠪᠤᠷᠲ ᠬᠠᠷᠠᠨᠳᠠ ᠶ᠋ᠢ ᠠᠪᠴᠤ ᠵᠢᠷᠤᠵᠤ ᠦᠵᠡᠬᠦ ᠪᠡᠷ ᠰᠢᠢᠳᠪᠡ᠃ ᠵᠣᠲᠣᠩ ᠳᠠᠪᠤᠤ ᠪᠠᠨ ᠭᠠᠷᠭᠠᠨ ᠨᠢᠭᠡᠨ ᠦᠵᠡᠰᠬᠦᠯᠡᠩᠲᠡᠢ ᠨᠠᠪᠴᠢ ᠵᠢᠷᠤᠵᠠᠢ ᠭᠡᠨ᠎ᠡ᠃
ᠡᠨᠡ ᠬᠠᠷᠠᠨᠳᠠ ᠦᠨᠡᠬᠡᠷ ᠶᠡᠷᠦ ᠪᠤᠰᠤ ᠶ᠋ᠢᠨ ᠶᠦ᠍ᠮ᠃ ᠮᠢᠨᠦ ᠵᠢᠷᠤᠭᠰᠠᠨ ᠵᠢᠷᠤᠭ ᠬᠡᠵᠢᠶ᠎ᠡ ᠴᠦ᠍ ᠡᠢᠮᠦ ᠰᠠᠢᠬᠠᠨ ᠬᠠᠷᠠᠭᠳᠠᠵᠤ ᠪᠠᠢᠭ᠎ᠠ ᠦᠭᠡᠢ᠃
ᠬᠦᠯᠢᠶᠡᠭᠡᠷᠡᠢ᠂ ᠶᠠᠭᠤ ᠪᠣᠯᠬᠤ ᠨᠢ ᠡᠨᠡ ᠪᠣᠢ⁈
ᠵᠢᠷᠤᠭᠰᠠᠨ ᠨᠠᠪᠴᠢ ᠨᠢ ᠵᠢᠩᠬᠢᠨᠢ ᠨᠠᠪᠴᠢ ᠪᠣᠯᠪᠠ ᠃ ᠤᠳᠠᠯ ᠦᠭᠡᠢ ᠨᠣᠭᠣᠭᠠᠨ ᠨᠠᠪᠴᠢ ᠴᠠᠭᠠᠰᠤᠨ ᠠ᠋ᠴᠠ ᠰᠠᠯᠤᠨ ᠭᠠᠵᠠᠷ ᠲᠤ᠌ ᠤᠨᠠᠪᠠ ᠭᠡᠨ᠎ᠡ᠃
ᠡᠨᠡ᠂ ᠡᠨᠡ ᠪᠣᠯᠤᠮᠵᠢ ᠲᠠᠢ ᠭᠡᠵᠢ ᠤᠤ⁈
ᠠᠯᠪᠤᠷᠲ ᠪᠣᠯᠭᠣᠮᠵᠢᠲᠠᠢ ᠭᠡᠭᠴᠢ ᠨᠠᠪᠴᠢ ᠶ᠋ᠢ ᠠᠪᠴᠤ ᠳᠡᠷᠭᠡᠳᠡ ᠪᠡᠨ ᠲᠠᠯᠪᠢᠵᠠᠢ᠃
ᠠᠬᠢᠭᠠᠳ ᠨᠢᠭᠡ ᠤᠳᠠᠭ᠎ᠠ ᠲᠤᠷᠰᠢᠵᠤ ᠦᠵᠡᠬᠦ ᠪᠡᠷ ᠰᠢᠢᠳᠴᠦ ᠠᠯᠢᠮ᠎ᠠ ᠵᠢᠷᠤᠵᠤ ᠡᠬᠢᠯᠡᠪᠡ ᠭᠡᠨ᠎ᠡ᠃ ᠵᠢᠷᠤᠵᠤ ᠳᠠᠭᠤᠰᠤᠮᠠᠭᠴᠠ ᠵᠢᠷᠤᠭᠰᠠᠨ ᠠᠯᠢᠮ᠎ᠠ ᠨᠢ ᠵᠢᠩᠬᠢᠨᠢ ᠠᠯᠢᠮ᠎ᠠ ᠪᠣᠯᠵᠠᠢ ᠭᠡᠨ᠎ᠡ᠃
ᠦ᠂ ᠦᠭᠡᠢ ᠪᠠᠢᠯᠭᠦᠢ ᠲᠠ᠂ ᠡᠨᠡ ᠰᠢᠳᠢᠲᠦ ᠬᠠᠷᠠᠨᠳᠠ ᠶᠤᠮ ᠪᠠᠢᠨ᠎ᠠ᠃ ᠪᠢ ᠬᠦᠰᠡᠭᠰᠡᠨ ᠵᠦᠢᠯ ᠢ᠋ᠶ᠋ᠡᠨ ᠵᠢᠷᠤᠬᠤ ᠳ᠋ᠤ᠌ ᠯᠠ ᠪᠣᠯᠤᠨ᠎ᠠ ᠭᠡᠰᠡᠨ ᠦᠭᠡ᠃
ᠠᠯᠪᠤᠷᠲ ᠬᠢᠵᠠᠭᠠᠷ ᠦᠭᠡᠢ ᠶᠡᠬᠡ ᠪᠠᠶᠠᠷᠯᠠᠪᠠ᠃ ᠪᠠᠶᠠᠷᠯᠠᠨ ᠬᠥᠭᠡᠷᠴᠦ ᠭᠡᠷ ᠦ᠋ᠨ ᠵᠦᠭ ᠶᠠᠭᠠᠷᠠᠨ ᠭᠦᠶᠦᠯ᠎ᠡ᠃
ᠠᠯᠪᠤᠷᠲ ᠤ᠋ᠨ ᠶᠠᠪᠤᠬᠤ ᠶ᠋ᠢ ᠬᠠᠷᠠᠨ ᠵᠣᠭᠰᠣᠭᠰᠠᠨ ᠫᠢᠺᠢᠯ ᠠᠪᠢᠶᠠᠰᠯᠢᠭ ᠨᠠᠢᠵᠠ ᠳ᠋ᠤ᠌ ᠪᠠᠨ ᠲᠤᠰᠠᠯᠠᠭᠰᠠᠨ ᠳ᠋ᠤ᠌ ᠪᠠᠨ ᠪᠠᠶᠠᠷᠲᠠᠢ ᠪᠠᠢᠯ᠎ᠠ᠃ ᠫᠢᠺᠢᠯ ᠵᠥᠪ ᠵᠦᠢᠯ ᠬᠢᠭᠰᠡᠨ ᠭᠡᠳᠡᠭ ᠲᠦ᠍ ᠪᠡᠨ ᠢᠲᠡᠭᠡᠯ ᠲᠡᠢ ᠪᠠᠢᠯ᠎ᠠ᠃ ᠠᠯᠪᠤᠷᠲ ᠰᠢᠳᠢᠲᠦ ᠬᠠᠷᠠᠨᠳᠠ ᠪᠠᠨ ᠵᠥᠪ ᠵᠦᠢᠯ ᠳ᠋ᠦ᠍ ᠠᠰᠢᠭᠯᠠᠨ᠎ᠠ ᠭᠡᠵᠦ ᠢᠲᠡᠭᠡᠵᠦ ᠪᠠᠢᠯ᠎ᠠ᠃
ᠠᠯᠪᠤᠷᠲ ᠭᠡᠷ ᠲᠦ᠍ ᠪᠡᠨ ᠢᠷᠡᠨ ᠵᠣᠳᠣᠩ ᠳᠠᠪᠤᠤ ᠪᠠᠨ ᠪᠡᠯᠡᠳᠪᠡ ᠭᠡᠨ᠎ᠡ᠃ ᠲᠡᠷᠡ ᠪᠡᠷ ᠬᠦᠰᠡᠭᠰᠡᠨ ᠪᠦᠬᠦᠨ ᠢ᠋ᠶ᠋ᠡᠨ ᠵᠢᠷᠤᠬᠤ ᠪᠠᠷ ᠶᠠᠭᠠᠷᠠᠨ ᠳᠣᠭᠳᠣᠯᠵᠤ ᠪᠠᠢᠪᠠ᠃ ᠬᠠᠮᠤᠭ ᠤ᠋ᠨ ᠲᠦᠷᠦᠭᠦᠨ ᠳ᠋ᠦ᠍ ᠠᠮᠲᠠᠲᠠᠢ ᠬᠣᠭᠣᠯᠠ ᠵᠢᠷᠤᠬᠤ ᠪᠠᠷ ᠰᠢᠢᠳᠴᠡᠢ ᠭᠡᠨ᠎ᠡ᠃ ᠮᠠᠩᠭᠣ ᠵᠢᠮᠢᠰ ᠵᠢᠷᠤᠬᠤ ᠵᠢᠷᠤᠬᠤ ᠭᠡᠰᠡᠨ ᠪᠣᠯᠪᠠᠴᠤ ᠬᠡᠲᠦᠷᠬᠡᠢ ᠶᠠᠭᠠᠷᠠᠭᠰᠠᠨ ᠳ᠋ᠤ᠌ ᠪᠠᠨ ᠪᠥᠭᠡᠷᠡᠩᠬᠡᠢ ᠳᠦᠷᠰᠦ ᠵᠢᠷᠤᠵᠤ ᠣᠷᠬᠢᠪᠠ ᠭᠡᠨ᠎ᠡ᠃ ᠶᠠᠭᠤ ᠴᠤ᠌ ᠪᠣᠯᠤᠭᠰᠠᠨ ᠦᠭᠡᠢ᠃ ᠵᠢᠷᠤᠭᠰᠠᠨ ᠵᠢᠷᠤᠭ ᠢ᠋ᠶ᠋ᠠᠨ ᠪᠠᠯᠠᠯᠤᠨ ᠠᠬᠢᠨ ᠵᠢᠷᠤᠵᠤ ᠡᠬᠢᠯᠡᠵᠡᠢ᠃ ᠭᠡᠪᠡᠴᠦ ᠳᠣᠭᠳᠣᠯᠤᠭᠰᠠᠨ ᠬᠡᠪ ᠢ᠋ᠶ᠋ᠡᠷ ᠪᠠᠢᠭᠰᠠᠨ ᠤᠴᠢᠷ ᠮᠠᠩᠭᠣ ᠪᠤᠰᠤ ᠮᠤᠷᠤᠢ ᠰᠠᠷᠤᠢ ᠵᠢᠷᠤᠭ ᠤ᠋ᠨ ᠳᠦᠷᠰᠦ ᠵᠢᠷᠤᠴᠢᠬᠠᠵᠠᠢ᠃ ᠣᠭᠢᠭᠠᠳ ᠯᠠ ᠶᠠᠭᠤ ᠴᠤ᠌ ᠪᠣᠯᠤᠭᠰᠠᠨ ᠦᠭᠡᠢ᠃
ᠥᠪᠡᠷ ᠢ᠋ ᠪᠡᠨ ᠲᠠᠢᠪᠤᠰᠢᠷᠠᠭᠤᠯᠤᠭᠰᠠᠨ ᠤ᠋ ᠳᠠᠷᠠᠭ᠎ᠠ ᠪᠠᠷ ᠠᠯᠪᠤᠷᠲ ᠠᠬᠢᠨ ᠵᠢᠷᠤᠵᠤ ᠡᠬᠢᠯᠡᠪᠡ ᠃ ᠡᠨᠡ ᠤᠳᠠᠭ᠎ᠠ ᠳ᠋ᠤ᠌ ᠠᠯᠪᠤᠷᠲ ᠲᠡᠪᠴᠢᠶᠡᠷᠢ ᠲᠡᠢ ᠪᠠᠢᠵᠤ ᠠᠪᠢᠶᠠᠰ ᠢ᠋ᠶ᠋ᠠᠨ ᠭᠠᠷᠭᠠᠨ ᠮᠠᠩᠭᠣ ᠵᠢᠷᠤᠵᠠᠢ᠃ ᠲᠡᠷᠡ ᠳᠠᠷᠤᠢ ᠳ᠋ᠤ᠌ ᠮᠠᠩᠭᠣ ᠪᠣᠳᠠᠲᠤ ᠪᠣᠯᠪᠠ᠃
ᠠ᠂ ᠣᠢᠯᠠᠭᠠᠯ᠎ᠠ᠃ ᠡᠨᠡ ᠬᠠᠷᠠᠨᠳᠠ ᠵᠣᠳᠣᠩ ᠳᠠᠪᠤᠤ ᠳᠡᠭᠡᠷ᠎ᠡ ᠶᠠᠭᠠᠷᠠᠯ ᠦᠭᠡᠢ ᠲᠡᠭᠦᠰ ᠵᠢᠷᠤᠭᠰᠠᠨ ᠦᠶ᠎ᠡ ᠳ᠋ᠦ᠍ ᠯᠡ ᠰᠢᠳᠢ ᠪᠡᠨ ᠭᠠᠷᠭᠠᠳᠠᠭ ᠪᠠᠢᠬᠤ ᠨᠢ ᠠ᠋᠃
ᠡᠩ ᠁
ᠠᠯᠪᠤᠷᠲ ᠰᠢᠳᠢᠲᠦ ᠬᠠᠷᠠᠨᠳᠠ ᠶ᠋ᠢ ᠵᠥᠪᠬᠡᠨ ᠥᠪᠡᠷ ᠲᠦ᠍ ᠨᠢ ᠵᠣᠷᠢᠭᠤᠯᠵᠤ ᠣᠨᠴᠠᠭᠠᠢᠯᠠᠨ ᠬᠢᠭᠰᠡᠨ ᠭᠡᠳᠡᠭ ᠢ᠋ ᠮᠡᠳᠡᠭᠡ ᠦᠭᠡᠢ ᠪᠠᠢᠯ᠎ᠠ᠃ ᠬᠣᠲᠠ ᠳ᠋ᠤ᠌ ᠠᠮᠢᠳᠤᠷᠠᠳᠠᠭ ᠣᠷᠣᠰᠢᠨ ᠰᠠᠭᠤᠭᠴᠢᠳ ᠤ᠋ᠨ ᠨᠢᠭᠡ ᠨᠢ ᠴᠦ᠍ ᠠᠯᠪᠤᠷᠲ ᠰᠢᠭ᠋ ᠲᠡᠭᠦᠰ ᠵᠢᠷᠤᠵᠤ ᠴᠢᠳᠠᠬᠤ ᠦᠭᠡᠢ᠃ ᠫᠢᠺᠢᠯ ᠡᠭᠦᠨ ᠢ᠋ ᠮᠡᠳᠡᠵᠦ ᠪᠠᠢᠯ᠎ᠠ᠃ ᠲᠡᠢᠮᠦ ᠡᠴᠡ ᠬᠠᠷᠠᠨᠳᠠ ᠶ᠋ᠢ ᠬᠡᠨ ᠴᠦ᠍ ᠠᠯᠪᠤᠷᠲ ᠠ᠋ᠴᠠ ᠬᠤᠯᠠᠭᠠᠢᠯᠠᠵᠤ᠂ ᠬᠤᠯᠠᠭᠠᠢᠯᠠᠭᠰᠠᠨ ᠴᠤ᠌ ᠠᠰᠢᠭᠯᠠᠵᠤ ᠴᠢᠳᠠᠬᠤ ᠦᠭᠡᠢ ᠪᠠᠢᠬᠤ ᠪᠠᠷ ᠪᠣᠳᠣᠨ ᠬᠢᠭᠰᠡᠨ ᠪᠠᠢᠨ᠎ᠠ᠃ ᠮᠥᠨ ᠫᠢᠺᠢᠯ ᠠᠯᠪᠤᠷᠲ ᠢ᠋ ᠰᠢᠳᠢᠲᠦ ᠬᠠᠷᠠᠨᠳᠠ ᠪᠠᠷ ᠢ᠋ᠶ᠋ᠠᠨ ᠵᠢᠷᠤᠵᠤ ᠪᠠᠢᠬᠤ ᠦᠶ᠎ᠡ ᠳ᠋ᠦ᠍ ᠪᠡᠨ ᠦᠷᠭᠦᠯᠵᠢ ᠲᠠᠢᠪᠤᠩ ᠪᠠᠢᠭᠠᠰᠠᠢ ᠭᠡᠵᠦ ᠬᠦᠰᠡᠵᠡᠢ᠃ ᠶᠠᠮᠠᠷ ᠴᠤ᠌ ᠦᠶ᠎ᠡ ᠳ᠋ᠦ᠍ ᠲᠠᠢᠪᠤᠩ ᠪᠠᠢᠬᠤ ᠨᠢ ᠬᠠᠮᠤᠭ ᠠ᠋ᠴᠠ ᠴᠢᠬᠤᠯᠠ ᠪᠣᠯᠬᠤ ᠶ᠋ᠢ ᠲᠡᠷᠡ ᠪᠡᠷ ᠮᠡᠳᠡᠳᠡᠭ ᠪᠠᠢᠯ᠎ᠠ᠃
ᠰᠢᠳᠢᠲᠦ ᠬᠠᠷᠠᠨᠳᠠ ᠶ᠋ᠢ ᠬᠡᠷᠬᠢᠨ ᠠᠰᠢᠭᠯᠠᠬᠤ ᠶ᠋ᠢ ᠣᠢᠯᠠᠭᠠᠭᠰᠠᠨ ᠠᠯᠪᠤᠷᠲ ᠢ᠋ ᠵᠣᠭᠰᠣᠭᠠᠵᠤ ᠴᠢᠳᠠᠬᠤ ᠶᠠᠭᠤ ᠴᠤ᠌ ᠪᠠᠢᠭᠰᠠᠨ ᠦᠭᠡᠢ᠃ ᠦᠷᠭᠦᠯᠵᠢ ᠮᠥᠷᠥᠭᠡᠳᠳᠡᠭ ᠪᠠᠢᠭᠰᠠᠨ ᠪᠦᠬᠦᠨ ᠢ᠋ᠶ᠋ᠡᠨ ᠵᠢᠷᠤᠵᠤ ᠡᠬᠢᠯᠡᠵᠡᠢ᠃ ᠠᠮᠲᠠᠲᠠᠢ ᠬᠣᠭᠣᠯᠠ᠂ ᠲᠠᠷᠢᠶ᠎ᠠ᠂ ᠬᠤᠪᠴᠠᠰᠤ ᠂ ᠪᠠᠢᠰᠢᠩ ᠢ᠋ᠶ᠋ᠠᠨ ᠴᠢᠮᠡᠭᠯᠡᠬᠦ ᠡᠷᠲᠡᠨ ᠦ᠌ ᠡᠳ᠋ᠯᠡᠯ᠃ ᠵᠢᠷᠤᠭ ᠢ᠋ᠶ᠋ᠠᠨ ᠥᠩᠭᠡ ᠣᠷᠣᠭᠤᠯᠬᠤ ᠶ᠋ᠢᠨ ᠲᠤᠯᠠᠳᠠ ᠣᠯᠠᠨ ᠥᠩᠭᠡ ᠶ᠋ᠢᠨ ᠪᠣᠳᠣᠭ ᠠᠰᠢᠭᠯᠠᠳᠠᠭ ᠪᠠᠢᠭᠰᠠᠨ ᠪᠠ ᠡᠳᠦᠷ ᠪᠦᠷᠢ ᠰᠢᠨᠡᠬᠡᠨ ᠴᠡᠴᠡᠭ ᠵᠢᠷᠤᠳᠠᠭ ᠪᠠᠢᠪᠠ᠃
ᠲᠠᠪᠠ ᠲᠤᠬᠠᠲᠠᠢ ᠠᠮᠢᠳᠤᠷᠠᠯ ᠢ᠋ᠶ᠋ᠠᠨ ᠴᠣᠭᠴᠠᠯᠠᠵᠤ ᠴᠢᠳᠠᠭᠰᠠᠨ ᠠᠯᠪᠤᠷᠲ ᠶᠡᠬᠡᠳᠡ ᠪᠠᠶᠠᠷᠲᠠᠢ ᠪᠠᠢᠯ᠎ᠠ᠃ ᠭᠡᠲᠡᠯ᠎ᠡ ᠤᠳᠠᠯ ᠦᠭᠡᠢ ᠠᠮᠢᠳᠤᠷᠠᠯ ᠨᠢ ᠬᠡᠲᠦᠷᠬᠡᠢ ᠲᠤᠬᠠᠲᠠᠢ ᠪᠣᠯᠵᠠᠢ ᠭᠡᠨ᠎ᠡ᠃
ᠣᠳᠣ ᠶᠠᠭᠠᠬᠢᠬᠤᠪ᠂ ᠪᠢ ᠬᠦᠰᠡᠭᠰᠡᠨ ᠪᠦᠬᠦᠨ ᠢ᠋ᠶ᠋ᠡᠨ ᠥᠪᠡᠷ ᠦ᠋ᠨ ᠪᠣᠯᠭᠠᠭᠰᠠᠨ᠃ ᠰᠢᠳᠢᠲᠦ ᠬᠠᠷᠠᠨᠳᠠ ᠪᠠᠷ ᠢ᠋ᠶ᠋ᠠᠨ ᠥᠭᠡᠷ᠎ᠡ ᠶᠠᠭᠤ ᠬᠢᠵᠦ ᠪᠣᠯᠬᠤ ᠪᠣᠢ? ᠡᠩ᠃᠃ ᠬᠣᠲᠠ ᠶ᠋ᠢᠨ ᠢᠷᠭᠡᠳ ᠲᠦ᠍ ᠲᠤᠰᠠᠯᠠᠵᠤ ᠪᠣᠯᠬᠤ ᠶᠤᠮ ᠪᠠᠢᠨ᠎ᠠ᠃ ᠪᠢ ᠲᠡᠳᠡᠨ ᠳ᠋ᠦ᠍ ᠬᠡᠷᠡᠭᠲᠡᠢ ᠪᠦᠬᠦᠨ ᠢ᠋ ᠨᠢ ᠵᠢᠷᠤᠵᠤ ᠴᠢᠳᠠᠨ᠎ᠠ᠃
ᠡᠢᠨ ᠬᠦ᠌ ᠠᠯᠪᠤᠷᠲ ᠬᠣᠲᠠ ᠳ᠋ᠤ᠌ ᠠᠮᠢᠳᠤᠷᠠᠳᠠᠭ ᠳᠣᠲᠣᠨᠣ ᠶ᠋ᠢᠨ ᠨᠠᠢᠵᠠ ᠨᠤᠭᠤᠳ ᠳᠡᠭᠡᠷ᠎ᠡ ᠪᠡᠨ ᠣᠴᠢᠨ ᠪᠦᠭᠦᠳᠡ ᠶ᠋ᠢ ᠲᠠᠢᠯᠪᠤᠷᠢᠯᠠᠵᠠᠢ ᠭᠡᠨ᠎ᠡ᠃
ᠡᠬᠢᠨ ᠳ᠋ᠦ᠍ ᠪᠡᠨ ᠬᠡᠨ ᠴᠦ᠍ ᠠᠯᠪᠤᠷᠲ ᠲᠤ᠌ ᠢᠲᠡᠭᠡᠭᠰᠡᠨ ᠦᠭᠡᠢ᠃
-ᠪᠣᠯᠢᠵᠤ ᠦᠵᠡ᠂ ᠴᠢ ᠬᠢᠬᠦ ᠶᠠᠭᠤᠮ᠎ᠠ ᠦᠭᠡᠢ ᠪᠣᠯᠤᠭᠠᠳ ᠳᠡᠮᠡᠢ ᠶᠠᠭᠤᠮ᠎ᠠ ᠶᠠᠷᠢᠳᠠᠭ ᠪᠣᠯᠤᠭ᠎ᠠ ᠤᠤ ᠳᠠ?
-ᠬᠡ ᠬᠡ ᠬᠡ᠂ ᠲᠡᠢᠮᠦ ᠰᠢᠦ᠂ ᠴᠢ ᠬᠢᠬᠦ ᠶᠠᠭᠤᠮ᠎ᠠ ᠪᠠᠨ ᠣᠯᠵᠤ ᠶᠠᠳᠠᠭᠰᠠᠨ ᠳ᠋ᠤ᠌ ᠪᠠᠨ ᠯᠠ ᠦᠯᠢᠭᠡᠷ ᠶᠠᠷᠢᠳᠠᠭ ᠪᠣᠯᠵᠠᠢ ᠲᠧ᠃
ᠡᠨᠡ ᠦᠯᠢᠭᠡᠷ ᠪᠢᠰᠢ᠂ ᠬᠠᠷᠠᠵᠤ ᠪᠠᠢ᠃ ᠪᠢ ᠲᠠ ᠨᠠᠷ ᠲᠤ᠌ ᠬᠠᠷᠠᠭᠤᠯᠤᠶ᠎ᠠ᠃
ᠠᠯᠪᠤᠷᠲ ᠨᠠᠢᠵᠠ ᠳ᠋ᠤ᠌ ᠨᠢ ᠶᠡᠬᠡ ᠤᠷᠭᠤᠴᠠ ᠬᠤᠷᠢᠶᠠᠬᠤ ᠳ᠋ᠤ᠌ ᠲᠤᠰᠠᠯᠠᠬᠤ ᠲᠷᠠᠺᠲ᠋ᠣᠷ ᠬᠡᠷᠡᠭᠲᠡᠢ ᠪᠠᠢᠭ᠎ᠠ ᠶ᠋ᠢ ᠮᠡᠳᠡᠳᠡᠭ ᠪᠠᠢᠪᠠ᠃ ᠮᠥᠩᠭᠥ ᠪᠠᠭ᠎ᠠ ᠲᠠᠢ ᠠ᠋ᠴᠠ ᠪᠣᠯᠵᠤ ᠨᠠᠢᠵᠠ ᠨᠢ ᠲᠷᠠᠺᠲ᠋ᠣᠷ ᠠᠪᠴᠤ ᠴᠢᠳᠠᠬᠤ ᠦᠭᠡᠢ ᠪᠠᠢᠵᠠᠢ᠃
ᠠᠯᠪᠤᠷᠲ ᠵᠣᠳᠣᠩ ᠳᠠᠪᠤᠤ ᠪᠠᠨ ᠭᠠᠷᠭᠠᠨ ᠢᠷᠡᠵᠦ ᠶᠠᠭᠠᠷᠠᠵᠤ ᠲᠡᠪᠡᠳᠡᠯ ᠦᠭᠡᠢ ᠲᠷᠠᠺᠲ᠋ᠣᠷ ᠵᠢᠷᠤᠪᠠ᠃
ᠵᠠ᠂ ᠬᠥᠮᠦᠰ ᠠ᠋᠂ ᠪᠦᠭᠦᠳᠡᠭᠡᠷ ᠢ᠋ᠶ᠋ᠡᠨ ᠭᠡᠳᠡᠷᠭᠦ ᠪᠡᠨ ᠪᠤᠯᠵᠠᠭᠠᠨ᠎ᠠ ᠤᠤ?
ᠲᠡᠷᠡ ᠳᠠᠷᠤᠢ ᠳ᠋ᠤ᠌ ᠲᠡᠳᠡᠨ ᠦ᠌ ᠡᠮᠦᠨ᠎ᠡ ᠨᠢᠭᠡᠨ ᠲᠷᠠᠺᠲ᠋ᠣᠷ ᠭᠠᠷᠴᠤ ᠢᠷᠡᠬᠦ ᠨᠢ ᠲᠡᠷᠡ᠃ ᠬᠥᠮᠦᠰ ᠠᠯᠪᠤᠷᠲ ᠢ᠋ ᠭᠠᠷ ᠳᠡᠭᠡᠷ᠎ᠡ ᠪᠡᠨ ᠡᠷᠭᠦᠨ ᠪᠠᠶᠠᠷᠯᠠᠪᠠ ᠭᠡᠨ᠎ᠡ᠃
ᠳᠠᠷᠠᠭ᠎ᠠ ᠡᠳᠦᠷ ᠡᠴᠡ ᠨᠢ ᠡᠬᠢᠯᠡᠨ ᠠᠯᠪᠤᠷᠲ ᠣᠯᠠᠨ ᠬᠥᠮᠦᠨ ᠳ᠋ᠦ᠍ ᠲᠤᠰᠠ ᠪᠣᠯᠵᠠᠢ᠃ ᠥᠪᠡᠷ ᠲᠦ᠍ ᠣᠯᠳᠠᠭᠰᠠᠨ ᠪᠡᠯᠡᠭ ᠢ᠋ ᠣᠭᠲᠣᠬᠠᠨ ᠴᠤ᠌ ᠡᠷᠡᠭᠡᠯᠵᠡᠯ ᠦᠭᠡᠢ ᠪᠤᠰᠤᠳ ᠲᠠᠢ ᠬᠤᠪᠢᠶᠠᠯᠴᠠᠵᠤ ᠪᠠᠢᠯ᠎ᠠ᠃ ᠺᠯᠠᠤᠳᠢ ᠶ᠋ᠢᠨ ᠠᠷᠠᠳ ᠢᠷᠭᠡᠳ ᠰᠠᠢᠬᠠᠨ ᠰᠡᠳᠬᠢᠯ ᠲᠡᠢ ᠬᠥᠳᠡᠯᠮᠦᠷᠢᠴᠢ ᠬᠥᠮᠦᠰ ᠪᠠᠢᠪᠠ᠃ ᠬᠡᠨ ᠴᠦ᠍ ᠥᠪᠡᠷ ᠲᠦ᠍ ᠨᠢ ᠬᠡᠷᠡᠭ ᠦᠭᠡᠢ ᠵᠦᠢᠯ ᠢ᠋ ᠲᠡᠭᠦᠨ ᠡᠴᠡ ᠭᠤᠶᠤᠭᠰᠠᠨ ᠦᠭᠡᠢ᠃
ᠬᠡᠳᠦᠨ ᠡᠳᠦᠷ ᠦ᠋ᠨ ᠳᠠᠷᠠᠭ᠎ᠠ ᠨᠢᠭᠡᠨ ᠵᠢᠭᠤᠯᠴᠢᠨ ᠬᠣᠲᠠ ᠳ᠋ᠤ᠌ ᠢᠷᠡᠯ᠎ᠡ᠃ ᠵᠢᠭᠤᠯᠴᠢᠨ ᠠᠯᠬᠤᠵᠤ ᠶᠠᠪᠤᠭᠠᠳ ᠺᠯᠠᠤᠳᠢ ᠶ᠋ᠢᠨ ᠢᠷᠭᠡᠳ ᠨᠢᠭᠡ ᠯᠡ ᠥᠭᠡᠷ᠎ᠡ ᠪᠠᠢᠭ᠎ᠠ ᠶ᠋ᠢ ᠠᠩᠵᠠᠭᠠᠷᠠᠵᠠᠢ ᠭᠡᠨ᠎ᠡ᠃ ᠵᠢᠵᠢᠭ ᠬᠣᠲᠠ ᠶ᠋ᠢᠨ ᠠᠷᠠᠳ ᠢᠷᠭᠡᠳ ᠪᠦᠭᠦᠳᠡ ᠠᠵᠠ ᠵᠢᠷᠭᠠᠯ ᠲᠠᠢ ᠠᠵᠤ ᠲᠥᠷᠥᠵᠦ ᠪᠠᠢᠭ᠎ᠠ ᠨᠢ ᠬᠠᠷᠠᠭᠳᠠᠪᠠ ᠭᠡᠨ᠎ᠡ᠃ ᠶᠠᠭᠤ ᠪᠣᠯᠤᠭᠰᠠᠨ ᠢ᠋ ᠠᠰᠠᠭᠤᠬᠤ ᠪᠠᠷ ᠰᠢᠢᠳᠪᠡ᠃
ᠵᠢᠭᠤᠯᠴᠢᠨ ᠰᠠᠢᠬᠠᠨ ᠰᠡᠳᠬᠢᠯᠲᠦ ᠺᠯᠠᠤᠳᠢ ᠶ᠋ᠢᠨ ᠠᠷᠠᠳ ᠢᠷᠭᠡᠳ ᠡᠴᠡ ᠶᠠᠭᠤ ᠪᠣᠯᠤᠭᠰᠠᠨ ᠢ᠋ ᠠᠰᠠᠭᠤᠬᠤ ᠳ᠋ᠤ᠌ ᠲᠡᠳᠡ ᠵᠢᠭᠤᠯᠴᠢᠨ ᠳ᠋ᠤ᠌ ᠪᠦᠭᠦᠳᠡ ᠶ᠋ᠢ ᠬᠡᠯᠡᠵᠡᠢ᠃
ᠰᠢᠳᠢᠲᠦ ᠬᠠᠷᠠᠨᠳᠠ ᠭᠡᠨ᠎ᠡ⁈ ᠦᠨᠡᠨ ᠭᠡᠵᠢ ᠤᠤ? ᠪᠢ ᠲᠡᠷᠡ ᠵᠢᠷᠤᠭᠠᠴᠢ ᠲᠠᠢ ᠶᠠᠭᠠᠷᠠᠯ ᠲᠠᠢ ᠠᠭᠤᠯᠵᠠᠬᠤ ᠬᠡᠷᠡᠭᠲᠡᠢ ᠶᠦ᠍ᠮ ᠪᠠᠢᠨ᠎ᠠ᠃
ᠵᠢᠭᠤᠯᠴᠢᠨ ᠰᠢᠨᠤᠯ ᠲᠠᠢ ᠡᠷ᠎ᠡ ᠪᠠᠢᠯ᠎ᠠ᠃ ᠲᠡᠷᠡ ᠪᠡᠷ ᠮᠣᠳᠣᠨ ᠤ᠋ ᠠᠷᠤ ᠳ᠋ᠤ᠌ ᠨᠢᠭᠤᠭᠳᠠᠨ ᠠᠯᠪᠤᠷᠲ ᠢ᠋ ᠬᠠᠷᠠᠭᠰᠠᠨ ᠳᠠᠷᠤᠢ ᠳ᠋ᠤ᠌ ᠪᠠᠨ ᠠᠷᠤ ᠠ᠋ᠴᠠ ᠨᠢ ᠰᠡᠮᠬᠡᠨ ᠪᠠᠷᠢᠪᠠ᠃
-ᠠ᠋᠂ ᠲᠠ ᠬᠡᠨ ᠪᠣᠢ?
-ᠠᠮᠠ ᠪᠠᠨ ᠬᠠᠮᠬᠢ᠂ ᠨᠠᠮ᠎ᠠ ᠶ᠋ᠢ ᠰᠣᠨᠣᠰ᠃ ᠨᠠᠳᠠ ᠳ᠋ᠤ᠌ ᠡᠳᠦᠷᠵᠢᠨ ᠴᠢᠮ᠎ᠠ ᠲᠠᠢ ᠵᠢᠭᠤᠷᠠᠯᠳᠤᠬᠤ ᠴᠠᠭ ᠪᠠᠢᠬᠤ ᠦᠭᠡᠢ᠃ ᠬᠤᠷᠳᠤᠯᠠ! ᠨᠠᠳᠠ ᠳ᠋ᠤ᠌ ᠲᠥᠷᠥᠯ ᠪᠦᠷᠢ ᠶ᠋ᠢᠨ ᠦᠨᠡᠲᠦ ᠴᠢᠯᠠᠭᠤ᠂ ᠪᠠᠰᠠ ᠦᠨᠡᠲᠦ ᠴᠢᠯᠠᠭᠤ ᠪᠠᠨ ᠬᠢᠬᠦ ᠰᠢᠭᠤᠳᠠᠢ ᠵᠢᠷᠤᠭᠠᠳ ᠠᠯᠢ᠂ ᠲᠦᠷᠭᠡᠯᠡ!
ᠠᠯᠪᠤᠷᠲ ᠬᠠᠷᠠᠨᠳᠠ ᠪᠠᠨ ᠭᠠᠷᠭᠠᠨ ᠵᠢᠷᠤᠵᠤ ᠡᠬᠢᠯᠡᠪᠡ᠃ ᠭᠡᠪᠡᠴᠦ ᠶᠡᠬᠡ ᠠᠶᠤᠭᠰᠠᠨ ᠪᠠᠢᠭᠰᠠᠨ ᠤᠴᠢᠷ ᠠ᠋ᠴᠠ ᠴᠢᠯᠠᠭᠤ ᠵᠢᠷᠤᠬᠤ ᠠᠴᠠ ᠥᠭᠡᠷ᠎ᠡ ᠶ᠋ᠢ ᠴᠢᠳᠠᠭᠰᠠᠨ ᠦᠭᠡᠢ᠃
-ᠡᠨᠡ ᠴᠢᠨᠢ ᠶᠠᠭᠤ ᠶᠤᠮ ᠪᠣᠢ? ᠨᠠᠳᠠ ᠪᠠᠷ ᠲᠣᠭᠯᠠᠭᠠᠮ ᠬᠢᠵᠦ ᠵᠢᠷᠦᠬᠡᠯᠡᠨ᠎ᠡ ᠭᠡᠨ᠎ᠡ⁈ ᠬᠣᠯᠠᠳᠠ᠂ ᠪᠢ ᠥᠪᠡᠷ ᠦ᠋ᠨ ᠭᠠᠷ ᠢ᠋ᠶ᠋ᠠᠷ ᠢ᠋ᠶ᠋ᠠᠨ ᠭᠢᠯᠲᠠᠭᠠᠨᠠᠭᠰᠠᠨ ᠠᠯᠲᠠᠨ ᠭᠢᠨᠵᠢ ᠵᠢᠷᠤᠬᠤ ᠪᠣᠯᠤᠨ᠎ᠠ᠃
ᠵᠢᠭᠤᠯᠴᠢᠨ ᠵᠢᠷᠤᠭᠠᠴᠢ ᠪᠢᠰᠢ ᠪᠠᠢᠯ᠎ᠠ᠃ ᠦᠨᠡᠨ ᠳ᠋ᠦ᠍ ᠪᠡᠨ ᠲᠡᠷᠡ ᠪᠡᠷ ᠮᠠᠰᠢ ᠮᠠᠭᠤ ᠵᠢᠷᠤᠳᠠᠭ ᠪᠠᠢᠪᠠ᠃ ᠠᠯᠲᠠᠨ ᠭᠢᠨᠵᠢ ᠵᠢᠷᠤᠭᠰᠠᠨ ᠭᠡᠵᠦ ᠪᠤᠳᠤᠲᠠᠯ᠎ᠠ᠂ ᠦ᠂ ᠭᠢᠯᠲᠦᠭᠡᠨᠡᠭᠰᠡᠨ ᠮᠣᠭᠠᠢ ᠭᠠᠷᠴᠤ ᠢᠷᠡᠪᠡ ᠭᠡᠨ᠎ᠡ᠃
ᠠ᠋᠂ ᠲᠤᠰᠠᠯᠠᠭᠠᠷᠠᠢ!
ᠵᠢᠭᠤᠯᠴᠢᠨ ᠮᠣᠭᠠᠢ ᠠ᠋ᠴᠠ ᠵᠢᠭᠤᠲᠠᠬᠤ ᠭᠡᠵᠦ ᠤᠷᠤᠯᠳᠤᠵᠤ ᠪᠠᠢᠬᠤ ᠵᠠᠭᠤᠷ᠎ᠠ ᠠᠯᠪᠤᠷᠲ ᠲᠠᠢᠪᠤᠩ ᠰᠠᠭᠤᠵᠤ ᠲᠣᠮᠣ ᠲᠡᠮᠦᠷ ᠲᠣᠣᠷ ᠵᠢᠷᠤᠵᠠᠢ ᠭᠡᠨ᠎ᠡ᠃ ᠲᠣᠣᠷ ᠭᠠᠷᠴᠤ ᠢᠷᠡᠮᠡᠭᠴᠡ ᠵᠢᠭᠤᠯᠴᠢᠨ ᠳᠣᠲᠣᠷ᠎ᠠ ᠨᠢ ᠣᠷᠣᠵᠤ ᠠᠯᠪᠤᠷᠲ ᠬᠠᠭᠠᠯᠭ᠎ᠠ ᠶ᠋ᠢ ᠲᠦᠭᠵᠢᠪᠡ᠃
ᠮᠣᠭᠠᠢ ᠶᠠᠪᠤᠭᠰᠠᠨ ᠤ᠋ ᠳᠠᠷᠠᠭ᠎ᠠ ᠠᠯᠪᠤᠷᠲ ᠴᠠᠭᠳᠠᠭ᠎ᠠ ᠳᠡᠭᠡᠷ᠎ᠡ ᠣᠴᠢᠨ ᠵᠢᠭᠤᠯᠴᠢᠨ ᠤ᠋ ᠲᠤᠬᠠᠢ ᠬᠡᠯᠡᠪᠡ ᠭᠡᠨ᠎ᠡ᠃ ᠵᠢᠭᠤᠯᠴᠢᠨ ᠥᠪᠡᠷ ᠤᠷᠤᠭᠤ ᠨᠢ ᠳᠠᠭᠠᠷᠢᠵᠤ᠂ ᠰᠢᠳᠢᠲᠦ ᠬᠠᠷᠠᠨᠳᠠ ᠪᠠᠷ ᠬᠦᠰᠡᠯ ᠢ᠋ ᠨᠢ ᠪᠡᠶᠡᠯᠡᠭᠦᠯᠬᠦ ᠶ᠋ᠢ ᠱᠠᠭᠠᠷᠳᠠᠭᠰᠠᠨ ᠲᠤᠬᠠᠢ ᠬᠡᠯᠡᠵᠡᠢ ᠭᠡᠨ᠎ᠡ ᠃
ᠬᠠᠢ ᠁
ᠺᠯᠠᠤᠳᠢ ᠳ᠋ᠤ᠌ ᠡᠩᠬᠡ ᠲᠠᠢᠪᠤᠩ ᠡᠷᠭᠢᠨ ᠲᠣᠭᠲᠠᠯ᠎ᠠ᠃ ᠠᠰᠠᠭᠤᠳᠠᠯ ᠢ᠋ ᠤᠬᠠᠭᠠᠯᠢᠭ ᠢ᠋ᠶ᠋ᠠᠷ ᠰᠢᠢᠳᠦᠭᠰᠡᠨ ᠠᠯᠪᠤᠷᠲ ᠢ᠋ᠶ᠋ᠠᠷ ᠬᠣᠲᠠ ᠶ᠋ᠢᠨ ᠢᠷᠭᠡᠳ ᠪᠠᠬᠠᠷᠬᠠᠵᠤ ᠪᠠᠢᠪᠠ᠃ ᠠᠯᠪᠤᠷᠲ ᠮᠠᠰᠢ ᠴᠢᠬᠤᠯᠠ ᠨᠢᠭᠡᠨ ᠵᠦᠢᠯ ᠢ᠋ ᠰᠤᠷᠴᠤ ᠠᠪᠤᠭᠰᠠᠨ ᠪᠠᠢᠨ᠎ᠠ᠃ ᠬᠦᠴᠦ ᠬᠥᠳᠡᠯᠮᠦᠷᠢ ᠭᠠᠷᠭᠠᠯ ᠦᠭᠡᠢ ᠡᠳ᠋ ᠪᠠᠶᠠᠯᠢᠭ ᠲᠠᠢ ᠪᠣᠯᠬᠤ ᠨᠢ ᠶᠠᠮᠠᠷ ᠠᠶᠤᠯ ᠲᠠᠢ ᠪᠣᠯᠬᠤ ᠶ᠋ᠢ ᠲᠡᠷᠡ ᠤᠬᠠᠭᠠᠷᠠᠵᠠᠢ᠃
ᠡᠢᠨ ᠬᠦ᠌ ᠬᠠᠷᠠᠨᠳᠠ ᠶ᠋ᠢ ᠠᠩᠬ᠎ᠠ ᠣᠯᠤᠭᠰᠠᠨ ᠴᠢᠯᠠᠭᠤᠨ ᠳᠣᠣᠷ᠎ᠠ ᠪᠤᠯᠠᠬᠤ ᠪᠠᠷ ᠰᠢᠢᠳᠪᠡ ᠭᠡᠨ᠎ᠡ᠃ ᠰᠢᠳᠢᠲᠦ ᠬᠠᠷᠠᠨᠳᠠ ᠠᠯᠪᠤᠷᠲ ᠤ᠋ᠨ ᠳᠤᠷᠠᠲᠠᠢ ᠪᠢᠴᠢᠬᠠᠨ ᠳᠠᠭᠢᠨᠢ ᠶ᠋ᠢᠨ ᠠᠮᠢᠳᠤᠷᠠᠳᠠᠭ ᠮᠣᠳᠣᠨ ᠤ᠋ ᠵᠡᠷᠭᠡᠯᠡᠳᠡᠭᠡ ᠭᠠᠵᠠᠷ ᠳᠣᠣᠷ᠎ᠠ ᠣᠳᠣ ᠴᠤ᠌ ᠪᠠᠢᠭ᠎ᠠ ᠭᠡᠳᠡᠭ ᠲᠦ᠍ ᠬᠥᠮᠦᠰ ᠢᠲᠡᠭᠡᠳᠡᠭ᠃
ᠦᠰᠦᠭ ᠠᠮᠠᠯᠠᠭᠤᠯᠤᠭᠴᠢ᠄ ᠬᠠᠢ ᠵᠢᠶᠦ᠋ᠨ
ᠬᠢᠨᠠᠭᠴᠢ᠄ ᠬᠠᠢ ᠵᠢᠶᠦ᠋ᠨ
