ᠴᠡᠩᠬᠡᠷ ᠲᠩᠷᠢ – ᠨᠠᠷᠠᠨ ᠤ ᠣᠷᠣᠨ - ᠸᠠᠴᠢᠷᠪᠠᠲᠤ ᠶ᠋ᠢᠨ ᠳᠠᠰᠢᠪᠠᠯᠪᠠᠷ Цэнхэр тэнгэр – Нарны орон - Очирбатын Дашбалбар
ᠴᠡᠩᠬᠡᠷ ᠲᠡᠭᠷᠢ – ᠨᠠᠷᠠᠨ ᠤ ᠣᠷᠣᠨ
ᠡᠩ ᠦᠭᠡᠢ ᠠᠭᠤᠳᠠᠮ ᠳ᠋ᠤ᠌ ᠨᠢ ᠳᠤᠷ᠎ᠠ ᠪᠠᠷ ᠰᠦᠯᠵᠢᠯᠳᠦᠬᠦ
ᠠᠩ ᠭᠥᠷᠥᠭᠡᠰᠦ ᠳ᠋ᠦ᠍ ᠪᠢ ᠳᠤᠷᠠᠲᠠᠢ!
ᠰᠢᠭᠦᠳᠡᠷᠢ ᠶ᠋ᠢᠨ ᠳᠤᠰᠤᠯ ᠪᠦᠷᠢ ᠳ᠋ᠦ᠍ ᠨᠢ ᠣᠳᠣ ᠭᠢᠯᠠᠯᠵᠠᠭᠰᠠᠨ ᠨᠣᠮᠢᠨ ᠲᠠᠯ᠎ᠠ
ᠰᠢᠯᠦᠭ ᠦ᠋ᠨ ᠮᠢᠨᠢ ᠮᠥᠷᠥᠭᠡᠳᠦᠯ ᠳ᠋ᠦ᠍ ᠠᠮᠢᠰᠬᠤᠯ ᠣᠷᠣᠭᠤᠯᠤᠭᠰᠠᠨ
ᠬᠥᠭᠡᠷᠦᠬᠦᠨ ᠪᠦᠰᠡᠭᠦᠢ ᠳ᠋ᠦ᠍ ᠬᠠᠢᠷᠠᠲᠠᠢ ᠪᠢ!
ᠬᠠᠪᠤᠷ ᠤ᠋ᠨ ᠪᠣᠷᠣᠭᠠᠨ ᠤ᠋ ᠦᠨᠦᠷ ᠬᠠᠮᠤᠭ ᠪᠡᠶ᠎ᠡ ᠪᠡᠷ ᠮᠢᠨᠢ ᠨᠡᠪᠴᠢᠬᠦ ᠳ᠋ᠦ᠍
ᠬᠠᠲᠤᠨ ᠳᠡᠯᠡᠬᠡᠢ ᠲᠡᠢ ᠠᠮᠢᠰᠬᠤᠯ ᠨᠢᠭᠡᠳᠦᠨ ᠠᠭᠤᠵᠢᠷᠠᠨ᠎ᠠ ᠪᠢ!
ᠬᠠᠯᠠᠭᠤᠨ ᠵᠢᠷᠦᠬᠡᠨ ᠦ᠌ ᠬᠠᠢᠷ᠎ᠠ ᠪᠠᠷ ᠠᠭᠤᠯᠠ ᠲᠤᠯᠤᠭᠠᠳ ᠢ᠋ᠶ᠋ᠠᠨ ᠦᠨᠦᠰᠴᠦ
ᠬᠠᠴᠠᠷ ᠳᠠᠭᠠᠭᠰᠠᠨ ᠨᠢᠯᠪᠤᠰᠤᠨ ᠳᠤᠰᠤᠯ ᠳ᠋ᠠᠭᠠᠨ ᠪᠠᠭᠲᠠᠭᠠᠨ᠎ᠠ ᠪᠢ!
ᠳᠡᠭᠡᠷ᠎ᠡ ᠬᠥᠬᠡᠷᠡᠬᠦ ᠥᠨᠳᠥᠷ ᠣᠭᠲᠠᠷᠭᠤᠢ ᠳ᠋ᠤ᠌ ᠨᠠᠷᠠᠨ ᠭᠠᠭᠴᠠ
ᠳᠡᠯᠡᠬᠡᠢ ᠬᠡᠮᠡᠬᠦ ᠵᠠᠬ᠎ᠠ ᠦᠭᠡᠢ ᠣᠷᠴᠢᠯᠠᠩ ᠳ᠋ᠤ᠌ ᠨᠤᠲᠤᠭ ᠮᠢᠨᠢ ᠭᠠᠭᠴᠠ
ᠴᠢᠯᠠᠭᠤ ᠪᠦᠬᠦᠨ ᠨᠢ ᠡᠷᠳᠡᠨᠢᠰ ᠦ᠋ᠨ ᠦᠨ᠎ᠡ ᠲᠡᠢ ᠠᠷᠢᠭᠤᠨ ᠰᠠᠬᠢᠭᠤᠰᠤ
ᠴᠤᠭᠯᠠᠷᠠᠭᠰᠠᠨ ᠲᠦᠮᠡᠨ ᠨᠢ ᠡᠷᠡᠯᠬᠡᠭ ᠵᠣᠷᠢᠭ ᠲᠠᠢ ᠮᠢᠨᠦ ᠮᠣᠩᠭᠣᠯ!
ᠡᠪᠡᠰᠦᠨ ᠦ᠌ ᠰᠢᠪᠡᠨᠡᠭᠡ ᠤᠰᠤᠨ ᠤ᠋ ᠱᠤᠤᠭᠢᠶᠠᠨ ᠢ᠋ ᠵᠢᠷᠦᠬᠡᠨ ᠳ᠋ᠡᠭᠡᠨ ᠰᠣᠨᠣᠰᠳᠠᠭ ᠪᠢ
ᠥᠨᠢ ᠶ᠋ᠢᠨ ᠲᠡᠦᠬᠡ ᠡᠪᠦᠭᠡᠳ ᠦ᠋ᠨ ᠬᠠᠢᠷ᠎ᠠ ᠶ᠋ᠢ ᠵᠡᠭᠦᠳᠦᠨ ᠳ᠋ᠡᠭᠡᠨ ᠦᠵᠡᠳᠡᠭ ᠪᠢ
ᠬᠡᠦᠬᠡᠨ ᠪᠦᠬᠦᠨ ᠮᠢᠨᠢ ᠬᠥᠭᠡᠷᠦᠬᠦᠨ᠂ ᠬᠦᠯᠦᠭ ᠪᠦᠬᠦᠨ ᠨᠢ ᠬᠤᠷᠳᠤᠨ
ᠬᠥᠪᠴᠢᠨ ᠳᠡᠯᠡᠬᠡᠢ ᠶ᠋ᠢᠨ ᠤᠶᠠᠩᠭᠠᠲᠤ ᠳᠠᠭᠤᠯᠠᠯ - ᠮᠢᠨᠦ ᠡᠬᠡ ᠣᠷᠣᠨ᠃
ᠠᠭᠤᠯᠠᠰ ᠤ᠋ᠨ ᠴᠢᠨᠢ ᠴᠡᠩᠬᠡᠷ ᠥᠩᠭᠡᠨ ᠳ᠋ᠦ᠍ ᠠᠭᠤᠰᠴᠤ ᠪᠢ ᠦᠵᠡᠭᠰᠡᠨ
ᠤᠨᠢᠶᠠᠷ ᠬᠥᠨᠳᠡᠢ ᠶ᠋ᠢᠨ ᠴᠢᠨᠢ ᠭᠦᠨ ᠳ᠋ᠦ᠍ ᠲᠣᠳᠣᠷᠠᠵᠤ ᠪᠠᠰᠠ ᠶᠠᠪᠤᠭᠰᠠᠨ
ᠴᠡᠴᠡᠭ ᠪᠦᠬᠦᠨ ᠲᠡᠢ ᠴᠢᠨᠢ ᠰᠢᠪᠡᠨᠡᠯᠳᠦᠵᠦ ᠠᠩᠬᠢᠯᠤᠭᠤᠨ ᠦᠨᠦᠷ ᠲᠦ᠍ ᠰᠣᠭᠲᠣᠭᠰᠠᠨ !
ᠴᠡᠭᠡᠯᠬᠡᠨ ᠳᠠᠭᠤᠤ ᠵᠣᠬᠢᠶᠠᠵᠤ ᠬᠠᠢᠷ᠎ᠠ ᠭᠤᠨᠢᠭ ᠢ᠋ᠶ᠋ᠠᠨ ᠦᠯᠡᠳᠡᠭᠡᠭᠰᠡᠨ!
ᠣᠳᠣᠨ ᠠ᠋ᠴᠠ ᠭᠢᠯᠪᠠᠬᠤ ᠭᠡᠷᠡᠯ ᠥᠬᠢᠳ ᠦ᠋ᠨ ᠴᠢᠨᠢ ᠬᠠᠷᠠᠴᠠᠨ ᠳ᠋ᠤ᠌ ᠭᠡᠢᠵᠦ
ᠦᠷ᠎ᠡ ᠵᠠᠯᠠᠭᠤᠬᠠᠨ ᠡᠷᠡᠰ ᠨᠠᠷᠠᠨ ᠤ᠋ ᠥᠩᠭᠡ ᠪᠡᠷ ᠭᠢᠯᠠᠯᠵᠠᠭᠰᠠᠨ
ᠴᠡᠴᠡᠭ ᠤᠨ ᠴᠢᠭᠤᠯᠭ᠎ᠠ ᠥᠬᠢᠳ ᠦ᠋ᠨ ᠦᠵᠡᠰᠬᠦᠯᠡᠩ
ᠴᠡᠩᠬᠡᠷ ᠲᠩᠷᠢ- ᠨᠠᠷᠠᠨ ᠤ᠋ ᠣᠷᠣᠨ - ᠮᠢᠨᠦ ᠮᠣᠩᠭᠣᠯ!
ᠡᠬᠡ ᠪᠣᠯᠤᠭᠰᠠᠨ ᠮᠣᠩᠭᠣᠯ ᠣᠷᠣᠨ ᠮᠢᠨᠢ ᠠ᠋!
ᠶᠡᠬᠡ ᠪᠠᠭ᠎ᠠ ᠬᠣᠲᠠ ᠨᠤᠭᠤᠳ ᠢ᠋ ᠴᠢᠨᠢ ᠠᠳᠠᠯᠢᠬᠠᠨ ᠬᠠᠢᠷᠠᠯᠠᠨᠠᠮ
ᠶᠡᠬᠡ ᠨᠢ ᠤᠯᠠᠮ ᠶᠡᠬᠡ ᠪᠣᠯᠤᠭ ᠪᠠᠭ᠎ᠠ ᠨᠢ ᠶᠡᠬᠡ ᠶ᠋ᠢᠨ ᠢ᠋ᠶ᠋ᠡᠨ ᠲᠡᠢᠲᠡᠢ ᠪᠣᠯᠤᠭ!
ᠲᠤᠯᠤᠭᠠᠳ ᠪᠦᠬᠦᠨ ᠨᠢ ᠬᠡᠦᠬᠡᠳ ᠰᠢᠭ ᠥᠰᠴᠦ
ᠲᠣᠮᠣ ᠤᠯᠠᠭᠠᠨ ᠨᠠᠷᠠᠨ ᠤ᠋ ᠳᠣᠣᠷ᠎ᠠ ᠰᠦᠷᠲᠦ ᠶᠡᠬᠡ ᠠᠭᠤᠯᠠᠰ ᠪᠣᠯᠤᠭ
ᠤᠰᠤ ᠭᠣᠣᠯ ᠤᠯᠠᠮ ᠤᠷᠲᠤ᠂ ᠭᠦᠨᠵᠡᠭᠡᠢ ᠪᠣᠯᠤᠭ
ᠤᠷᠲᠤ ᠶᠡᠬᠡ ᠮᠥᠷᠡᠨ ᠪᠣᠯᠤᠭᠠᠳ ᠳᠡᠯᠡᠬᠡᠢ ᠶ᠋ᠢ ᠣᠷᠢᠶᠠᠵᠤ ᠤᠷᠤᠰᠤᠭ
ᠡᠳᠦᠭᠡ ᠥᠯᠥᠭᠡᠢ ᠳ᠋ᠡᠭᠡᠨ ᠨᠣᠢᠷᠰᠤᠵᠤ ᠪᠣᠢ ᠪᠢᠴᠢᠬᠠᠨ ᠬᠥᠪᠡᠭᠦᠳ
ᠢᠳᠡ ᠴᠢᠳᠠᠯ ᠲᠡᠭᠦᠰ ᠲᠣᠮᠣ ᠬᠥᠮᠦᠨ ᠪᠣᠯᠤᠭ
ᠶᠡᠬᠡ ᠳᠡᠯᠡᠬᠡᠢ ᠳ᠋ᠡᠭᠡᠨ ᠠᠯᠳᠠᠷ ᠨᠢ ᠳᠠᠭᠤᠷᠢᠰᠤᠭ!
ᠲᠠᠷᠢᠶ᠎ᠠ ᠪᠤᠳᠠᠭ᠎ᠠ ᠤᠯᠠᠮ ᠦᠷᠡᠵᠢᠭ
ᠲᠠᠷᠢᠶ᠎ᠠ ᠪᠤᠳᠠᠭ᠎ᠠ ᠣᠳᠣ ᠲᠣᠭᠠᠯᠠᠨ ᠤᠷᠭᠤᠭ!
ᠣᠳᠣ ᠪᠦᠬᠦᠨ ᠲᠠᠷᠢᠶᠠᠨ ᠤ᠋ ᠲᠦᠷᠦᠭᠦᠨ ᠳ᠋ᠦ᠍ ᠪᠠᠭᠤᠵᠤ
ᠣᠷᠣᠢ ᠶ᠋ᠢᠨ ᠴᠠᠭ ᠢ᠋ᠶ᠋ᠠᠷ ᠵᠢᠷᠭᠠᠯ ᠡᠳ᠋ᠯᠡᠨ ᠭᠡᠷᠡᠯᠲᠦᠭ!
ᠤᠨᠲᠠᠬᠤ ᠶ᠋ᠢᠨ ᠡᠮᠦᠨ᠎ᠡ ᠠᠴᠢ ᠳ᠋ᠠᠭᠠᠨ ᠦᠯᠢᠭᠡᠷ ᠶᠠᠷᠢᠵᠤ ᠪᠣᠢ ᠡᠮᠡᠭᠡᠨ
ᠤᠷᠲᠤ ᠨᠠᠰᠤᠯᠠᠭ!
ᠠᠴᠢ ᠬᠦᠦ ᠶ᠋ᠢᠨ ᠬᠢᠨᠢ ᠰᠣᠨᠣᠰᠬᠤ ᠦᠯᠢᠭᠡᠷ ᠤᠯᠠᠮ ᠣᠯᠠᠨ ᠪᠣᠯᠵᠤ
ᠠᠯᠲᠠᠨ ᠳᠠᠯᠠᠪᠴᠢᠲᠤ ᠨᠢᠰᠳᠡᠭ ᠬᠦᠯᠦᠭ ᠤᠨᠤᠭ᠎ᠠ ᠨᠢ ᠪᠣᠯᠤᠭ!
ᠠᠷᠪᠠᠨ ᠨᠠᠢ᠍ᠮᠠᠲᠠᠢ ᠥᠬᠢᠨ ᠤᠯᠠᠮ ᠬᠥᠭᠡᠷᠦᠬᠦᠨ ᠪᠣᠯᠤᠭ!
ᠠᠮᠠᠷᠠᠭ ᠬᠠᠷ᠎ᠠ ᠬᠦᠦ ᠨᠢ ᠲᠡᠭᠦᠨ ᠢ᠋ ᠪᠡᠨ ᠤᠯᠠᠮ ᠶᠡᠬᠡ ᠬᠠᠢᠷᠠᠯᠠᠭ!
ᠡᠬᠢᠯᠡᠭᠡᠳ ᠪᠢ ᠰᠡᠳᠬᠢᠯ ᠦ᠋ᠨ ᠠᠯᠲᠠᠨ ᠶᠠᠲᠤᠭ᠎ᠠ ᠪᠠᠨ
ᠡᠷᠲᠡᠨ ᠦ᠌ ᠨᠤᠲᠤᠭ ᠤ᠋ᠨ ᠰᠠᠯᠬᠢ ᠪᠠᠷ ᠭᠥᠭᠯᠡᠶᠡ
ᠥᠩᠭᠡ ᠪᠣᠳᠣᠭ ᠤ᠋ᠨ ᠮᠢᠩᠭᠠᠨ ᠰᠦᠯᠵᠢᠶᠡᠰᠦ ᠶ᠋ᠢ ᠵᠠᠳᠠᠯᠵᠤ
ᠦᠷᠦ ᠵᠢᠷᠦᠬᠡᠨ ᠦ᠌ ᠲᠠᠩᠭᠢᠰ ᠲᠠᠭᠠᠨ ᠤᠬᠠᠭᠠᠨ ᠤ᠋ ᠳᠠᠯᠪᠠᠭ᠎ᠠ ᠬᠡᠢᠰᠬᠡᠶᠡ!
ᠭᠠᠴᠤᠷ᠎ᠠ ᠶ᠋ᠢᠨ ᠮᠥᠩᠬᠡ ᠨᠣᠭᠣᠭᠠᠨ ᠮᠥᠴᠢᠷ ᠢᠷᠠᠭᠤ ᠨᠠᠢᠷᠠᠭ ᠤ᠋ᠨ ᠪᠡᠯᠭᠡᠳᠡᠯ ᠪᠣᠯᠤᠭ
ᠭᠠᠯ ᠰᠢᠷᠭᠠᠯ ᠡᠮᠦᠰᠬᠡᠯ ᠲᠡᠢ ᠰᠠᠨᠰᠠᠷ ᠤ᠋ᠨ ᠨᠢᠰᠬᠡᠭᠴᠢ
ᠨᠠᠷᠠᠨ ᠤ᠋ ᠬᠢᠯᠢ ᠳᠠᠪᠠᠬᠤ ᠶ᠋ᠢᠨ ᠪᠡᠯᠭᠡᠳᠡᠯ ᠪᠣᠯᠤᠭ!
ᠭᠠᠵᠠᠷ ᠳᠡᠯᠡᠬᠡᠢ ᠳᠡᠭᠡᠷ᠎ᠡ ᠣᠳᠣᠳ ᠤ᠋ᠨ ᠰᠢᠷᠭᠠᠯ ᠪᠣᠷᠣᠭ᠎ᠠ ᠣᠷᠣᠵᠤ
ᠵᠢᠷᠭᠠᠯ ᠤ᠋ᠨ ᠰᠢᠪᠡᠨᠡᠭᠡ ᠪᠣᠯᠤᠭ!
ᠭᠠᠭᠴᠠ ᠨᠠᠰᠤᠨ ᠳ᠋ᠤ᠌ ᠵᠠᠶᠠᠭᠠᠭᠰᠠᠨ ᠭᠠᠭᠴᠠ ᠡᠬᠡ ᠣᠷᠣᠨ ᠮᠢᠨᠢ
ᠲᠩᠷᠢ ᠶ᠋ᠢᠨ ᠳᠣᠣᠷ᠎ᠠ ᠮᠥᠩᠬᠡ ᠣᠷᠣᠰᠢᠭ
ᠲᠡᠮᠡᠴᠡᠯ ᠢᠯᠠᠯᠲᠠ ᠪᠠᠳᠠᠷᠠᠯ ᠤ᠋ᠨ ᠳᠠᠭᠤᠤ ᠨᠢ
ᠲᠡᠷᠲᠡᠭᠡ ᠨᠠᠷᠠᠨ ᠤ᠋ ᠬᠢᠯᠢ ᠶ᠋ᠢ ᠲᠠᠪᠠᠭ!
ᠭᠡᠷ ᠦ᠋ᠨ ᠢ᠋ᠶ᠋ᠡᠨ ᠰᠡᠭᠦᠳᠡᠷ ᠲᠦ᠍ ᠠᠮᠠᠷᠠᠬᠤ ᠵᠠᠭᠤᠷ᠎ᠠ ᠪᠠᠨ
ᠭᠡᠭᠡᠨ ᠣᠷᠴᠢᠯᠠᠩ ᠲᠠᠢ ᠪᠢ ᠶᠠᠷᠢᠯᠴᠠᠨᠠᠮ!
ᠡᠭᠦᠯᠡᠰ ᠨᠢ ᠨᠠᠳᠠᠳᠤ ᠦᠷ᠎ᠡ ᠬᠡᠦᠬᠡᠳ ᠰᠢᠭ ᠳᠣᠲᠣᠨᠣ
ᠠᠭᠤᠯᠠᠰ ᠨᠢ ᠨᠠᠳᠠᠳᠤ ᠠᠬ᠎ᠠ ᠳᠡᠭᠦᠦ ᠰᠢᠭ ᠳᠣᠲᠣᠨᠣ
ᠤᠯᠢᠶᠠᠰᠤ ᠨᠢ ᠨᠠᠳᠠᠳᠤ ᠠᠮᠠᠷᠠᠭ ᠬᠠᠢᠷᠠᠲᠤ ᠰᠢᠭ᠋ ᠳᠣᠲᠣᠨᠣ
ᠤᠷᠲᠤ ᠵᠠᠮ ᠨᠢ ᠨᠠᠳᠠᠳᠤ ᠮᠥᠷᠥᠭᠡᠳᠦᠯ ᠰᠢᠭ ᠳᠣᠲᠣᠨᠣ
ᠡᠬᠡ ᠳᠡᠯᠡᠬᠡᠢ ᠮᠢᠨᠢ ᠴᠢᠨᠦ ᠳᠡᠭᠡᠷ᠎ᠡ ᠣᠷᠣᠰᠢᠭᠰᠠᠨ ᠡᠬᠡ ᠣᠷᠣᠨ ᠮᠢᠨᠢ - ᠮᠣᠩᠭᠣᠯ!
ᠬᠠᠮᠤᠭ ᠤᠳᠤᠮ ᠤ᠋ᠨ ᠮᠢᠨᠢ ᠪᠡᠯᠭᠡᠳᠡᠯ᠂ ᠨᠠᠷᠠᠨ ᠥᠭᠡᠳᠡ ᠳᠠᠪᠬᠢᠭᠰᠠᠨ ᠴᠠᠭᠠᠨ ᠮᠣᠷᠢᠲᠠᠢ ᠬᠥᠮᠦᠨ!
ᠣᠯᠠᠨ ᠵᠠᠭᠤᠨ ᠢ᠋ ᠬᠣᠯᠪᠣᠭᠰᠠᠨ᠂ ᠣᠷᠭᠢᠯ ᠥᠨᠳᠥᠷ ᠠᠯᠲᠠᠢ ᠴᠤ᠌ ᠨᠠᠷᠠᠨ ᠥᠭᠡᠳᠡ ᠥᠭᠰᠥᠨ᠎ᠡ!
ᠣᠨ ᠣᠨ ᠢ᠋ ᠬᠡᠯᠬᠢᠭᠰᠡᠨ ᠠᠷᠢᠭᠤᠨ ᠤᠰᠤᠲᠤ ᠤᠨᠤᠨ ᠴᠤ᠌ ᠨᠠᠷᠠᠨ ᠥᠭᠡᠳᠡ ᠲᠦᠷᠭᠡᠯᠡᠨᠡ!
ᠡᠷᠢᠨ ᠵᠠᠭᠤᠨ ᠢ᠋ ᠨᠡᠪᠲᠡᠯᠬᠦ ᠭᠡᠷᠡᠯᠲᠦ ᠬᠥᠰᠢᠶ᠎ᠡ - ᠮᠣᠩᠭᠣᠯ!
ᠡᠨᠡ ᠪᠡᠶ᠎ᠡ ᠶ᠋ᠢ ᠮᠢᠨᠢ ᠣᠷᠣᠯᠠᠬᠤ ᠴᠣᠷ ᠤ᠋ᠨ ᠭᠠᠭᠴᠠ ᠨᠡᠷ᠎ᠡ - ᠮᠣᠩᠭᠣᠯ!
ᠡᠭᠴᠡ ᠳᠡᠭᠡᠭᠰᠢ ᠪᠡᠨ ᠰᠠᠨᠰᠠᠷ ᠤ᠋ᠨ ᠬᠦᠯᠦᠭ ᠰᠢᠭ ᠳᠡᠭᠦᠯᠢᠨ᠎ᠡ!
ᠬᠣᠶᠠᠷ
ᠠᠢᠯ ᠪᠦᠬᠦᠨ ᠦ᠌ ᠭᠣᠯᠣᠮᠳᠠᠨ ᠳ᠋ᠤ᠌ ᠡᠬᠡ ᠣᠷᠣᠨ ᠮᠢᠨᠢ ᠣᠷᠣᠰᠢᠵᠤ
ᠠᠯᠤᠰ ᠬᠣᠯᠠ ᠶ᠋ᠢᠨ ᠠᠭᠤᠯᠠᠰ ᠪᠦᠬᠦᠨ ᠨᠢ ᠮᠠᠨᠠᠭᠠᠴᠢ ᠪᠣᠯᠳᠠᠭ ᠶᠤᠮ᠃
ᠬᠢᠯᠢ ᠬᠢᠵᠠᠭᠠᠷ ᠨᠢ ᠰᠡᠳᠬᠢᠯ ᠵᠢᠷᠦᠬᠡᠨ ᠳ᠋ᠦ᠍ ᠪᠠᠭᠲᠠᠵᠤ
ᠡᠬᠡ ᠣᠷᠣᠨ ᠮᠢᠨᠢ ᠰᠢᠪᠠᠭᠤᠳ ᠤ᠋ᠨ ᠡᠭᠦᠷ ᠡᠴᠡ ᠡᠬᠢᠯᠡᠳᠡᠭ ᠶᠦᠮ᠃
ᠬᠠᠷᠠᠩᠭᠤᠢ ᠳ᠋ᠤ᠌ ᠭᠠᠩᠭᠠᠨᠠᠬᠤ ᠰᠢᠪᠠᠭᠤᠳ ᠤ᠋ᠨ ᠳᠠᠯᠠᠪᠴᠢᠨᠠ
ᠣᠳᠣᠨ ᠤ᠋ ᠬᠡᠯᠲᠡᠷᠬᠡᠢ ᠭᠢᠯᠲᠠᠭᠠᠨᠠᠨ ᠤᠨᠠᠬᠤ - ᠡᠬᠡ ᠣᠷᠣᠨ ᠮᠢᠨᠢ
ᠬᠠᠶᠠᠭᠠᠨ ᠳ᠋ᠤ᠌ ᠱᠤᠤᠭᠢᠬᠤ ᠭᠣᠣᠯ ᠤ᠋ᠨ ᠣᠰᠤᠨ᠎ᠠ
ᠣᠯᠠᠨ ᠵᠢᠭᠠᠰᠤ ᠰᠦᠯᠵᠢᠯᠳᠦᠨ ᠡᠷᠬᠡᠯᠡᠬᠦ ᠡᠬᠡ - ᠣᠷᠣᠨ ᠮᠢᠨᠢ
ᠡᠪᠦᠯ ᠪᠣᠯᠤᠭᠠᠳ ᠵᠤᠨ ᠢ᠋ ᠴᠢᠨᠢ ᠪᠢ ᠠᠳᠠᠯᠢᠬᠠᠨ ᠬᠠᠢᠷᠠᠯᠠᠵᠤ
ᠡᠳᠦᠷ ᠪᠣᠯᠤᠭᠠᠳ ᠰᠥᠨᠢ ᠶ᠋ᠢ ᠴᠢᠨᠢ ᠠᠳᠠᠯᠢᠬᠠᠨ ᠬᠠᠢᠷᠠᠯᠠᠨ᠎ᠠ
ᠠᠵᠠ ᠵᠢᠷᠭᠠᠯ ᠢ᠋ ᠪᠢ ᠴᠡᠴᠡᠭ ᠪᠦᠬᠦᠨ ᠡᠴᠡ ᠴᠢᠨᠢ ᠡᠷᠢᠯᠬᠢᠯᠡᠵᠦ
ᠠᠮᠢᠳᠤᠷᠠᠯ ᠢ᠋ ᠪᠢ ᠤᠨᠢᠶᠠᠷᠲᠤ ᠠᠯᠤᠰ ᠢ᠋ᠶ᠋ᠠᠷ ᠴᠢᠨᠢ ᠲᠥᠰᠦᠭᠡᠯᠡᠨ᠎ᠡ
ᠭᠤᠷᠪᠠ
ᠣᠳᠣᠳ ᠤ᠋ᠨ ᠳᠤᠮᠳᠠ ᠰᠠᠷᠠᠨ ᠶᠤᠮ ᠴᠢ᠂ ᠮᠢᠨᠦ ᠡᠬᠡ ᠣᠷᠣᠨ!
ᠣᠯᠠᠨ ᠪᠣᠷᠣ ᠲᠤᠯᠤᠭᠠᠳ ᠤ᠋ᠨ ᠳᠤᠮᠳᠠ ᠴᠢ᠂ ᠮᠢᠨᠦ ᠠᠭᠤᠯᠠᠰ ᠶᠤᠮ
ᠣᠷᠭᠢᠯ ᠥᠨᠳᠥᠷ ᠠᠭᠤᠯᠠᠰ ᠤ᠋ᠨ ᠳᠤᠮᠳᠠ ᠴᠢ᠂ ᠮᠢᠨᠦ ᠲᠤᠯᠤᠭᠠᠳ ᠶᠤᠮ
ᠣᠢ ᠶᠡᠬᠡ ᠬᠥᠪᠴᠢ ᠶ᠋ᠢᠨ ᠭᠦᠨ ᠳ᠋ᠦ᠍ ᠴᠢ᠂ ᠮᠢᠨᠦ ᠪᠤᠭᠤᠷᠤᠯ ᠴᠠᠷᠠᠰᠤ ᠶᠤᠮ
ᠠᠯᠤᠰ ᠤᠨ ᠬᠠᠷᠭᠤᠢ ᠳ᠋ᠤ᠌ ᠴᠢ ᠮᠢᠨᠦ ᠬᠦᠯᠦᠭ ᠶᠦᠮ᠂ ᠡᠬᠡ ᠣᠷᠣᠨ -
ᠠᠶᠤᠯ ᠲᠣᠬᠢᠶᠠᠯᠳᠤᠭᠰᠠᠨ ᠮᠥᠴᠡ ᠴᠢ᠂ ᠮᠢᠨᠦ ᠬᠤᠶᠠᠭ ᠶᠤᠮ᠃
ᠪᠤᠶᠠᠨᠲᠤ ᠡᠪᠦᠭᠡᠳ ᠦ᠋ᠨ ᠮᠢᠨᠢ ᠠᠯᠲᠠᠨ ᠥᠯᠥᠭᠡᠢ ᠶᠦᠮ᠂ ᠮᠢᠨᠦ ᠡᠬᠡ ᠣᠷᠣᠨ-
ᠪᠤᠮᠠᠨ ᠵᠢᠯ ᠦ᠋ᠨ ᠴᠠᠭᠠᠨ᠎ᠠ ᠬᠦᠯᠢᠶᠡᠬᠦ ᠦᠷᠡᠰ ᠦ᠋ᠨ ᠮᠢᠨᠢ ᠵᠡᠭᠦᠳᠦ ᠶᠦᠮ᠃
ᠡᠷᠬᠡ ᠴᠢᠯᠥᠭᠡᠨ ᠦ᠌ ᠲᠤᠯᠤᠯᠳᠤᠭᠠᠨ ᠳ᠋ᠤ᠌ ᠣᠷᠣᠬᠤ ᠳ᠋ᠠᠭᠠᠨ
ᠡᠴᠢᠭᠡ ᠡᠪᠦᠭᠡᠳ ᠮᠢᠨᠢ ᠡᠬᠡ ᠣᠷᠣᠨ ᠴᠢᠮ᠎ᠠ ᠶ᠋ᠢ ᠪᠡᠨ
ᠲᠣᠯᠣᠭᠠᠢ ᠳᠡᠭᠡᠷ᠎ᠡ ᠪᠡᠨ ᠲᠠᠬᠢᠵᠤ ᠶᠠᠪᠤᠭᠰᠠᠨ ᠶᠤᠮ᠃
ᠭᠠᠵᠠᠷ ᠤᠨᠠᠭᠰᠠᠨ ᠪᠠᠭᠠᠲᠤᠷ ᠤ᠋ᠳ ᠴᠢᠮ᠎ᠠ ᠶ᠋ᠢ ᠪᠡᠶ᠎ᠡ ᠪᠡᠷ ᠢ᠋ᠶ᠋ᠡᠨ ᠲᠠᠷᠠᠭᠯᠠᠵᠤ
ᠭᠠᠯ ᠡᠷᠳᠡᠨᠢ ᠶ᠋ᠢᠨ ᠰᠦᠯᠲᠠᠨ ᠳ᠋ᠤ᠌ ᠮᠣᠩᠭᠣᠯ ᠨᠡᠷ᠎ᠡ ᠪᠡᠷ ᠮᠥᠩᠬᠡᠯᠡᠭᠰᠡᠨ ᠶᠦᠮ᠃
ᠡᠬᠡ ᠣᠷᠣᠨ ᠮᠢᠨᠢ ᠴᠢ᠂
ᠲᠤᠯᠤᠯᠳᠤᠭᠠᠨ ᠤ᠋ ᠴᠠᠭ ᠲᠤ᠌ ᠵᠡᠪᠰᠡᠭ ᠮᠢᠨᠢ ᠪᠢᠯᠡ
ᠠᠷᠢᠭᠤᠨ ᠢᠷᠦᠭᠡᠯ ᠴᠢᠨᠢ
ᠳᠠᠯᠳᠠ ᠠ᠋ᠴᠠ ᠡᠭᠡᠰᠢᠭᠯᠡᠨ ᠢᠯᠠᠬᠤ ᠶ᠋ᠢᠨ ᠵᠦᠩ ᠲᠠᠲᠠᠨᠠᠮ
ᠡᠬᠡ ᠣᠷᠣᠨ ᠮᠢᠨᠢ ᠴᠢ᠂
ᠶᠠᠳᠠᠷᠠᠬᠤ ᠶ᠋ᠢᠨ ᠴᠠᠭ ᠲᠤ᠌ ᠰᠡᠭᠦᠯᠴᠢ ᠶ᠋ᠢᠨ ᠲᠡᠩᠬᠡᠭᠡ ᠮᠢᠨᠢ ᠪᠢᠯᠡ
ᠠᠯᠲᠠᠢ ᠶ᠋ᠢᠨ ᠠᠭᠤᠯᠠᠰ ᠴᠢᠨᠢ ᠦᠯᠦ ᠠᠯᠳᠠᠷᠠᠬᠤ
ᠶᠢᠷᠲᠢᠨᠴᠦ ᠶ᠋ᠢᠨ ᠬᠦᠴᠦ ᠪᠡᠨ ᠨᠠᠳᠠ ᠳ᠋ᠤ᠌ ᠥᠭᠭᠦᠨᠡᠮ
ᠡᠬᠡ ᠣᠷᠣᠨ ᠮᠢᠨᠢ ᠴᠢ᠂
ᠬᠠᠷᠢ ᠶ᠋ᠢᠨ ᠬᠡᠯᠡ ᠳᠡᠭᠡᠷ᠎ᠡ ᠣᠷᠴᠢᠭᠤᠯᠤᠭᠳᠠᠰᠢ ᠦᠭᠡᠢ ᠪᠠᠶᠠᠷ ᠵᠢᠷᠭᠠᠯ ᠮᠢᠨᠢ ᠪᠢᠯᠡ᠃
ᠠᠶᠠᠷᠬᠠᠨ ᠢ᠋ᠶ᠋ᠠᠷ ᠬᠤᠷᠠᠨ ᠬᠤᠷᠠᠭᠰᠠᠭᠠᠷ ᠨᠠᠮᠤᠷ ᠤ᠋ᠨ ᠪᠣᠷᠣᠭ᠎ᠠ ᠰᠢᠭ᠋ ᠱᠠᠭᠢᠨᠠᠮ
ᠡᠬᠡ ᠣᠷᠣᠨ ᠮᠢᠨᠢ ᠴᠢ᠂
ᠠᠮᠢᠳᠤ ᠶᠠᠪᠤᠬᠤ ᠳ᠋ᠤ᠌ ᠴᠣᠷ ᠤ᠋ᠨ ᠭᠠᠭᠴᠠ ᠱᠠᠩᠨᠠᠯ ᠮᠢᠨᠢ ᠪᠢᠯᠡ
ᠠᠯᠲᠠᠨ ᠴᠣᠬᠣ᠂ ᠰᠥᠨᠢ ᠶ᠋ᠢᠨ ᠰᠠᠯᠬᠢ᠂
ᠴᠢᠨᠦ ᠭᠣᠣᠯ ᠮᠥᠷᠡᠨ ᠡᠴᠡ ᠳᠡᠭᠡᠳᠦ ᠱᠠᠩᠨᠠᠯ ᠨᠠᠳᠠ ᠳ᠋ᠤ᠌ ᠦᠭᠡᠢ
ᠡᠬᠡ ᠣᠷᠣᠨ ᠮᠢᠨᠢ ᠴᠢ᠂
ᠮᠢᠨᠦ ᠳᠤᠮᠳᠠᠷᠠᠰᠢ ᠦᠭᠡᠢ ᠪᠠᠶᠠᠨ ᠡᠷᠳᠡᠨᠢᠰ ᠦ᠋ᠨ ᠰᠠᠩ ᠪᠢᠯᠡ᠃
ᠠᠭᠯᠠᠭ ᠠᠭᠤᠯᠠᠰ ᠬᠥᠪᠴᠢ ᠶᠡᠬᠡ ᠣᠢ ᠵᠢᠭᠦᠷᠲᠡᠨ ᠰᠢᠪᠠᠭᠤᠳ ᠴᠢᠨᠢ
ᠣᠷᠴᠢᠯᠠᠩ ᠳ᠋ᠤ᠌ ᠨᠠᠮ᠎ᠠ ᠶ᠋ᠢ ᠬᠠᠮᠤᠭ ᠤ᠋ᠨ ᠪᠠᠶᠠᠨ ᠪᠣᠯᠭᠠᠨᠠᠮ᠃
ᠡᠬᠡ ᠣᠷᠣᠨ ᠮᠢᠨᠢ ᠴᠢ᠂
ᠮᠢᠨᠦ ᠢᠷᠡᠭᠡᠳᠦᠢ ᠶ᠋ᠢᠨ ᠲᠤᠬᠠᠢ ᠲᠥᠯᠥᠭᠡᠯᠡᠯ ᠮᠥᠩᠬᠡ ᠲᠩᠷᠢ ᠶ᠋ᠢᠨ ᠭᠡᠷᠡᠴᠢ ᠪᠢᠯᠡ᠃
ᠠᠷᠠᠳ ᠲᠦᠮᠡᠨ ᠳ᠋ᠡᠭᠡᠨ ᠡᠷᠭᠦᠬᠦ ᠳᠠᠭᠤᠤ ᠶ᠋ᠢᠨ ᠬᠥᠭ᠂
ᠮᠢᠨᠦ ᠤᠬᠠᠭᠠᠷᠠᠯ ᠤ᠋ᠨ ᠭᠡᠷᠡᠴᠢ᠂ ᠥᠴᠥᠭᠡᠳᠦᠷ ᠦ᠋ᠨ ᠠᠯᠳᠠᠭᠠᠨ ᠤ᠋ ᠰᠢᠭᠦᠭᠴᠢ ᠪᠢᠯᠡ᠃
ᠠᠰᠢᠳᠠ ᠥᠪᠡᠷ ᠢ᠋ ᠪᠡᠨ ᠠᠷᠢᠭᠤᠳᠬᠠᠨ ᠡᠬᠡ ᠣᠷᠣᠨ ᠲᠠᠨ ᠤ᠋ ᠪᠠᠨ
ᠭᠣᠣᠯ ᠤᠰᠤ ᠰᠢᠭ᠋ ᠲᠤᠩᠭᠠᠯᠠᠭ ᠦᠯᠡᠳᠡᠬᠦ ᠰᠠᠨ ᠭᠡᠵᠦ ᠪᠢ ᠶᠠᠭᠠᠷᠠᠨᠠᠮ
ᠡᠬᠡ ᠣᠷᠣᠨ ᠮᠢᠨᠢ ᠴᠢ᠂
ᠬᠠᠪᠤᠷ ᠤ᠋ᠨ ᠭᠡᠭᠡᠨ ᠥᠷᠯᠥᠭᠡ᠂ ᠵᠤᠨ ᠤ᠋ ᠦᠳᠡᠰᠢ ᠶ᠋ᠢᠨ ᠳᠠᠭᠤᠤ ᠮᠢᠨᠢ ᠪᠢᠯᠡ᠃
ᠠᠲᠠᠭᠠᠲᠠᠨ ᠢ᠋ ᠳᠠᠷᠤᠭᠰᠠᠨ
ᠮᠢᠨᠦ ᠡᠪᠦᠭᠡ ᠳᠡᠭᠡᠳᠦᠰ ᠦ᠋ᠨ ᠲᠤᠬᠠᠢ ᠬᠦᠷᠡᠯ ᠨᠣᠮ ᠤ᠋ᠨ ᠬᠠᠭᠤᠳᠠᠰᠤ ᠪᠢᠯᠡ᠃
ᠡᠬᠡ ᠣᠷᠣᠨ ᠮᠢᠨᠢ ᠴᠢ᠂
ᠠᠯᠳᠠᠷ ᠭᠠᠪᠢᠶ᠎ᠠ ᠬᠦᠰᠡᠯ ᠮᠥᠷᠥᠭᠡᠳᠦᠯ ᠦ᠋ᠨ ᠴᠣᠷ ᠤ᠋ᠨ ᠭᠠᠭᠴᠠ ᠳᠤᠷᠠᠰᠬᠠᠯ ᠪᠢᠯᠡ
ᠠᠯᠤᠰ ᠥᠨᠢ ᠶ᠋ᠢ ᠨᠡᠪᠲᠡᠯᠦᠨ
ᠲᠩᠷᠢ ᠥᠭᠡᠳᠡ ᠴᠣᠷᠣᠢᠭᠰᠠᠨ ᠴᠣᠷ ᠤ᠋ᠨ ᠭᠠᠭᠴᠠ ᠬᠥᠰᠢᠭᠡ ᠪᠢᠯᠡ!
ᠳᠥᠷᠪᠡ
ᠬᠠᠩᠭᠠᠢ᠂ ᠬᠡᠨᠲᠡᠢ᠂ ᠠᠯᠲᠠᠢ ᠴᠢᠨᠢ ᠬᠦᠰᠡᠯ ᠦ᠋ᠨ ᠭᠤᠷᠪᠠ ᠯᠠ ᠪᠢᠯᠡ
ᠬᠠᠨ ᠲᠩᠷᠢ ᠡᠴᠡ ᠢᠷᠦᠭᠡᠯ ᠲᠡᠢ ᠭᠤᠷᠪᠠᠨ ᠡᠷᠳᠡᠨᠢ ᠮᠢᠨᠢ ᠪᠢᠯᠡ᠃
ᠬᠠᠩᠭᠠᠢ᠂ ᠬᠡᠨᠲᠡᠢ᠂ ᠠᠯᠲᠠᠢ ᠴᠢᠨᠢ ᠡᠬᠡ ᠣᠷᠣᠨ ᠤ᠋ ᠲᠤᠯᠭ᠎ᠠ ᠶ᠋ᠢᠨ ᠭᠤᠷᠪᠠ ᠪᠢᠯᠡ
ᠬᠠᠨ ᠲᠩᠷᠢ ᠶ᠋ᠢ ᠲᠥᠭᠡᠨᠡᠭᠰᠡᠨ ᠭᠤᠷᠪᠠᠨ ᠴᠠᠭᠠᠨ ᠳᠥᠯᠥ ᠪᠢᠯᠡ!
ᠲᠠᠪᠤ
ᠡᠬᠡ ᠣᠷᠣᠨ ᠮᠢᠨᠢ᠂ ᠴᠢᠨᠦ ᠬᠣᠲᠠᠳ ᠤ᠋ᠨ ᠴᠡᠴᠡᠷᠯᠢᠭ ᠲᠦ᠍ ᠰᠥᠨᠢ ᠳᠦᠯᠢ ᠪᠡᠷ ᠣᠳᠣᠳ ᠪᠠᠭᠤᠵᠤ
ᠨᠠᠮᠤᠷ ᠤ᠋ᠨ ᠴᠡᠴᠡᠭ ᠲᠡᠢ ᠦᠨᠦᠰᠦᠯᠴᠡᠨ ᠲᠠᠭᠠᠷᠠᠭᠰᠠᠨ ᠳᠡᠯᠪᠢ ᠶ᠋ᠢ ᠨᠢ ᠳᠤᠯᠠᠭᠠᠴᠠᠭᠤᠯᠤᠨᠠᠮ ᠪᠢᠯᠡ᠃
ᠡᠬᠡ ᠣᠷᠣᠨ ᠮᠢᠨᠢ᠂ ᠴᠢᠨᠦ ᠭᠣᠣᠯ ᠤ᠋ᠳ ᠤ᠋ᠨ ᠤᠰᠤᠨ ᠳ᠋ᠤ᠌ ᠰᠠᠷᠠᠨ ᠤ᠋ ᠲᠤᠶᠠᠭ᠎ᠠ ᠰᠦᠯᠡᠷᠡᠨ
ᠦᠳᠡᠰᠢ ᠶ᠋ᠢᠨ ᠪᠦᠷᠦᠢ ᠪᠡᠷ ᠪᠦᠯᠢᠶᠡᠨ ᠭᠦᠨ ᠳ᠋ᠦ᠍ᠨᠢ ᠰᠡᠯᠢᠬᠦ ᠳ᠋ᠦ᠍ ᠡᠬᠡ ᠶ᠋ᠢᠨ ᠬᠡᠪᠡᠯᠢ ᠰᠠᠨᠠᠭᠳᠠᠨᠠᠮ ᠪᠢᠯᠡ᠃
ᠥᠷᠯᠥᠭᠡᠭᠦᠷ ᠠᠯᠲᠠᠯᠢᠭ ᠲᠤᠶᠠᠭ᠎ᠠ ᠪᠠᠷ ᠪᠦᠷᠬᠦᠭᠳᠡᠭᠰᠡᠨ ᠬᠤᠰᠤ ᠮᠣᠳᠣᠳ ᠤ᠋ᠨ ᠱᠤᠤᠭᠢᠶᠠᠨ
ᠳ᠋ᠧᠪᠠᠵᠠᠨ ᠤ᠋ ᠵᠢᠷᠭᠠᠯ ᠢ᠋ ᠠᠮᠢᠨ ᠭᠣᠣᠯ ᠳ᠋ᠤ᠌ ᠮᠢᠨᠢ ᠣᠷᠣᠲᠠᠯ᠎ᠠ ᠡᠳ᠋ᠯᠡᠭᠦᠯᠦᠨᠡᠮ᠃
