ᠪᠡᠷᠢ ᠴᠡᠴᠡᠭ-ᠪᠢᠯᠢᠭᠦᠨ ᠨᠣᠮᠴᠢ ᠪᠢᠮᠪᠠ ᠶᠢᠨ ᠷᠢᠨᠴᠢᠨБэр цэцэг-Билгүүн Номч Бямбын ренчин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠡᠷᠢ ᠴᠡᠴᠡᠭ-ᠪᠢᠯᠢᠭᠦᠨ ᠨᠣᠮᠴᠢ ᠪᠢᠮᠪᠠ ᠶᠢᠨ ᠷᠢᠨᠴᠢᠨБэр цэцэг-Билгүүн Номч Бямбын ренчин

ᠪᠡᠷᠢ ᠴᠡᠴᠡᠭ-ᠪᠢᠯᠢᠭᠦᠨ ᠨᠣᠮᠴᠢ ᠪᠢᠮᠪᠠ ᠶᠢᠨ ᠷᠢᠨᠴᠢᠨБэр цэцэг-Билгүүн Номч Бямбын ренчин

2022-07-14

1767

ᠪᠡᠷᠢ ᠴᠡᠴᠡᠭ


       ᠪ ᠷᠢᠨᠴᠢᠨ 

ᠠᠭᠤᠳᠠᠮ ᠰᠠᠢᠬᠠᠨ ᠮᠠᠨ ᠤ᠋ ᠨᠤᠲᠤᠭ ᠤ᠋ᠨ 
ᠠᠭᠤᠯᠠ ᠲᠠᠯ᠎ᠠ ᠪᠠᠷ ᠥᠩᠭᠡ ᠶ᠋ᠢᠨ ᠴᠡᠴᠡᠭ ᠣᠯᠠᠨ᠃
ᠣᠨᠴᠠ ᠯᠠ ᠲᠡᠭᠦᠨ ᠦ᠌ ᠳᠤᠮᠳᠠ ᠠ᠋ᠴᠠ ᠪᠡᠷᠢ ᠴᠡᠴᠡᠭ 
ᠣᠯᠠᠨ ᠤ᠋ ᠰᠡᠳᠬᠢᠯ ᠳ᠋ᠦ᠍ ᠬᠠᠢᠷᠠᠲᠠᠢ ᠰᠠᠢᠬᠠᠨ᠃
ᠥᠷᠯᠥᠭᠦᠳ ᠣᠪᠣᠭ ᠤ᠋ᠨ ᠡᠪᠦᠭᠡᠳ ᠨᠠᠰᠤᠲᠠᠨ ᠠ᠋ᠴᠠ 
ᠥᠨᠳᠥᠷ ᠡᠷᠲᠡᠨ ᠦ᠌ ᠳᠣᠮᠣᠭ ᠰᠣᠨᠣᠰᠪᠠᠯ 
ᠡᠷᠲᠡ ᠳᠡᠭᠡᠷ᠎ᠡ ᠴᠠᠭ ᠲᠤ᠌ ᠶᠤᠮ ᠭᠡᠨ᠎ᠡ ᠯᠡ 
ᠡᠵᠡᠨ ᠴᠢᠩᠭᠢᠰ ᠦ᠋ᠨ ᠦᠶ᠎ᠡ ᠳ᠋ᠦ᠍ ᠶᠤᠮ ᠭᠡᠨ᠎ᠡ ᠯᠡ 
ᠲᠡᠢᠨ ᠬᠥᠯ ᠶᠡᠬᠡᠲᠦ ᠶ᠋ᠢᠨ ᠴᠠᠭ ᠲᠤ᠌ ᠶᠤᠮ ᠭᠡᠨ᠎ᠡ ᠯᠡ
ᠲᠡᠢᠴᠢ ᠴᠢᠩᠭᠢᠰ ᠦ᠋ᠨ ᠦᠶ᠎ᠡ ᠳ᠋ᠦ᠍ ᠶᠤᠮ ᠭᠡᠨ᠎ᠡ ᠯᠡ
ᠰᠠᠷᠲᠠᠭᠤᠯ ᠲᠦᠮᠡᠨ ᠲᠡᠢ ᠡᠪᠳᠡᠷᠡᠯᠴᠡᠭᠡᠳ
ᠰᠠᠢᠨ ᠮᠠᠭᠤ ᠶ᠋ᠢ ᠪᠡᠨ ᠦᠵᠡᠯᠴᠡᠨ ᠲᠤᠯᠬᠤ ᠭᠡᠵᠦ
ᠠᠷᠤ ᠶ᠋ᠢᠨ ᠶᠡᠬᠡ ᠬᠡᠩᠭᠡᠷᠭᠡ ᠳᠡᠯᠳᠡᠩᠬᠡᠨ᠂
ᠠᠢ ᠲᠦᠮᠡᠨ ᠴᠡᠷᠢᠭ ᠢ᠋ᠶ᠋ᠡᠨ ᠬᠥᠳᠡᠯᠭᠡᠵᠦ
ᠥᠪᠥᠷ ᠦ᠋ᠨ ᠶᠡᠬᠡ ᠬᠡᠩᠭᠡᠷᠭᠡ ᠳᠡᠯᠳᠡᠩᠭᠡᠨ᠂
ᠦᠢ ᠲᠦᠮᠡᠨ ᠴᠡᠷᠢᠭ ᠢ᠋ᠶ᠋ᠡᠨ ᠬᠥᠳᠡᠯᠭᠡᠵᠦ ᠭᠡᠨ᠎ᠡ᠃
ᠬᠠᠷᠢ ᠶ᠋ᠢᠨ ᠭᠦᠷᠦᠨ ᠢ᠋ ᠳᠠᠢᠯᠠᠬᠤ ᠭᠡᠵᠦ
ᠬᠠᠭᠠᠨ ᠳ᠋ᠠᠭᠠᠨ ᠨᠡᠷ᠎ᠡ᠂ ᠥᠪᠡᠷᠲᠡᠭᠡᠨ ᠣᠯᠵᠠ
ᠡᠷᠢᠨ ᠬᠠᠢᠬᠤ ᠭᠡᠵᠦ ᠳᠠᠢᠴᠢᠨ ᠡᠷᠡᠰ
ᠡᠷᠢᠶᠡᠨ ᠮᠠᠢᠬᠠᠨ ᠢ᠋ᠶ᠋ᠠᠷ ᠲᠠᠯ᠎ᠠ ᠶ᠋ᠢ ᠪᠦᠷᠬᠦᠭᠡᠵᠦ 
ᠬᠠᠷᠠᠴᠢᠨ᠂ ᠬᠣᠷᠴᠢᠨ᠂ ᠥᠷᠯᠥᠭᠦᠳ ᠮᠣᠷᠳᠠᠪᠠ᠃
ᠬᠠᠲᠠᠭᠢᠨ᠂ ᠶᠦᠩᠰᠢᠶᠡᠪᠦ᠂ ᠲᠠᠲ᠋ᠠᠷ ᠮᠣᠷᠳᠠᠪᠠ᠃
ᠬᠡᠷᠡᠢᠳ᠂ ᠵᠠᠯᠠᠢᠷ᠂ ᠨᠠᠢ᠍ᠮᠠᠨ ᠮᠣᠷᠳᠠᠪᠠ᠃
ᠬᠡᠭᠡᠷ᠎ᠡ ᠶ᠋ᠢᠨ ᠣᠯᠠᠨ ᠠᠢᠮᠠᠭ ᠬᠥᠳᠡᠯᠪᠡ᠃
ᠰᠦᠷᠲᠦ ᠡᠵᠡᠨ ᠦ᠌ ᠰᠦᠷᠡᠬᠡᠢ ᠴᠠᠭᠠᠵᠠ ᠳᠠᠭᠠᠵᠤ
ᠰᠦᠯᠳᠡ ᠪᠣᠯᠤᠭᠰᠠᠨ ᠳᠣᠭᠰᠢᠨ ᠲᠤᠭ ᠤ᠋ᠨ ᠳᠣᠣᠷ᠎ᠠ
ᠭᠠᠩ ᠰᠠᠬᠢᠯᠭ᠎ᠠ ᠪᠠᠷ ᠭᠠᠩᠨᠠᠭᠳᠠᠵᠤ
ᠭᠠᠭᠴᠠ ᠬᠥᠮᠦᠨ ᠰᠢᠭ ᠳᠤᠭᠤᠯᠭᠠᠪᠤᠷᠢ ᠲᠠᠢ ᠮᠣᠷᠳᠠᠬᠤ ᠳ᠋ᠤ᠌
ᠡᠭᠦᠷᠢᠳᠡ ᠪᠠᠲᠤ ᠵᠢᠷᠤᠮ ᠢ᠋ ᠰᠠᠬᠢᠨ᠎ᠠ ᠭᠡᠵᠦ᠂
ᠦᠨᠡᠨ ᠭᠣᠣᠯ ᠤ᠋ᠨ ᠢ᠋ᠶ᠋ᠠᠨ ᠦᠭᠡ ᠬᠡᠯᠡᠯᠴᠡᠵᠦ᠂
ᠬᠠᠯᠠᠭᠤᠨ ᠢᠨᠠᠭ ᠬᠣᠶᠠᠷ ᠵᠠᠯᠠᠭᠤᠰ
ᠬᠠᠭᠠᠴᠠᠯᠳᠤᠨ ᠰᠠᠯᠢᠰᠤᠨ ᠶᠤᠮ ᠭᠡᠨᠦᠯᠡᠭᠡ᠃
ᠨᠤᠲᠤᠭ ᠭᠣᠯᠣᠮᠲᠠ ᠪᠠᠨ ᠰᠠᠬᠢᠶᠠᠴᠢᠨ᠂
ᠨᠤᠭᠤᠨ ᠦᠷ᠎ᠡ ᠪᠡᠨ ᠮᠣᠷᠳᠠᠭᠤᠭᠠᠴᠢᠨ᠂
ᠠᠬ᠎ᠠ ᠳᠡᠭᠦᠦ ᠪᠡᠨ ᠬᠦᠯᠢᠶᠡᠭᠡᠴᠢᠨ᠂
ᠠᠮᠠᠷᠠᠭ ᠬᠠᠢᠷᠠᠲᠠᠨ ᠢ᠋ᠶ᠋ᠠᠨ ᠬᠦᠰᠡᠭᠡᠴᠢᠨ᠂
ᠰᠠᠷ᠎ᠠ ᠶ᠋ᠢᠨ ᠣᠯᠠᠨ ᠢ᠋ ᠰᠠᠳᠤᠨ ᠬᠦᠯᠢᠶᠡᠵᠦ᠂
ᠡᠳᠦᠷ ᠦ᠋ᠨ ᠣᠯᠠᠨ ᠢ᠋ ᠥᠨᠵᠢᠨ ᠬᠦᠯᠢᠶᠡᠵᠦ᠂
ᠠᠯᠤᠰ ᠤ᠋ᠨ ᠮᠡᠳᠡᠭᠡ ᠴᠢᠮᠡᠭᠡ ᠰᠤᠷᠠᠭᠯᠠᠨ᠂
ᠠᠶᠠᠨ ᠲᠡᠢᠨ ᠦ᠌ ᠴᠢᠮᠡᠭᠡ ᠳᠠᠭᠤᠯᠠᠪᠠᠯ᠂
ᠲᠡᠢᠨ ᠦ᠌ ᠬᠠᠲᠠᠭᠤ ᠵᠠᠮ ᠢ᠋ ᠵᠠᠮᠨᠠᠵᠤ᠂
ᠳᠠᠢᠯᠠᠷ᠎ᠠ ᠮᠣᠷᠳᠠᠭᠰᠠᠨ ᠲᠦᠮᠡᠨ ᠴᠡᠷᠢᠭ
ᠰᠠᠮᠠᠭᠤᠨ ᠬᠥᠯ ᠦ᠋ᠨ ᠰᠢᠯᠲᠠᠭ ᠪᠣᠯᠤᠭᠰᠠᠨ᠂
ᠰᠠᠷᠲᠠᠭᠤᠯ ᠭᠦᠷᠦᠨ ᠢ᠋ ᠪᠠᠢᠯᠳᠤᠨ ᠳᠠᠭᠠᠭᠤᠯᠵᠤ᠂
ᠵᠢᠳᠠ ᠮᠡᠰᠡ ᠶ᠋ᠢᠨ ᠡᠵᠡᠨ ᠪᠣᠯᠤᠭᠰᠠᠨ᠂
ᠵᠢᠯᠠᠯᠳᠠ ᠶ᠋ᠢᠨ ᠰᠤᠯᠠᠳᠠᠨ ᠢ᠋ ᠵᠠᠢᠯᠠᠭᠤᠯᠵᠤ᠂
ᠬᠦᠴᠦᠷᠬᠡᠭ᠂ ᠡᠵᠡᠷᠬᠡᠭ ᠨᠣᠶᠠᠳ
ᠬᠥᠮᠦᠨ ᠦ᠌ ᠴᠢᠰᠤᠨ ᠳ᠋ᠤ᠌ ᠬᠠᠨᠤᠭᠠᠳ᠂
ᠬᠦᠯᠦᠭ ᠦ᠋ᠨ ᠵᠢᠯᠣᠭᠣ ᠶ᠋ᠢ ᠨᠤᠲᠤᠭ ᠤ᠋ᠨ ᠵᠦᠭ ᠵᠠᠯᠠᠭᠠᠳ᠂
ᠬᠥᠮᠦᠨ ᠦ᠌᠂ ᠬᠠᠷᠢ ᠶ᠋ᠢᠨ ᠭᠠᠵᠠᠷ ᠠ᠋ᠴᠠ ᠠᠢᠰᠤᠢ ᠭᠡᠨ᠎ᠡ᠃
ᠢᠨᠠᠭ ᠢ᠋ᠶ᠋ᠠᠨ ᠤᠭᠲᠤᠬᠤ ᠭᠡᠵᠦ ᠥᠨᠥᠬᠢ ᠪᠡᠷᠢ
ᠢᠯᠠᠭᠰᠠᠨ ᠴᠡᠷᠢᠭ ᠢ᠋ ᠲᠤᠰᠪᠠ ᠭᠡᠨ᠎ᠡ᠃
ᠡᠳᠦᠷ ᠦ᠋ᠨ ᠭᠠᠵᠠᠷ ᠠ᠋ᠴᠠ ᠴᠤᠪᠤᠭᠰᠠᠨ
ᠦᠢ ᠲᠦᠮᠡᠨ ᠴᠡᠷᠢᠭ ᠢ᠋ ᠰᠢᠷᠳᠡᠵᠦ᠂
ᠥᠷᠯᠥᠭᠡᠨ ᠦ᠌ ᠮᠠᠨᠳᠤᠬᠤ ᠨᠠᠷᠠᠨ ᠠ᠋ᠴᠠ
ᠦᠳᠡᠰᠢ ᠶ᠋ᠢᠨ ᠰᠢᠩᠭᠡᠬᠦ ᠨᠠᠷᠠ ᠬᠦᠷᠲᠡᠯ᠎ᠡ
ᠵᠠᠮ ᠤ᠋ᠨ ᠣᠪᠣᠭᠠᠨ ᠳᠡᠭᠡᠷ᠎ᠡ ᠵᠣᠭᠰᠣᠪᠠ ᠭᠡᠨ᠎ᠡ
ᠵᠠᠯᠠᠭᠤ᠂ ᠬᠥᠭᠰᠢᠨ ᠳᠠᠢᠴᠢᠨ ᠴᠤᠪᠤᠨ
ᠬᠥᠪᠴᠢᠨ ᠪᠡᠶ᠎ᠡ ᠨᠢ ᠰᠢᠷᠠᠮᠤ ᠪᠠᠷ ᠰᠢᠷᠢᠭᠳᠡᠭᠰᠡᠨ 
ᠰᠢᠪᠦᠭᠡ ᠪᠡᠷ ᠬᠠᠳᠬᠤᠬᠤ ᠴᠢᠯᠥᠭᠡ ᠦᠭᠡᠢ᠂
ᠬᠠᠮᠤᠭ ᠪᠡᠶ᠎ᠡ ᠨᠢ ᠲᠡᠮᠦᠷ ᠢ᠋ᠶ᠋ᠡᠷ ᠳᠠᠪᠲᠠᠭᠰᠠᠨ
ᠲᠡᠪᠡᠨᠡ ᠬᠠᠳᠬᠤᠬᠤ ᠴᠢᠯᠥᠭᠡ ᠦᠭᠡᠢ᠂
ᠡᠯᠢᠭᠡᠨ ᠳ᠋ᠡᠭᠡᠨ ᠰᠥᠰᠥᠲᠦᠨ᠂
ᠡᠷᠡᠬᠡᠢ ᠳ᠋ᠡᠭᠡᠨ ᠣᠨᠴᠢᠲᠠᠨ᠂
ᠠᠭᠤᠰᠬᠢ ᠳᠦᠭᠦᠷᠡᠩ ᠵᠢᠷᠦᠬᠡᠲᠡᠨ᠂
ᠠᠮᠠ ᠳᠦᠭᠦᠷᠡᠩ ᠠᠲᠤᠷᠲᠠᠨ᠂
ᠡᠷ᠎ᠡ ᠳᠠᠢᠴᠢᠨ ᠭᠠᠪᠢᠶ᠎ᠠ ᠲᠠᠢ᠂
ᠡᠵᠡᠨ ᠴᠢᠩᠭᠢᠰ ᠦ᠋ᠨ ᠲᠣᠷᠭᠠᠨ ᠴᠡᠷᠢᠭ
ᠡᠷᠡᠯᠬᠡᠭ ᠪᠠᠭᠠᠲᠤᠷ ᠬᠡᠰᠢᠭᠲᠡᠨ᠃
ᠰᠦᠯᠳᠡ ᠪᠣᠯᠤᠭᠰᠠᠨ ᠲᠤᠭ ᠢ᠋ᠶ᠋ᠠᠨ ᠳᠡᠯᠭᠡᠵᠦ
ᠰᠦᠷᠲᠦ ᠵᠢᠭᠰᠠᠭᠠᠯ ᠢ᠋ᠶ᠋ᠠᠷ ᠥᠩᠭᠡᠷᠡᠪᠡ᠃
ᠣᠯᠵᠠᠨ ᠳ᠋ᠤ᠌ ᠬᠠᠨᠤᠭᠰᠠᠨ ᠣᠮᠣᠭᠲᠤ ᠴᠡᠷᠢᠭ
ᠣᠲᠣᠭ ᠤᠲᠤᠭ᠎ᠠ ᠪᠠᠷ ᠴᠤᠪᠤᠨ ᠥᠩᠭᠡᠷᠡᠬᠦ ᠳ᠋ᠦ᠍
ᠠᠯᠠᠭ ᠨᠢᠳᠦ ᠪᠡᠨ ᠴᠢᠯᠡᠲᠡᠯ᠎ᠡ ᠰᠢᠷᠳᠡᠭᠡᠳ
ᠠᠮᠠᠷᠠᠭ ᠤ᠋ᠨ ᠪᠠᠷ᠎ᠠ ᠡᠰᠡ ᠦᠵᠡᠭᠳᠡᠪᠡ᠃
ᠭᠠᠢᠬᠠᠨ ᠶᠠᠳᠠᠬᠤ ᠳ᠋ᠠᠭᠠᠨ ᠬᠥᠭᠡᠷᠦᠬᠦᠢ ᠬᠡᠦᠬᠡᠨ
ᠭᠠᠵᠠᠷ ᠤ᠋ᠨ ᠬᠣᠯᠠ ᠠ᠋ᠴᠠ ᠲᠠᠭᠤᠯᠭᠠᠨ ᠴᠤᠪᠤᠭᠰᠠᠨ
ᠪᠤᠮᠠᠨ ᠲᠦᠮᠡᠨ ᠰᠠᠷᠲᠠᠭᠤᠯ ᠢ᠋᠂
ᠪᠤᠬ᠎ᠠ ᠪᠠᠷ ᠲᠠᠬ᠎ᠠ ᠪᠠᠷ ᠣᠯᠠᠨ ᠢ᠋᠂
ᠭᠠᠷ ᠬᠥᠯ ᠭᠠᠪᠠ ᠲᠤᠱᠠ ᠲᠠᠢ
ᠭᠠᠰᠠᠯᠠᠩ ᠵᠣᠪᠠᠯᠠᠩ ᠪᠣᠯᠤᠭᠰᠠᠨ
ᠭᠠᠢ ᠳ᠋ᠤ᠌ ᠭᠠᠷᠤᠭᠰᠠᠨ ᠣᠯᠵᠠᠨ ᠤ᠋ ᠬᠢᠨ ᠢ᠋᠂
ᠭᠠᠢᠭᠤᠢ ᠨᠢᠭᠲᠠᠯᠠᠨ ᠦᠵᠡᠪᠡ ᠭᠡᠨ᠎ᠡ᠃
ᠰᠠᠷ᠎ᠠ ᠶ᠋ᠢᠨ ᠣᠯᠠᠨ ᠢ᠋ ᠰᠠᠨᠠᠨ ᠬᠦᠰᠡᠵᠦ᠂
ᠡᠳᠦᠷ ᠦ᠋ᠨ ᠣᠯᠠᠨ ᠢ᠋ ᠮᠥᠷᠥᠭᠡᠳᠦᠨ ᠭᠤᠨᠢᠵᠤ᠂
ᠣᠨᠴᠠᠯᠠᠨ ᠬᠦᠰᠡᠭᠰᠡᠨ ᠠᠮᠠᠷᠠᠭ ᠢ᠋ᠶ᠋ᠠᠨ
ᠣᠯᠠᠨ ᠤ᠋ ᠳᠣᠲᠣᠷ᠎ᠠ ᠠ᠋ᠴᠠ ᠣᠯᠤᠭᠰᠠᠨ ᠦᠭᠡᠢ᠃
ᠠᠯᠲᠠᠨ ᠨᠠᠷᠠᠨ ᠤ᠋ ᠰᠢᠩᠭᠡᠵᠦ ᠪᠠᠢᠭ᠎ᠠ ᠵᠦᠭ
ᠠᠭᠲᠠ ᠪᠠᠷ ᠲᠠᠩᠭᠠᠷᠢᠭ ᠢ᠋ᠶ᠋ᠠᠨ ᠲᠠᠯᠪᠢᠨ ᠣᠴᠢᠵᠤ᠂
ᠠᠷᠢᠭᠤᠨ᠎ᠠ ᠰᠢᠩᠭᠡᠵᠦ ᠪᠠᠢᠭ᠎ᠠ ᠠᠯᠲᠠᠨ ᠨᠠᠷᠠ ᠮᠢᠨᠢ
ᠠᠮᠠᠷᠠᠭ ᠢ᠋ ᠮᠢᠨᠢ ᠬᠠᠷᠠᠬᠤ ᠶ᠋ᠢ ᠶᠠᠭᠠᠬᠢᠯ᠎ᠠ ᠳᠠ
ᠬᠠᠷᠢᠶᠠᠴᠠᠢ ᠪᠣᠯᠤᠨ ᠨᠢᠰᠳᠡᠭ ᠴᠦ᠍ ᠪᠣᠯᠤᠭᠠᠰᠠᠢ ᠪᠢ᠂
ᠬᠠᠷᠢ ᠶ᠋ᠢᠨ ᠬᠦᠢᠲᠡᠨ ᠭᠠᠵᠠᠷ ᠥᠨᠥᠴᠢᠷᠡᠨ ᠬᠠᠶᠠᠭᠳᠠᠭᠰᠠᠨ᠂
ᠬᠠᠢᠷᠠᠲᠤ ᠶ᠋ᠢᠨ ᠢ᠋ᠶ᠋ᠡᠨ ᠶᠠᠰᠤᠨ ᠳᠡᠭᠡᠷ᠎ᠡ ᠬᠦᠷᠴᠦ ᠣᠴᠢᠭᠰᠠᠨ᠃
ᠬᠥᠮᠦᠨ ᠦ᠌ ᠭᠠᠵᠠᠷ ᠤ᠋ᠨ ᠬᠦᠢᠲᠡᠨ ᠬᠠᠷ᠎ᠠ ᠲᠣᠭᠣᠰᠣ ᠶ᠋ᠢ ᠨᠢ
ᠵᠢᠭᠦᠷ ᠢ᠋ᠶ᠋ᠡᠷ ᠢ᠋ᠶ᠋ᠡᠨ ᠠᠷᠴᠢᠨ ᠳᠡᠪᠢᠭᠦᠭᠰᠡᠨ᠂
ᠵᠢᠷᠭᠢᠨ ᠵᠢᠷᠭᠢᠨ ᠳᠣᠩᠭᠣᠳᠬᠤ ᠳ᠋ᠤ᠌ ᠮᠢᠨᠢ
ᠳᠠᠭᠤᠯᠠᠭᠠᠳ ᠪᠤᠰᠬᠠᠭᠰᠠᠨ ᠪᠢᠯᠡ ᠤᠤ ᠬᠣᠩᠭᠣᠷ ᠮᠢᠨᠢ᠃
ᠰᠡᠷᠢᠭᠦᠨ ᠢ᠋ᠶ᠋ᠡᠨ ᠰᠡᠪᠰᠢᠨ ᠳᠡᠪᠢᠬᠦ ᠬᠣᠩᠭᠣᠷ ᠰᠠᠯᠬᠢ ᠮᠢᠨᠢ᠂
ᠰᠡᠳᠬᠢᠯ ᠦ᠋ᠨ ᠮᠢᠨᠢ ᠢᠨᠠᠭ ᠢ᠋ ᠬᠠᠷᠠᠬᠤ ᠶ᠋ᠢ ᠴᠦ᠍ ᠶᠠᠭᠠᠬᠢᠯ᠎ᠠ ᠳᠠ
ᠬᠡᠭᠦᠷᠵᠡᠭᠡᠨ᠎ᠡ ᠪᠣᠯᠤᠨ ᠨᠢᠰᠳᠡᠭ ᠴᠦ᠍ ᠪᠣᠯᠤᠭᠠᠰᠠᠢ ᠪᠢ
ᠬᠥᠮᠦᠨ ᠦ᠌ ᠭᠠᠵᠠᠷ ᠬᠠᠶᠠᠭᠳᠠᠭᠰᠠᠨ ᠬᠥᠷ ᠢ᠋ ᠪᠡᠨ
ᠬᠦᠰᠡᠯᠲᠡ ᠰᠡᠳᠬᠢᠯ ᠦ᠋ᠨ ᠬᠦᠴᠦ ᠪᠡᠷ ᠣᠯᠭᠣᠭᠰᠠᠨ ᠪᠢ᠃
ᠬᠠᠯᠠᠭᠤᠨ ᠨᠢᠯᠪᠤᠰᠤ ᠪᠠᠷ ᠢ᠋ᠶ᠋ᠠᠨ
ᠬᠠᠢᠷᠠᠲᠤ ᠶ᠋ᠢᠨ ᠢ᠋ᠶ᠋ᠡᠨ ᠰᠢᠷᠬ᠎ᠠ ᠶ᠋ᠢ
ᠤᠬᠢᠶᠠᠨ ᠭᠠᠰᠢᠭᠤᠳᠠᠵᠤ
ᠤᠬᠢᠯᠠᠨ ᠳᠣᠩᠭᠣᠳᠬᠤ ᠰᠠᠨ
ᠤᠶᠠᠷᠠᠭᠠᠳ ᠴᠤ᠌ ᠰᠡᠷᠭᠦᠭᠰᠡᠨ ᠪᠢᠯᠡ ᠤᠤ ᠳᠠ ᠬᠣᠩᠭᠣᠷ ᠮᠢᠨᠢ᠃
ᠬᠥᠬᠡ ᠮᠥᠩᠬᠡ ᠲᠩᠷᠢ ᠥᠨᠳᠥᠷ ᠡᠴᠢᠭᠡ ᠮᠢᠨᠢ
ᠬᠥᠷᠥᠰᠥᠲᠦ ᠡᠳᠦᠭᠡᠨ ᠳᠡᠯᠡᠬᠡᠢ ᠥᠷᠭᠡᠨ ᠡᠬᠡ ᠮᠢᠨᠢ᠃
ᠨᠡᠷᠡᠲᠦ ᠰᠠᠢᠬᠠᠨ ᠡᠨᠡ ᠶᠢᠷᠲᠢᠨᠴᠦ ᠳ᠋ᠦ᠍
ᠨᠠᠳᠠ ᠰᠢᠭ᠋ ᠵᠣᠪᠠᠯᠠᠩ ᠲᠠᠢ ᠠᠮᠢᠲᠠᠨ
ᠦᠶ᠎ᠡ ᠶ᠋ᠢᠨ ᠦᠶ᠎ᠡ ᠳ᠋ᠦ᠍ ᠪᠤᠤ ᠭᠠᠷᠤᠭᠠᠰᠠᠢ᠃
ᠬᠠᠯᠠᠭᠤᠨ ᠠᠮᠠᠷᠠᠭ ᠰᠡᠳᠬᠢᠯᠲᠡᠨ ᠢ᠋
ᠬᠠᠭᠠᠴᠠᠨ ᠰᠠᠯᠬᠤ ᠶ᠋ᠢ ᠪᠤᠤ ᠦᠵᠡᠭᠡᠰᠡᠢ
ᠲᠡᠢᠨ ᠭᠡᠳᠡᠭ ᠮᠠᠭᠤ ᠦᠭᠡ ᠶ᠋ᠢ ᠦᠶ᠎ᠡ ᠶ᠋ᠢᠨ ᠦᠶ᠎ᠡ ᠳ᠋ᠦ᠍
ᠳᠠᠶᠠᠩ ᠳᠡᠯᠡᠬᠡᠢ ᠶ᠋ᠢᠨ ᠲᠦᠮᠡᠨ ᠤᠯᠤᠰ ᠮᠠᠷᠲᠠᠭᠠᠰᠠᠢ ᠭᠡᠵᠦ
ᠲᠩᠷᠢ ᠭᠠᠵᠠᠷ ᠠᠯᠲᠠᠨ ᠨᠠᠷᠠᠨ ᠤ᠋ ᠵᠦᠭ
ᠲᠡᠰᠬᠡᠯ ᠦᠭᠡᠢ ᠭᠠᠰᠢᠭᠤᠳᠠᠨ ᠳᠠᠭᠤᠳᠠᠵᠤ
ᠤᠶᠠᠷᠠᠭᠰᠠᠨ ᠬᠣᠩᠭᠣᠷ ᠰᠡᠳᠬᠢᠯ ᠦ᠋ᠨ ᠢ᠋ᠶ᠋ᠡᠨ
ᠤᠶᠠᠩᠭᠠᠲᠤ ᠰᠠᠢᠬᠠᠨ ᠢᠷᠦᠭᠡᠯ ᠳᠡᠪᠰᠢᠭᠦᠯᠵᠦ
ᠠᠯᠠᠭ ᠬᠣᠶᠠᠷ ᠨᠢᠳᠦᠨ ᠦ᠌ ᠨᠢᠯᠪᠤᠰᠤ ᠶ᠋ᠢ
ᠬᠡᠯᠬᠢᠶ᠎ᠡ ᠲᠠᠰᠤᠷᠠᠭᠰᠠᠨ ᠭᠡᠷᠡᠯᠲᠦ ᠰᠤᠪᠤᠳ ᠰᠢᠭ᠋
ᠬᠡᠭᠡᠷ᠎ᠡ ᠶ᠋ᠢᠨ ᠲᠡᠷᠡ ᠳᠣᠪᠣ ᠳᠡᠭᠡᠷ᠎ᠡ ᠪᠥᠮᠪᠥᠷᠢᠭᠦᠯᠪᠡ ᠭᠡᠨ᠎ᠡ᠃
ᠠᠷᠢᠭᠤᠨ ᠲᠡᠷᠡ ᠨᠢᠯᠪᠤᠰᠤ ᠤᠨᠠᠭᠰᠠᠨ ᠭᠠᠵᠠᠷ ᠨᠢ
ᠠᠩᠬᠢᠯᠤᠭᠤᠨ ᠰᠠᠢᠬᠠᠨ ᠴᠡᠴᠡᠭ ᠤᠷᠭᠤᠭᠰᠠᠨ ᠢ᠋
ᠬᠥᠭᠡᠷᠦᠬᠦᠢ ᠲᠡᠷᠡ ᠪᠡᠷᠢ ᠶ᠋ᠢᠨ ᠳᠤᠷᠠᠰᠬᠠᠯ ᠪᠣᠯᠭᠠᠵᠤ
ᠬᠥᠭᠰᠢᠳ ᠪᠡᠷᠢ ᠴᠡᠴᠡᠭ ᠭᠡᠵᠦ ᠨᠡᠷᠡᠯᠡᠭᠰᠡᠨ ᠭᠡᠳᠡᠭ᠃
ᠬᠠᠯᠠᠭᠤᠨ ᠰᠠᠢᠬᠠᠨ ᠰᠡᠳᠬᠢᠯᠲᠡᠨ ᠬᠠᠭᠠᠴᠠᠬᠤ ᠳ᠋ᠠᠭᠠᠨ᠂
ᠬᠠᠷᠢ ᠶ᠋ᠢᠨ ᠬᠣᠯᠠ ᠭᠠᠵᠠᠷ ᠮᠣᠷᠳᠠᠨ ᠶᠠᠪᠤᠬᠤ ᠳ᠋ᠠᠭᠠᠨ᠂
ᠡᠷᠲᠡᠨ ᠦ᠌ ᠠᠷᠢᠭᠤᠨ ᠰᠡᠳᠬᠢᠯ ᠲᠡᠢ
ᠡᠷᠬᠢᠮ ᠲᠡᠷᠡ ᠪᠡᠷᠢ ᠶ᠋ᠢᠨ ᠢᠷᠦᠭᠡᠯ ᠢ᠋ᠶ᠋ᠡᠷ
ᠠᠮᠠᠷᠠᠭ ᠪᠢᠳᠡᠨ ᠦ᠌ ᠪᠡᠶᠡᠰ
ᠠᠯᠲᠠᠨ ᠨᠠᠷᠠᠨ ᠤ᠋ ᠭᠡᠷᠡᠯ ᠳ᠋ᠦ᠍
ᠡᠩᠬᠡ ᠰᠠᠢᠬᠠᠨ ᠵᠢᠷᠭᠠᠯ ᠡᠳ᠋ᠯᠡᠵᠦ
ᠡᠨᠡ ᠨᠠᠰᠤᠨ ᠤ᠋ ᠡᠴᠦᠰ ᠪᠣᠯᠲᠠᠯ᠎ᠠ
ᠰᠠᠯᠬᠤ ᠶ᠋ᠢᠨ ᠵᠣᠪᠠᠯᠠᠩ ᠦᠵᠡᠯ ᠦᠭᠡᠢ᠂
ᠰᠠᠭᠠᠷ ᠤ᠋ᠨ ᠨᠡᠷ᠎ᠡ ᠰᠣᠨᠣᠰᠤᠯ ᠦᠭᠡᠢ
ᠰᠠᠢᠨ ᠰᠠᠢᠬᠠᠨ ᠶᠠᠪᠤᠭᠠᠰᠠᠢ ᠭᠡᠵᠦ
ᠪᠢᠯᠢᠭᠲᠦ ᠰᠠᠢᠬᠠᠨ ᠦᠭᠡ ᠬᠡᠯᠡᠯᠴᠡᠵᠦ
ᠪᠡᠷᠢ ᠴᠡᠴᠡᠭ ᠪᠡᠶ᠎ᠡ ᠪᠡᠶ᠎ᠡ ᠳ᠋ᠡᠭᠡᠨ ᠪᠠᠷᠢᠳᠠᠭ᠂
ᠡᠷᠲᠡᠨ ᠦ᠌ ᠳᠡᠭᠡᠳᠦ ᠡᠪᠦᠭᠡᠳ ᠡᠴᠡ ᠤᠯᠠᠮᠵᠢᠯᠠᠭᠰᠠᠨ
ᠡᠷᠬᠢᠮ ᠰᠠᠢᠬᠠᠨ ᠵᠠᠩᠰᠢᠯ ᠨᠢᠭᠡᠨ ᠪᠣᠢ᠃