ᠮᠢᠨᠦ ᠬᠡᠯᠡ – ᠶᠣᠨᠳᠣᠨ ᠤ ᠪᠢᠯᠢᠭ᠌ - ᠪᠠᠭᠠᠲᠤᠷ Миний  хэл – Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠬᠡᠯᠡ – ᠶᠣᠨᠳᠣᠨ ᠤ ᠪᠢᠯᠢᠭ᠌ - ᠪᠠᠭᠠᠲᠤᠷ Миний  хэл – Ёндоны Билиг - Баатар

ᠮᠢᠨᠦ ᠬᠡᠯᠡ – ᠶᠣᠨᠳᠣᠨ ᠤ ᠪᠢᠯᠢᠭ᠌ - ᠪᠠᠭᠠᠲᠤᠷ Миний  хэл – Ёндоны Билиг - Баатар

2024-10-10

1505

ᠮᠢᠨᠦ ᠬᠡᠯᠡ


 ᠰᠢᠪᠠᠭᠤᠳ ᠤ᠋ᠨ ᠬᠡᠯᠡ ᠶ᠋ᠢ ᠮᠡᠳᠡᠪᠡᠰᠦ ᠲᠠ 
 ᠰᠢᠭᠤᠳ ᠯᠠ ᠮᠢᠨᠦ ᠮᠣᠩᠭᠣᠯ ᠬᠡᠯᠡ ᠶ᠋ᠢ 
 ᠰᠠᠷᠠᠨ ᠤ᠋ ᠭᠡᠷᠡᠯ ᠰᠢᠭ ᠠᠩᠭᠠᠵᠤ ᠵᠠᠯᠭᠢᠯᠨᠨ᠎ᠡ 
 ᠰᠦᠨ ᠠᠮᠲᠠ ᠶ᠋ᠢ ᠨᠢ ᠬᠥᠬᠥᠵᠦ ᠦᠰᠤᠨ᠎ᠡ 
 ᠰᠤᠤᠲᠤ ᠬᠡᠯᠡ ᠮᠢᠨᠢ ᠳᠥᠷᠪᠡᠨ ᠤᠯᠠᠷᠢᠯ ᠲᠠᠢ 
 ᠲᠥᠷᠥᠭᠰᠡᠨ ᠮᠥᠴᠡ ᠡᠴᠡ ᠪᠡᠨ ᠡᠬᠢᠯᠡᠨ 
 ᠲᠦᠮᠡᠨ ᠲᠥᠷᠥᠯ ᠦ᠋ᠨ ᠬᠡᠯᠡ ᠲᠡᠢ 
 ᠰᠣᠯᠣᠩᠭᠠᠷᠠᠨ ᠶᠠᠷᠢᠯᠴᠠᠳᠠᠭ ᠶᠤᠮ 
 ᠲᠢᠪ ᠳᠡᠯᠡᠬᠡᠢ ᠶ᠋ᠢ ᠲᠣᠭᠣᠷᠢᠭᠠᠳ ᠁ 
 ᠲᠦᠪᠡᠷᠭᠡᠨ ᠦ᠌ ᠴᠢᠮᠡᠭᠡ ᠲᠡᠢ 
 ᠠᠶᠤᠩᠭᠠᠨ ᠳᠠᠭᠤᠨ ᠲᠠᠢ 
 ᠠᠭᠰᠤᠮᠨᠠᠩᠬᠠᠨ ᠤᠷᠤᠰᠳᠠᠭ ᠶᠤᠮ 
 ᠵᠥᠪ ᠡᠨᠸᠷᠬᠢ ᠶ᠋ᠢᠨ ᠳᠣᠯᠭᠢᠶᠠᠨ ᠲᠠᠢ ᠪᠣᠯᠬᠣᠷ 
 ᠵᠢᠷᠦᠬᠡᠨ ᠦ᠌ ᠬᠡᠯᠡ ᠠᠮᠤᠭᠤᠯᠠᠩ ᠣᠷᠣᠰᠢᠳᠠᠭ 
 ᠰᠠᠨᠰᠠᠷ ᠣᠷᠴᠢᠯᠠᠩ ᠤ᠋ᠨ ᠭᠡᠷᠡᠯ ᠬᠡᠯᠡ ᠶ᠋ᠢ ᠴᠦ᠍ 
 ᠰᠠᠳᠤᠨ ᠤ᠋ ᠪᠠᠨ ᠬᠡᠯᠡ ᠰᠢᠭ ᠲᠥᠬᠥᠭᠡᠷᠡᠳᠡᠭ 
 ᠠᠮᠢᠲᠠᠨ ᠵᠢᠷᠭᠤᠭᠠᠨ ᠵᠦᠢᠯ ᠦ᠋ᠨ ᠬᠡᠯᠡ ᠶ᠋ᠢ 
 ᠠᠯᠳᠠᠭ᠎ᠠ ᠦᠭᠡᠢ ᠵᠥᠪ ᠣᠷᠴᠢᠭᠤᠯᠳᠠᠭ! 
 ᠮᠥᠩᠬᠡ ᠲᠡᠭᠷᠢ ᠡᠴᠡ ᠠᠰᠬᠠᠷᠠᠳᠠᠭ ᠪᠣᠯᠬᠣᠷ 
 ᠮᠤᠩᠬᠠᠭ ᠲᠠᠷᠢᠬᠢᠨ ᠠ᠋ᠴᠠ ᠳᠡᠯᠭᠡᠷᠡᠳᠡᠭ ᠦᠭᠡᠢ 
 ᠡᠷᠡᠮᠡᠬᠡᠢ ᠪᠣᠰᠤᠭ᠎ᠠ ᠠᠮᠢᠰᠠᠬᠤᠭ᠎ᠠ ᠲᠠᠢ ᠪᠣᠯᠬᠣᠷ 
 ᠡᠷᠭᠢᠯᠭᠡᠨ ᠡᠴᠡ ᠪᠡᠨ ᠡᠷᠴᠢᠮ ᠬᠤᠷᠤᠢᠯᠠᠳᠠᠭ!
 ᠵᠢᠸ᠎ᠠ ᠰᠠᠶ᠎ᠠ ᠡᠬᠢᠰᠢᠭᠯᠡᠩ ᠲᠡᠢ ᠪᠣᠯᠬᠣᠷ 
 ᠰᠠᠭᠰᠠᠷᠯᠢᠭ ᠣᠷᠴᠢᠯᠠᠩᠯᠢᠭ ᠣᠶᠣᠯᠢᠭ ᠬᠡᠯᠡ ᠶᠦᠮ 
 ᠰᠠᠢᠨ ᠰᠠᠢᠬᠠᠨ ᠢᠷᠦᠭᠡᠯ ᠮᠠᠭᠲᠠᠭᠠᠯ ᠪᠣᠯᠬᠣᠷ 
 ᠵᠢᠪᠡᠷᠡᠰᠢ ᠦᠭᠡᠢ ᠭᠠᠯ ᠰᠦᠨᠡᠰᠦ ᠲᠡᠢ ᠶᠦᠮ 
 ᠡᠢᠮᠦ ᠯᠡ ᠰᠠᠢᠬᠠᠨ ᠭᠠᠢᠬᠠᠮᠰᠢᠭᠲᠠᠢ 
 ᠡᠩᠬᠦᠷᠡᠢ ᠲᠣᠷᠭᠠᠨ ᠬᠡᠯᠡ ᠶ᠋ᠢ ᠪᠡᠨ 
 ᠲᠠᠪᠤᠨ ᠬᠣᠰᠢᠭᠤ ᠮᠠᠯ ᠲᠠᠢ ᠪᠠᠨ 
 ᠲᠠᠩᠰᠤᠭ ᠨᠤᠲᠤᠭ ᠲᠠᠭᠠᠨ ᠬᠠᠷᠢᠭᠤᠯᠤᠩᠬᠠᠨ 
 ᠲᠠᠩᠭᠠᠷᠢᠭᠲᠤ ᠤᠨᠢᠰᠤᠭᠠᠯᠢᠭ ᠤᠳᠬ᠎ᠠ ᠲᠠᠢ ᠨᠢ 
 ᠲᠠᠩᠭᠠᠷᠢᠭ ᠡᠷᠭᠦᠨ ᠬᠠᠮᠠᠭᠠᠯᠠᠵᠤ ᠯᠠ ᠶᠠᠪᠤᠶ᠎ᠠ 
 ᠮᠢᠨᠦ ᠬᠡᠯᠡᠨ ᠮᠢᠨᠦ ᠨᠢᠳᠦᠨ ᠴᠡᠴᠡᠭᠡᠢ 

          2024᠂ 09᠂ 22᠃ 18᠄ 49 ᠮᠢᠨᠦ᠋ᠲ᠃ 

           ᠲᠡᠭᠷᠢᠯᠢᠭ ᠳᠡᠭᠲᠡᠷᠯᠢᠭ ᠲᠦ᠍ ᠤᠬᠠᠭᠠᠷᠠᠬᠤᠢ 
       ᠠᠯᠲᠠᠨ ᠬᠠᠭᠠᠨ ᠤ᠋ ᠤᠤᠭᠠᠨ ᠨᠡᠢᠰᠯᠡᠯ – 
       ᠠᠯᠲᠠᠨ ᠱᠠᠰᠲᠢᠷᠲᠤ ᠶ᠋ᠢᠨ ᠬᠥᠬᠡᠬᠣᠲᠠ ᠶ᠋ᠢᠨ 
       ᠬᠥᠳᠡᠭᠡ ᠨᠡᠷᠡᠮᠵᠢᠲᠦ ᠴᠡᠴᠡᠷᠯᠢᠭ ᠦ᠋ᠨ ᠢ᠋ᠶ᠋ᠡᠨ 
       ᠠᠯᠲᠠᠨ ᠰᠢᠷᠭᠠᠯ ᠬᠠᠳᠠᠲᠤ ᠪᠢᠴᠢᠭ ᠦ᠋ᠨ ᠢ᠋ᠶ᠋ᠡᠨ 
       ᠰᠢᠷᠡᠭᠡᠨ ᠳᠡᠭᠡᠷ᠎ᠡ ᠲᠡᠭᠦᠰ ᠪᠦᠲᠦᠭᠡᠪᠡᠢ᠃