ᠠᠮᠤᠷ᠎ᠠ ᠬᠢᠭᠡᠳ ᠲᠡᠭᠦᠨ ᠦ᠌ ᠤᠷᠠᠯᠢᠭ ᠦᠰᠦᠭ – ᠦᠨᠡᠨᠵᠢᠷᠭᠠᠯ Амар хийгээд түүний урлаг үсэг – Үнэнжаргал ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠮᠤᠷ᠎ᠠ ᠬᠢᠭᠡᠳ ᠲᠡᠭᠦᠨ ᠦ᠌ ᠤᠷᠠᠯᠢᠭ ᠦᠰᠦᠭ – ᠦᠨᠡᠨᠵᠢᠷᠭᠠᠯ Амар хийгээд түүний урлаг үсэг – Үнэнжаргал

ᠠᠮᠤᠷ᠎ᠠ ᠬᠢᠭᠡᠳ ᠲᠡᠭᠦᠨ ᠦ᠌ ᠤᠷᠠᠯᠢᠭ ᠦᠰᠦᠭ – ᠦᠨᠡᠨᠵᠢᠷᠭᠠᠯ Амар хийгээд түүний урлаг үсэг – Үнэнжаргал

ᠠᠩᠭᠢᠯᠠᠯ:ᠤᠷᠠᠨ ᠪᠢᠴᠢᠯᠭᠡ
2024-10-08

2582

ᠠᠮᠤᠷ᠎ᠠ ᠬᠢᠭᠡᠳ ᠲᠡᠭᠦᠨ ᠦ᠌ ᠤᠷᠠᠯᠢᠭ ᠦᠰᠦᠭ

    
                        ᠵᠣᠬᠢᠶᠠᠭᠴᠢ᠄  ᠦᠨᠡᠨᠵᠢᠷᠭᠠᠯ

       ᠬᠥᠮᠦᠨ ᠦ᠌᠂ ᠲᠡᠷᠡ ᠲᠣᠰᠤᠮ ᠢ᠋ᠶ᠋ᠠᠨ ᠮᠣᠩᠭᠣᠯᠴᠤᠳ ᠤ᠋ᠨ ᠰᠡᠳᠬᠢᠮᠵᠢ ᠨᠢ ᠲᠣᠭᠣᠷᠢᠭ ᠬᠡᠯᠪᠡᠷᠢᠲᠦ᠂ ᠰᠡᠳᠬᠢᠴᠡ ᠨᠢ ᠰᠠᠴᠤᠷᠠᠭ ᠬᠡᠯᠪᠡᠷᠢᠲᠦ᠂ ᠰᠡᠳᠬᠢᠯ ᠨᠢ ᠨᠠᠷᠠᠯᠠᠭ ᠬᠡᠯᠪᠡᠷᠢᠲᠦ ᠭᠡᠵᠦ ᠬᠡᠨ ᠨᠢᠭᠡᠨ ᠨᠢ ᠬᠡᠯᠡᠭᠰᠡᠨ ᠪᠠᠢᠳᠠᠭ᠃ ᠡᠨᠡ ᠴᠦ᠍ ᠲᠣᠭᠲᠠᠯᠴᠠᠭ᠎ᠠ ᠪᠠᠷ᠂ ᠦᠨᠳᠦᠰᠦᠲᠡᠨ ᠪᠣᠯᠭᠠᠨ ᠤ᠋ ᠪᠦᠲᠦᠭᠡᠭᠰᠡᠨ ᠠᠯᠢᠪᠠ ᠵᠦᠢᠯ ᠨᠢ ᠪᠦᠷ ᠴᠦ᠍ ᠥᠪᠡᠷ ᠦ᠋ᠨ ᠭᠡᠰᠡᠨ ᠣᠨᠴᠠᠯᠢᠭ ᠰᠢᠨᠵᠢ ᠶ᠋ᠢ ᠪᠦᠷᠢᠳᠦᠭᠦᠯᠦᠭᠰᠡᠨ ᠵᠢᠱ᠌ᠢᠶ᠎ᠡ ᠲᠡᠢ᠃ ᠲᠩᠷᠢ ᠡᠴᠡ ᠡᠰᠢᠲᠡᠢ ᠪᠣᠰᠤᠭ᠎ᠠ ᠮᠣᠩᠭᠣᠯ ᠦᠰᠦᠭ ᠲᠠᠲᠠᠯᠠᠬᠤ ᠳ᠋ᠤ᠌ ᠲᠠᠭᠠᠲᠠᠢ ᠨᠢᠳᠦᠯᠡᠬᠦ ᠳ᠋ᠦ᠍ ᠠᠶᠠᠲᠠᠢ ᠪᠠᠷ ᠢ᠋ᠶ᠋ᠠᠨ ᠪᠤᠰᠤᠳ ᠦᠨᠳᠦᠰᠦᠲᠡᠨ ᠦ᠌ ᠦᠰᠦᠭ ᠪᠢᠴᠢᠭ ᠦ᠋ᠨ ᠥᠩᠭᠡ ᠳᠦᠷᠰᠦ ᠡᠴᠡ ᠠᠩᠭᠢᠳᠠ ᠲᠣᠳᠣᠷᠬᠠᠢ ᠣᠷᠣᠰᠢᠨ᠎ᠠ᠃ ᠲᠡᠷᠡ ᠳᠣᠳᠣᠮ ᠢ᠋ᠶ᠋ᠠᠨ ᠮᠠᠯᠴᠢᠨ ᠠᠮᠤᠷ᠎ᠠ ᠶ᠋ᠢᠨ ᠮᠡᠯᠮᠡᠢ ᠳ᠋ᠦ᠍᠂ ᠤᠷᠠᠨ ᠲᠥᠰᠦᠭᠡᠯᠡᠯ ᠳ᠋ᠦ᠍ ᠨᠢ ᠮᠠᠨ ᠤ᠋ ᠮᠣᠩᠭᠣᠯ ᠪᠢᠴᠢᠭ ᠤᠷᠠᠯᠢᠭ ᠤ᠋ᠨ ᠪᠦᠲᠦᠭᠡᠯ ᠪᠣᠯᠵᠤ ᠠᠮᠢᠯᠠᠳᠠᠭ ᠠᠵᠠᠢ᠃
       ᠠᠮᠣᠷᠴᠣᠭᠳᠣ (ᠣᠯᠠᠩᠬᠢ ᠨᠢ ᠠᠮᠤᠷ᠎ᠠ ᠭᠡᠵᠦ ᠳᠠᠭᠤᠳᠠᠳᠠᠭ) ᠪᠣᠯ ᠠᠷᠤ ᠬᠣᠷᠴᠢᠨ ᠬᠤᠰᠢᠭᠤᠨ ᠤ᠋ ᠪᠠᠶᠠᠨ ᠥᠨᠳᠥᠷ ᠰᠤᠮᠤ ᠶ᠋ᠢᠨ ᠵᠢᠷ ᠦ᠋ᠨ ᠨᠢᠭᠡᠨ ᠮᠠᠯᠴᠢᠨ᠂ ᠪᠠᠭ᠎ᠠ ᠰᠤᠷᠭᠠᠭᠤᠯᠢ ᠶ᠋ᠢᠨ ᠰᠣᠶᠣᠯ ᠤ᠋ᠨ ᠬᠡᠮᠵᠢᠶ᠎ᠡ ᠲᠡᠢ᠂ ᠲᠡᠷᠡ ᠪᠠᠭ᠎ᠠ ᠠ᠋ᠴᠠ ᠪᠠᠨ ᠠᠵᠢᠭᠴᠢ ᠭᠢᠷᠠᠬᠠᠢ᠂ ᠰᠡᠳᠬᠢᠯ ᠳ᠋ᠦ᠍ ᠪᠠᠭᠣᠭᠳᠠᠭᠰᠠᠨ ᠵᠦᠢᠯᠡᠰ ᠢ᠋ᠶ᠋ᠡᠨ ᠲᠡᠷᠡ ᠳᠠᠷᠤᠢ ᠤᠷᠭᠤᠭᠤᠯᠵᠤ ᠴᠢᠨᠠᠭᠰᠢ ᠰᠡᠳᠬᠢᠳᠡᠭ ᠨᠢᠭᠡᠨ ᠪᠠᠢᠵᠠᠢ᠂ ᠠᠷᠪᠠᠨ ᠳᠥᠷᠪᠡᠨ ᠵᠢᠯ ᠦ᠋ᠨ ᠡᠮᠦᠨ᠎ᠡ ᠲᠡᠷᠡᠪᠡᠷ ᠮᠠᠯ ᠬᠠᠷᠢᠭᠤᠯᠵᠤ ᠰᠠᠭᠤᠬᠤ ᠳ᠋ᠤ᠌ ᠪᠠᠨ ( ᠬᠥᠮᠦᠰ ᠵᠣᠭᠰᠣᠭ᠎ᠠ ᠵᠢᠯᠣᠭᠣ ᠦᠭᠡᠢ ᠭᠦᠶᠦᠵᠦ ᠯᠡ ᠪᠠᠢᠳᠠᠭ᠂ ᠴᠣᠬᠣᠮ ᠶᠠᠭᠤᠨ ᠤ᠋ ᠴᠦ᠍ ᠲᠥᠯᠥᠭᠡ ᠶᠦᠮ ᠳᠡ ᠭᠡᠵᠦ) ᠪᠣᠳᠣᠯᠣᠩᠭᠤᠢ ᠪᠣᠯᠵᠤ ᠭᠡᠨ᠎ᠡ᠂ ᠢᠩᠭᠢᠬᠦ ᠳ᠋ᠦ᠍《ᠭᠦᠶᠦᠨ᠎ᠡ》 ᠭᠡᠰᠡᠨ ᠦᠭᠡ ᠶ᠋ᠢᠨ ᠣᠷᠬᠢᠴᠠ ᠴᠠᠴᠤᠯᠭ᠎ᠠ ᠨᠢ ᠶᠠᠭ ᠬᠥᠮᠦᠨ ᠦ᠌ ᠭᠦᠶᠦᠵᠦ ᠪᠣᠢ ᠬᠥᠯ ᠰᠢᠭ ᠰᠠᠨᠠᠭᠳᠠᠨ᠂ ᠡᠷᠲᠡᠭᠡᠷ ᠰᠢᠯᠪᠢ ᠪᠠ ᠳᠤᠰᠤᠯ ᠨᠢ ᠰᠠᠵᠢᠯᠠᠵᠤ ᠪᠠᠢᠭ᠎ᠠ ᠭᠠᠷ ᠮᠡᠲᠦ ᠪᠣᠳᠣᠭᠳᠠᠭᠠᠳ᠂ ᠠᠪᠤᠨ ᠳᠣᠣᠷ᠎ᠠ ᠪᠠᠨ ᠬᠥᠮᠦᠨ ᠦ᠌ ᠭᠦᠶᠦᠵᠦ ᠪᠠᠢᠭ᠎ᠠ ᠳᠦᠷᠰᠦ ᠶ᠋ᠢ《ᠭᠦᠶᠦᠨ᠎ᠡ》 ᠭᠡᠰᠡᠨ ᠦᠰᠦᠭ ᠲᠦ᠍ ᠵᠢᠷᠤᠭᠰᠠᠨ ᠨᠢ ᠤᠷᠠᠨ ᠪᠦᠲᠦᠭᠡᠯ ᠪᠣᠯᠤᠨ᠎ᠠ ᠭᠡᠵᠦ ᠬᠡᠨ ᠮᠡᠳᠡᠯ᠎ᠡ᠁  
       ᠣᠳᠣ ᠪᠣᠯᠬᠤ ᠳ᠋ᠤ᠌ ᠠᠮᠤᠷ᠎ᠠ ᠶ᠋ᠢᠨ ᠪᠦᠲᠦᠭᠰᠡᠨ ᠪᠦᠲᠦᠭᠡ ᠦᠭᠡᠢ ᠡᠳᠦᠢ ᠲᠡᠳᠦᠢ ᠪᠦᠲᠦᠭᠡᠯ ᠭᠠᠷᠭᠠᠴᠢᠬᠠᠵᠠᠢ᠂  ᠬᠥᠮᠦᠰ ᠲᠡᠭᠦᠨ ᠦ᠌ ᠪᠦᠲᠦᠭᠡᠯ ᠢ᠋ ᠭᠣᠶᠣ ᠭᠡᠵᠦ ᠦᠨᠡᠯᠡᠨ ᠮᠠᠭᠲᠠᠬᠤ ᠳ᠋ᠤ᠌ ᠲᠡᠷᠡ《ᠵᠥᠪᠬᠡᠨ ᠪᠣᠳᠣᠵᠤ ᠣᠯᠤᠭᠰᠠᠨ ᠢ᠋ᠶ᠋ᠠᠨ ᠪᠣᠳᠠᠲᠠᠢ ᠪᠣᠯᠭᠠᠭᠰᠠᠨ ᠳᠤᠷ᠎ᠠ ᠰᠣᠨᠢᠷᠬᠠᠯ᠂ ᠮᠣᠩᠭᠣᠯ ᠦᠰᠦᠭ ᠡᠴᠡ ᠨᠠᠳᠠ ᠳ᠋ᠤ᠌ ᠣᠯᠭᠣᠭᠰᠠᠨ ᠪᠡᠯᠡᠭ》 ᠭᠡᠵᠦ ᠬᠡᠯᠡᠵᠦ ᠪᠠᠢᠯ᠎ᠠ᠃ 
       ᠮᠢᠨᠦ ᠬᠤᠪᠢ ᠳ᠋ᠤ᠌ ᠲᠡᠭᠦᠨ ᠦ᠌ ᠡᠳᠡᠭᠡᠷ ᠵᠢᠷᠤᠭ ᠭᠡᠮᠡᠷ ᠦᠰᠦᠭ᠂ ᠦᠰᠦᠭ ᠭᠡᠮᠡᠷ ᠵᠢᠷᠤᠭ ᠤ᠋ᠳ ᠨᠢ ᠨᠢᠭᠡᠨ ᠤᠷᠠᠨ ᠪᠦᠲᠦᠭᠡᠯ ᠭᠡᠵᠦ ᠣᠢᠯᠠᠭᠠᠵᠤ ᠪᠣᠯᠤᠨ᠎ᠠ᠂ ᠲᠡᠷᠡ ᠪᠣᠯ ᠳᠦᠷᠰᠦᠲᠦ᠂ ᠤᠳᠬᠠᠲᠤ ᠦᠰᠦᠭ ᠪᠢᠰᠢ ᠲᠡᠷᠡ ᠪᠣᠯ ᠪᠣᠰᠤᠭ᠎ᠠ ᠦᠰᠦᠭ ᠦ᠋ᠨ ᠭᠠᠢᠬᠠᠮᠰᠢᠭ᠂ ᠤᠷᠠᠨ ᠰᠠᠨᠠᠭᠠᠨ ᠤ᠋ ᠬᠢᠨ ᠦᠢᠯᠡᠳᠪᠦᠷᠢ᠂ ᠲᠡᠷᠡ ᠪᠣᠯ ᠮᠠᠨ ᠤ᠋ ᠦᠵᠡᠭᠡᠳ ᠯᠡ ᠥᠩᠭᠡᠷᠡᠬᠦ ᠲᠠᠭᠠᠰᠢᠶᠠᠯ ᠤ᠋ᠨ ᠪᠢᠰᠢ᠂ ᠦᠨᠳᠦᠰᠦᠲᠡᠨ ᠦ᠌ ᠪᠣᠰᠤᠭ᠎ᠠ ᠦᠰᠦᠭ ᠦ᠋ᠨ ᠭᠠᠢᠬᠠᠮᠰᠢᠭ ᠢ᠋ᠶ᠋ᠠᠷ ᠢ᠋ᠶ᠋ᠠᠨ ᠪᠠᠬᠠᠷᠬᠠᠬᠤ ᠪᠠᠶᠠᠷ ᠪᠠᠬᠠᠳᠤᠯ ᠪᠠᠢᠭ᠎ᠠ ᠶᠤᠮ᠃  

       ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ