ᠮᠣᠩᠭᠣᠯ ᠪᠠᠭᠰᠢ ᠨᠠᠷ ᠲᠤ ᠪᠠᠨ – ᠵᠣᠬᠢᠶᠠᠭᠴᠢ ᠂ ᠤᠶᠠᠩᠭᠠᠯᠠᠭᠴᠢ -   ᠴᠢ‍ ᠂ᠳᠠᠪᠰᠢᠯᠲᠦ Монгол багш нартаа – Зохиогч ᠂ Уянгалагч - Чи ᠂ Давшилд ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠪᠠᠭᠰᠢ ᠨᠠᠷ ᠲᠤ ᠪᠠᠨ – ᠵᠣᠬᠢᠶᠠᠭᠴᠢ ᠂ ᠤᠶᠠᠩᠭᠠᠯᠠᠭᠴᠢ -   ᠴᠢ‍ ᠂ᠳᠠᠪᠰᠢᠯᠲᠦ Монгол багш нартаа – Зохиогч ᠂ Уянгалагч - Чи ᠂ Давшилд

ᠮᠣᠩᠭᠣᠯ ᠪᠠᠭᠰᠢ ᠨᠠᠷ ᠲᠤ ᠪᠠᠨ – ᠵᠣᠬᠢᠶᠠᠭᠴᠢ ᠂ ᠤᠶᠠᠩᠭᠠᠯᠠᠭᠴᠢ -   ᠴᠢ‍ ᠂ᠳᠠᠪᠰᠢᠯᠲᠦ Монгол багш нартаа – Зохиогч ᠂ Уянгалагч - Чи ᠂ Давшилд

2024-10-08

1268

ᠮᠣᠩᠭᠣᠯ ᠪᠠᠭᠰᠢ ᠨᠠᠷ ᠲᠤ ᠪᠠᠨ


           ᠵᠣᠬᠢᠶᠠᠭᠴᠢ᠄  ᠴᠢ‍᠂ ᠳᠠᠪᠰᠢᠯᠳᠤ
           ᠤᠶᠠᠩᠭᠠᠯᠠᠭᠴᠢ᠄  ᠴᠢ‍᠂ ᠳᠠᠪᠰᠢᠯᠳᠤ

         ᠵᠠ ᠲᠡᠭᠡᠭᠡᠳ ᠪᠠᠭᠰᠢ ᠶ᠋ᠢᠨ ᠪᠠᠶᠠᠷ ᠢᠷᠡᠵᠦ ᠪᠠᠢᠬᠤ ᠲᠠᠰᠢᠷᠠᠮ ᠢ᠋ᠶ᠋ᠠᠷ 
         ᠲᠠ ᠪᠦᠬᠦᠨ ᠳ᠋ᠦ᠍ ᠪᠡᠨ ᠰᠠᠶᠢᠬᠠᠨ ᠪᠢᠴᠢᠭᠰᠡᠨ ᠰᠢᠯᠦᠭ ᠢ᠋ᠶ᠋ᠡᠨ ᠲᠣᠯᠢᠯᠠᠭᠤᠯᠤᠶ᠎ᠠ᠃

 ᠡᠬᠡᠰᠢᠭ ᠳᠣᠯᠣᠭ᠎ᠠ ᠶ᠋ᠢ ᠨᠢᠳᠦᠯᠡᠭᠦᠯᠵᠦ 
 ᠡᠷ᠎ᠡ ᠬᠣᠩᠭᠣᠷ ᠨᠠᠰᠤ ᠶ᠋ᠢ ᠮᠢᠨᠢ 
 ᠡᠬᠡ ᠬᠡᠯᠡᠨ ᠦ᠌ ᠳᠠᠯᠠᠢ ᠳ᠋ᠤ᠌ ᠱᠤᠩᠪᠠᠭᠤᠯᠤᠭᠰᠠᠨ 
 ᠡᠨᠡ ᠬᠣᠷᠸ᠎ᠠ ᠶ᠋ᠢᠨ ᠬᠠᠮᠤᠭ ᠭᠡᠭᠡᠬᠡᠨ ᠬᠥᠮᠦᠨ 
 ᠪᠠᠭᠰᠢ ᠬᠥᠮᠦᠨ ᠭᠡᠵᠦ 
 ᠪᠠᠷᠢᠨᠲᠠᠭᠲᠤ ᠰᠤᠳᠤᠷ ᠤ᠋ᠨ ᠠᠯᠲᠠᠨ ᠮᠥᠷ ᠦ᠋ᠳ ᠢ᠋ 
 ᠠᠴᠤᠭ ᠠᠷᠠᠭ᠎ᠠ ᠣᠷᠬᠢᠴᠠ ᠴᠠᠴᠤᠯᠭ᠎ᠠ ᠳ᠋ᠤ᠌ ᠨᠢ ᠬᠦᠷᠲᠡᠯ᠎ᠡ 
 ᠪᠠᠷᠢᠵᠤ ᠪᠠᠢᠵᠤ ᠰᠤᠷᠭᠠᠭᠰᠠᠨ ᠵᠠᠷᠤᠴᠠ ᠬᠥᠮᠦᠨ 
 ᠵᠢᠭᠠᠬᠠᠨ ᠪᠠᠭ᠎ᠠ ᠨᠠᠰᠤᠨ ᠤ᠋ ᠮᠢᠨᠢ ᠬᠠᠷᠭᠤᠢ ᠶ᠋ᠢ ᠬᠡᠷᠡᠯᠳᠦᠭᠦᠯᠦᠭᠰᠡᠨ 
 ᠵᠤᠯᠠ ᠪᠠᠷᠢᠵᠤ ᠡᠮᠦᠨ᠎ᠡ ᠮᠢᠨᠢ ᠶᠠᠪᠤᠭᠰᠠᠨ ᠬᠥᠲᠥᠴᠢ ᠬᠥᠮᠦᠨ 
 ᠦᠨᠳᠦᠰᠦᠲᠡᠨ ᠦ᠌ ᠰᠣᠶᠣᠯ ᠤ᠋ᠨ ᠮᠠᠨᠳᠤᠯ ᠳᠡᠭᠵᠢᠯ ᠦ᠋ᠨ ᠬᠠᠲᠠᠪᠴᠢᠨ ᠳᠣᠣᠷ᠎ᠠ 
 ᠥᠷᠥᠭᠳᠡᠵᠦ ᠳᠡᠪᠢᠰᠦᠭᠳᠡᠭᠰᠡᠨ ᠱᠠᠲᠤᠨ ᠳᠡᠭᠲᠡᠷ ᠴᠢᠯᠠᠭᠤ 
 ᠬᠣᠷᠸ᠎ᠠ ᠳ᠋ᠤ᠌ ᠬᠣᠪᠣᠷᠬᠠᠨ ᠪᠣᠰᠤᠭ᠎ᠠ ᠦᠰᠦᠭ ᠦ᠋ᠨ 
 ᠥᠪ ᠰᠣᠶᠣᠯ ᠤ᠋ᠨ ᠵᠤᠯᠠ ᠶ᠋ᠢᠨ ᠲᠠᠬᠢᠯ ᠳ᠋ᠤ᠌ 
 ᠰᠢᠷ᠎ᠠ ᠲᠣᠰᠣ ᠳᠤᠰᠤᠭᠠᠭᠰᠠᠨ ᠥᠭᠯᠢᠭᠡ ᠶ᠋ᠢᠨ ᠡᠵᠡᠨ 
 ᠦᠷᠭᠦᠯᠵᠢ ᠳᠠᠭᠠᠳᠬᠠᠵᠤ ᠰᠢᠪᠡᠨᠡᠭᠰᠡᠨ ᠨᠢ 
 ᠥᠰᠪᠥᠷᠢ ᠶ᠋ᠢᠨ ᠰᠤᠷᠤᠭᠴᠢᠳ ᠤ᠋ᠨ ᠢ᠋ᠶ᠋ᠠᠨ 
 ᠰᠤᠷᠤᠯᠭ᠎ᠠ ᠶ᠋ᠢᠨ ᠥᠨᠳᠥᠷ ᠠᠮᠵᠢᠯᠲᠠ ᠠ᠋ 
 ᠪᠠᠭᠰᠢ ᠬᠥᠮᠦᠨ ᠠᠭᠤᠤ᠂ 
 ᠲᠡᠭᠡᠨ ᠪᠠᠢᠲᠠᠯ᠎ᠠ ᠪᠠᠨ ᠮᠣᠩᠭᠣᠯ ᠪᠠᠭᠰᠢ ᠨᠠᠷ ᠭᠡᠵᠦ 
 ᠮᠣᠷᠢᠲᠠᠨ ᠦᠨᠳᠦᠰᠦᠲᠡᠨ ᠦ᠌ ᠮᠢᠨᠢ 
 ᠬᠡᠢᠮᠣᠷᠢ ᠶ᠋ᠢᠨ ᠳᠠᠷᠴᠠᠭ ᠰᠢᠭ᠋ 
 ᠷᠢᠳᠢ ᠰᠢᠳᠢ ᠶ᠋ᠢ ᠬᠤᠷᠤᠢᠯᠠᠭᠰᠠᠨ 
 ᠡᠷᠬᠢᠮ ᠡᠴᠡ ᠡᠷᠬᠢᠮ ᠬᠥᠮᠦᠰ ᠶᠦᠮ ᠰᠢᠦ! 
 ᠠᠵᠠ ᠵᠢᠷᠭᠠᠯ ᠬᠦᠰᠡᠶ᠎ᠡ᠂ 
 ᠪᠦᠬᠦ ᠮᠣᠩᠭᠣᠯ ᠪᠠᠭᠰᠢ ᠨᠠᠷ ᠲᠤ᠌ ᠪᠠᠨ! 

      ᠦᠰᠦᠭ ᠠᠮᠢᠯᠠᠭᠤᠯᠤᠭᠴᠢ ᠂ ᠬᠢᠨᠠᠭᠴᠢ ᠄ ᠭᠠᠷᠮ᠎ᠠ 
        ᠦᠰᠦᠭ ᠬᠠᠲᠠᠭᠰᠠᠨ ᠨᠢ ᠄ ᠭᠠᠸᠠ