ᠮᠢᠩᠭᠠᠨ ᠴᠡᠩᠬᠡᠷ ᠠᠭᠤᠯᠠᠰ ᠤᠨ ᠣᠷᠣᠨ- ᠸᠠᠴᠢᠷᠪᠠᠲᠦ ᠶ᠋ᠢᠨ ᠳᠠᠰᠢᠪᠠᠯᠪᠠᠷ Мянган цэнхэр уулсын орон - Очирбатын Дашбалбар
ᠮᠢᠩᠭᠠᠨ ᠴᠡᠩᠬᠡᠷ ᠠᠭᠤᠯᠠᠰ ᠤᠨ ᠣᠷᠣᠨ
ᠣᠯᠠᠨ ᠨᠠᠭᠤᠷ ᠤ᠋ᠨ ᠣᠷᠣᠨ ᠳᠠᠷᠢᠭᠠᠩᠭ᠎ᠠ !
ᠥᠷᠯᠥᠭᠡᠬᠡᠨ ᠪᠣᠯᠵᠣᠮᠣᠷ ᠵᠢᠷᠭᠢᠬᠦ ᠢᠷᠠᠭᠤ
ᠡᠮᠦᠨ᠎ᠡ ᠶ᠋ᠢᠨ ᠠᠭᠤᠯᠠᠰ ᠤ᠋ᠨ ᠣᠷᠣᠨ — ᠳᠠᠷᠢᠭᠠᠩᠭ᠎ᠠ!
ᠡᠭᠦᠯᠡᠰ ᠦ᠋ᠨ ᠲᠡᠭᠡᠪᠦᠷ — ᠡᠷᠲᠡᠨ ᠦ᠌ ᠠᠭᠤᠯᠠᠰ ᠤ᠋ᠨ
ᠦᠯᠦ ᠦᠵᠡᠭᠳᠡᠬᠦ ᠨᠢᠭᠤᠴᠠ ᠶ᠋ᠢ ᠰᠣᠨᠣᠰᠤᠭᠰᠠᠨ
ᠣᠳᠣᠨ ᠤ᠋ ᠤᠷᠲᠤ — ᠳᠣᠯᠭᠢᠶᠠᠨᠲᠤ ᠨᠠᠭᠤᠷ ᠤ᠋ᠨ
ᠣᠯᠠᠨ ᠶᠠᠩᠵᠤ ᠶ᠋ᠢᠨ ᠠᠶᠠᠯᠭᠤ ᠶ᠋ᠢ ᠴᠢᠩᠨᠠᠭᠰᠠᠨ
ᠮᠢᠩᠭᠠᠨ ᠴᠡᠩᠬᠡᠷ ᠠᠭᠤᠯᠠᠰ ᠤ᠋ᠨ ᠣᠷᠣᠨ —
ᠮᠢᠨᠳᠠᠰᠤᠨ ᠰᠢᠷᠬᠡᠭ ᠲᠡᠢ ᠡᠯᠡᠰᠦᠨ ᠦ᠌ ᠬᠡ !
ᠮᠥᠩᠭᠥᠨ ᠴᠡᠩᠬᠡᠷ ᠭᠣᠷᠣᠬ᠎ᠠ ᠶ᠋ᠢᠨ ᠣᠷᠣᠨ —
ᠮᠥᠴᠢᠷ ᠨᠢ ᠵᠢᠮᠢᠰ ᠲᠡᠢ ᠮᠤᠨᠤᠰᠤᠨ ᠤ᠋ ᠲᠦᠭᠡᠯ !
ᠨᠣᠮᠢᠨ ᠰᠣᠯᠣᠩᠭ᠎ᠠ ᠬᠠᠭᠠᠯᠭ᠎ᠠ ᠨᠢ ᠪᠣᠯᠵᠤ
ᠨᠠᠭᠤᠷ ᠤ᠋ᠨ ᠢ᠋ᠶ᠋ᠠᠨ ᠤᠰᠤᠨ ᠳ᠋ᠤ᠌ ᠥᠪᠡᠷ ᠢ᠋ ᠪᠡᠨ ᠲᠣᠯᠢᠳᠠᠭᠰᠠᠨ
ᠨᠢᠭᠤᠴᠠ ᠶ᠋ᠢᠨ ᠢ᠋ᠶ᠋ᠡᠨ ᠳᠤᠮᠳᠠ ᠠᠨᠢᠷ ᠦᠭᠡᠢ ᠣᠷᠣᠰᠢᠵᠤ
ᠨᠤᠲᠤᠭ ᠤ᠋ᠨ ᠢ᠋ᠶ᠋ᠠᠨ ᠲᠩᠷᠢ ᠶ᠋ᠢᠨ ᠡᠬᠢᠯᠡᠯ ᠪᠣᠯᠤᠭᠰᠠ
ᠴᠡᠩᠬᠡᠷ ᠤᠨᠢᠶᠠᠷ ᠲᠤ᠌ ᠬᠥᠪᠦᠭᠰᠡᠨ ᠨᠤᠲᠤᠭ —
ᠴᠡᠴᠡᠭ ᠦ᠋ᠨ ᠳᠤᠮᠳᠠ ᠪᠠᠨ ᠣᠷᠣᠰᠢᠭᠰᠠᠨ ᠳᠠᠷᠢᠭᠠᠩᠭ᠎ᠠ !
ᠰᠢᠯᠦᠭ ᠨᠣᠢᠷ ᠵᠢᠩᠭᠢᠨᠡᠭᠰᠡᠨ ᠰᠡᠷᠡᠭᠦᠯᠭᠡ
ᠰᠥᠨᠢ ᠳᠦᠯᠢ ᠢᠷᠡᠭᠰᠡᠨ ᠭᠡᠢᠴᠢᠨ — ᠳᠠᠷᠢᠭᠠᠩᠭ᠎ᠠ !
ᠲᠤᠯᠤᠭᠠᠳ ᠳᠤᠮᠳᠠ ᠪᠠᠨ ᠠᠳᠤᠭᠤ ᠢᠨᠴᠠᠭᠠᠬᠤ ᠳ᠋ᠤ᠌
ᠲᠣᠮᠣ ᠤᠯᠠᠭᠠᠨ ᠨᠠᠷᠠ ᠮᠡᠯᠲᠡᠰ ᠬᠢᠨ᠎ᠡ
ᠲᠣᠭᠣᠷᠢᠮ ᠪᠦᠷᠢᠳᠦᠨ ᠳ᠋ᠦ᠍ ᠠᠩᠭᠢᠷ ᠭᠠᠩᠭᠠᠨᠠᠬᠤ ᠳ᠋ᠤ᠌
ᠲᠣᠷᠭᠠᠨ ᠤ᠋ ᠬᠡ ᠰᠡᠮᠬᠡᠨ ᠰᠡᠮᠡᠷᠡᠨ᠎ᠡ
ᠦᠯᠦ ᠮᠡᠳᠡᠭᠳᠡᠬᠦ ᠠᠪᠢᠶᠠᠨ ᠤ᠋ ᠣᠷᠣᠨ —
ᠦᠵᠦᠭᠦᠷ ᠦᠭᠡᠢ ᠲᠩᠷᠢ ᠶ᠋ᠢᠨ ᠡᠬᠢᠯᠡᠯ !
ᠵᠠᠭᠤᠨ ᠳᠠᠮᠵᠢᠭᠰᠠᠨ ᠨᠢᠭᠤᠴᠠ ᠶ᠋ᠢᠨ ᠥᠯᠥᠭᠡᠢ —
ᠵᠢᠷᠭᠤᠭᠠᠨ ᠰᠠᠷ᠎ᠠ ᠶ᠋ᠢᠨ ᠴᠡᠴᠡᠭ ᠦ᠋ᠨ ᠮᠠᠨᠳᠠᠯ!
ᠠᠶ᠎ᠠ ! ᠠᠪᠤ ᠶ᠋ᠢᠨ ᠮᠢᠨᠢ ᠳᠠᠷᠢᠭᠠᠩᠭ᠎ᠠ —
ᠠᠯᠲᠠᠨ ᠬᠢᠯᠢ ᠶ᠋ᠢᠨ ᠢᠷᠠᠭᠤ ᠴᠢᠪᠬᠠᠳᠠᠰᠤ !
ᠠᠷᠤ ᠶᠢᠨ ᠪᠤᠯᠠᠭ ᠤ᠋ᠨ ᠮᠥᠩᠭᠥᠨ ᠭᠤᠷᠴᠢᠭᠢᠨᠠᠭᠠ —
ᠠᠬᠢᠭᠠᠳ ᠣᠯᠳᠠᠬᠤ ᠦᠭᠡᠢ ᠨᠠᠰᠤᠨ ᠤ᠋ ᠣᠷᠣᠨ!
