ᠰᠠᠴᠤᠯᠢ ᠪᠠᠨ ᠡᠷᠭᠦᠶ᠎ᠡ-ᠳ᠋᠊᠂ ᠬᠠᠰᠲᠤᠶᠠᠭ᠎ᠠSatslaa örgöye-D, Khastuyaa Сацлаа өргөе-Д, Хастуяа ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠴᠤᠯᠢ ᠪᠠᠨ ᠡᠷᠭᠦᠶ᠎ᠡ-ᠳ᠋᠊᠂ ᠬᠠᠰᠲᠤᠶᠠᠭ᠎ᠠSatslaa örgöye-D, Khastuyaa Сацлаа өргөе-Д, Хастуяа

ᠰᠠᠴᠤᠯᠢ ᠪᠠᠨ ᠡᠷᠭᠦᠶ᠎ᠡ-ᠳ᠋᠊᠂ ᠬᠠᠰᠲᠤᠶᠠᠭ᠎ᠠSatslaa örgöye-D, Khastuyaa Сацлаа өргөе-Д, Хастуяа

ᠠᠩᠭᠢᠯᠠᠯ:ᠳᠠᠭᠤᠤ ᠬᠥᠭᠵᠢᠮ
2022-07-12

484

ᠰᠠᠴᠤᠯᠢ ᠪᠠᠨ ᠡᠷᠭᠦᠶ᠎ᠡ  


 ᠦᠭᠡ᠄ ᠸ᠊᠂ ᠰᠠᠷᠠᠩᠭᠣᠸ᠎ᠠ 
 ᠠᠶᠠᠯᠭᠤ᠄ ᠳ᠋᠊᠂ ᠬᠠᠰᠲᠤᠶᠠᠭ᠎ᠠ 
 ᠳᠠᠭᠤᠴᠢᠨ᠄ ᠳ᠋᠊᠂ ᠬᠠᠰᠲᠤᠶᠠᠭ᠎ᠠ 

ᠮᠥᠩᠬᠡ ᠬᠥᠬᠡ ᠲᠡᠭᠷᠢ ᠳ᠋ᠡᠭᠡᠨ 
ᠮᠥᠷᠭᠥᠨ ᠮᠥᠷᠭᠥᠨ ᠰᠠᠴᠤᠯᠢ ᠪᠠᠨ ᠡᠷᠭᠦᠶ᠎ᠡ
ᠳᠠᠶᠠᠩ ᠳᠡᠯᠡᠬᠡᠢ ᠶ᠋ᠢᠨ ᠰᠠᠢᠨ ᠰᠠᠢᠬᠠᠨ ᠢ᠋
ᠳᠠᠭᠠᠳᠬᠠᠨ ᠳᠠᠭᠠᠳᠬᠠᠨ ᠰᠠᠴᠤᠯᠢ ᠪᠠᠨ ᠡᠷᠭᠦᠶ᠎ᠡ
ᠶᠡᠷᠡᠨ ᠶᠢᠰᠦᠨ ᠲᠡᠭᠷᠢ ᠮᠢᠨᠦ ᠵᠧ
ᠭᠤᠴᠢᠨ ᠭᠤᠷᠪᠠᠨ ᠬᠤᠷᠮᠤᠰᠲᠠ ᠮᠢᠨᠦ ᠵᠧ
ᠬᠥᠬᠡ ᠶᠢᠰᠦᠨ ᠲᠡᠭᠷᠢ ᠮᠢᠨᠦ ᠵᠧ
ᠨᠠᠷᠠᠨ ᠰᠠᠷᠠᠨ ᠣᠳᠣᠳ ᠮᠢᠨᠦ ᠵᠧ

ᠬᠥᠷᠥᠰᠥᠲᠦ ᠠᠯᠲᠠᠨ ᠳᠡᠯᠡᠬᠡᠢ ᠳ᠋ᠡᠭᠡᠨ
ᠬᠦᠦᠷᠨᠢᠨ ᠥᠭᠦᠯᠡᠨ ᠰᠠᠴᠤᠯᠢ ᠪᠠᠨ ᠡᠷᠭᠦᠶ᠎ᠡ
ᠬᠥᠮᠦᠨ ᠲᠥᠷᠥᠯᠬᠢᠲᠡᠨ ᠦ᠌ ᠠᠮᠤᠷ ᠠᠮᠤᠭᠤᠯᠠᠩ ᠢ᠋
ᠬᠤᠷᠤᠢᠯᠠᠨ ᠬᠤᠷᠤᠢᠯᠠᠨ ᠰᠠᠴᠤᠯᠢ ᠪᠠᠨ ᠡᠷᠭᠦᠶ᠎ᠡ

ᠬᠣᠷᠢᠨ ᠶᠢᠰᠦᠨ ᠬᠠᠩᠭᠠᠢ ᠮᠢᠨᠦ ᠵᠧ
ᠭᠤᠴᠢᠨ ᠭᠤᠷᠪᠠᠨ ᠭᠣᠪᠢ ᠮᠢᠨᠦ ᠵᠧ
ᠡᠭᠦᠰᠦᠯ ᠦ᠋ᠨ ᠶᠢᠰᠦᠨ ᠮᠥᠷᠡᠨ ᠮᠢᠨᠦ ᠵᠧ
ᠬᠠᠢᠷᠠᠬᠤᠨ ᠲᠤᠯᠤᠭᠠᠳ ᠣᠪᠣᠭ᠎ᠠ ᠮᠢᠨᠦ ᠵᠧ

ᠤᠳᠤᠮ ᠤ᠋ᠨ ᠥᠨᠳᠥᠷ ᠳᠡᠭᠡᠳᠦᠰ ᠲᠡᠭᠡᠨ
ᠥᠴᠢᠨ ᠥᠴᠢᠨ ᠰᠠᠴᠤᠯᠢ ᠪᠠᠨ ᠡᠷᠭᠦᠶ᠎ᠡ
ᠳᠠᠶᠠᠭᠠᠷ ᠮᠣᠩᠭᠣᠯ ᠤ᠋ᠨ ᠬᠡᠢᠮᠣᠷᠢ ᠰᠦᠯᠳᠡ ᠶ᠋ᠢ
ᠳᠠᠯᠠᠯᠤᠨ ᠳᠠᠯᠠᠯᠤᠨ ᠰᠠᠴᠤᠯᠢ ᠪᠠᠨ ᠡᠷᠭᠦᠶ᠎ᠡ

ᠶᠡᠷᠡᠨ ᠲᠠᠪᠤᠨ ᠲᠦᠮᠡᠨ ᠮᠢᠨᠦ ᠵᠧ
ᠶᠡᠬᠡ ᠡᠵᠡᠨ ᠴᠢᠩᠭᠢᠰ ᠮᠢᠨᠦ ᠵᠧ
ᠣᠷᠣᠰᠢᠬᠤᠢ ᠶ᠋ᠢᠨ ᠶᠢᠰᠦᠨ ᠤᠬᠠᠭᠠᠨ ᠮᠢᠨᠦ ᠵᠧ
ᠣᠶᠤᠨ ᠵᠦᠩ ᠭᠡᠭᠡᠷᠡᠯ ᠮᠢᠨᠦ ᠵᠧ
ᠣᠷᠣᠰᠢᠬᠤᠢ ᠶ᠋ᠢᠨ ᠶᠢᠰᠦᠨ ᠤᠬᠠᠭᠠᠨ ᠮᠢᠨᠦ ᠵᠧ
ᠣᠶᠤᠨ ᠵᠦᠩ ᠭᠡᠭᠡᠷᠡᠯ ᠮᠢᠨᠦ ᠵᠧ