ᠲᠡᠪᠴᠢᠶᠡᠷᠢ ᠦᠭᠡᠢ ᠬᠠᠲᠤᠨТэвчээргүй хатан _ Impatient queen _ Mongolian Fairy Tales ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠪᠴᠢᠶᠡᠷᠢ ᠦᠭᠡᠢ ᠬᠠᠲᠤᠨТэвчээргүй хатан _ Impatient queen _ Mongolian Fairy Tales

ᠲᠡᠪᠴᠢᠶᠡᠷᠢ ᠦᠭᠡᠢ ᠬᠠᠲᠤᠨТэвчээргүй хатан _ Impatient queen _ Mongolian Fairy Tales

2023-07-12

461

ᠲᠡᠪᠴᠢᠶᠡᠷᠢ ᠦᠭᠡᠢ ᠬᠠᠲᠤᠨ

   ᠡᠷᠲᠡ ᠤᠷᠢᠳᠤ ᠶ᠋ᠢᠨ ᠴᠠᠭ ᠲᠤ᠂ᠠᠯᠤᠰ ᠬᠣᠯᠠ ᠶ᠋ᠢᠨ ᠤᠯᠤᠰ ᠲᠤ ᠲᠧᠪᠸᠷ ᠬᠠᠭᠠᠨ ᠬᠠᠢᠷᠠᠲᠤ ᠾᠧᠯᠠ ᠬᠠᠲᠤᠨ ᠲᠠᠢ ᠪᠠᠨ ᠠᠮᠢᠳᠤᠷᠠᠨ ᠰᠠᠭᠤᠳᠠᠭ ᠪᠠᠢᠵᠠᠢ᠃ᠲᠧᠪᠸᠷ ᠬᠠᠭᠠᠨ ᠠᠷᠠᠳ ᠢᠷᠭᠡᠳ ᠲᠤ ᠪᠠᠨ ᠮᠠᠰᠢ ᠶᠡᠬᠡ ᠬᠠᠢᠷᠠᠲᠠᠢ ᠪᠠᠢᠳᠠᠭ ᠪᠠᠢᠭᠰᠠᠨ ᠪᠥᠭᠡᠳ ᠡᠭᠦᠨ ᠳ᠋ᠦ᠍ ᠨᠢ ᠬᠠᠲᠤᠨ ᠤ᠋ ᠬᠢᠨᠢ ᠳᠤᠷ᠎ᠠ ᠦᠭᠡᠢ ᠮᠠᠰᠢ ᠶᠡᠬᠡ ᠬᠦᠷᠳᠡᠭ ᠪᠠᠢᠯ᠎ᠠ᠃ ᠬᠠᠲᠤᠨ ᠦᠨᠡᠬᠡᠷ ᠲᠡᠪᠴᠢᠶᠡᠷᠢ ᠦᠭᠡᠢ ᠨᠢᠭᠡᠨ ᠪᠠᠢᠪᠠ᠃ 
《ᠴᠢ ᠮᠢᠨᠦ ᠦᠰᠦ ᠶ᠋ᠢ ᠬᠡᠲᠦᠷᠬᠡᠢ ᠤᠳᠠᠭᠠᠨ  ᠰᠦᠯᠵᠢᠭᠡᠳ ᠪᠠᠢᠨ᠎ᠠ᠃》 
《ᠠᠭᠤᠴᠢᠯᠠᠭᠠᠷᠠᠢ᠂ ᠬᠠᠲᠤᠭᠲᠠᠨ ᠢᠩᠭᠢᠵᠦ  ᠰᠦᠯᠵᠢᠬᠦ ᠶᠡᠬᠡ ᠲᠦᠪᠡᠭᠲᠡᠢ ᠶᠦᠮ ᠪᠠᠢᠨ᠎ᠠ᠃》 
《 ᠴᠢ ᠶᠠᠭᠠᠬᠢᠵᠤ ᠬᠠᠲᠤᠨ ᠳ᠋ᠤ᠌ ᠢᠩᠭᠢᠵᠦ ᠬᠡᠯᠡᠵᠦ ᠵᠢᠷᠦᠬᠡᠯᠡᠵᠦ ᠪᠠᠢᠨ᠎ᠠ ᠂ᠣᠳᠣᠬᠠᠨ ᠮᠠᠨ ᠤ᠋ ᠣᠷᠳᠣᠨ ᠠ᠋ᠴᠠ ᠵᠠᠢᠯᠠ!》 
《 ᠦ ᠦ ᠦ》 
《 ᠦ ᠾᠸᠯᠠ ᠮᠢᠨᠢ᠂ ᠶᠠᠭᠠᠬᠢᠬᠤ ᠭᠡᠵᠦ ᠢᠩᠭᠢᠵᠦ ᠪᠠᠢᠭ᠎ᠠ ᠶᠤᠮ ᠪᠣᠢ ? ᠰᠢᠪᠡᠭᠴᠢᠨ ᠴᠢᠳᠠᠯ ᠢ᠋ᠶ᠋ᠠᠷ ᠢ᠋ᠶ᠋ᠠᠨ  ᠯᠠ ᠬᠢᠴᠢᠶᠡᠭᠰᠡᠨ ᠰᠢᠦ ᠳᠡ᠃》 
《 ᠬᠡᠩ᠂ ᠬᠡᠲᠦᠷᠬᠡᠢ ᠤᠳᠠᠭᠠᠨ ᠶᠤᠮ ᠪᠠᠢᠨ᠎ᠠ᠃》 
《 ᠬᠠᠲᠤᠨ ᠮᠢᠨᠢ ᠲᠡᠪᠴᠢᠶᠡᠷᠢ ᠲᠡᠢ ᠪᠠᠢᠵᠤ ᠰᠤᠷ ᠯᠠ ᠳᠠ!》 ᠦᠷᠭᠦᠯᠵᠢ ᠯᠡ ᠬᠠᠲᠤᠨ ᠤ᠋  ᠲᠡᠪᠴᠢᠶᠡᠷᠢ ᠦᠭᠡᠢ ᠵᠠᠩ ᠠᠮᠤᠭᠤᠯᠠᠩ ᠲᠠᠢᠪᠤᠩ ᠪᠠᠢᠳᠠᠯ ᠢ᠋ ᠡᠪᠳᠡᠵᠦ᠂ ᠲᠡᠭᠡᠬᠦ ᠪᠦᠷᠢ ᠳ᠋ᠦ᠍ ᠨᠢ ᠬᠥᠭᠡᠷᠦᠬᠦᠢ ᠬᠠᠭᠠᠨ ᠨᠥᠬᠥᠴᠡᠯ ᠪᠠᠢᠳᠠᠯ ᠢ᠋  ᠵᠠᠯᠠᠷᠠᠭᠤᠯᠬᠤ ᠪᠠᠷ  ᠬᠢᠴᠢᠶᠡᠳᠡᠭ ᠪᠠᠢᠯ᠎ᠠ᠃ 
《 ᠾᠸᠯᠠ ᠴᠢ ᠰᠠᠢᠳ ᠨᠠᠷ ᠲᠠᠢ ᠶᠠᠭᠠᠬᠢᠭᠰᠠᠨ ᠴᠤ᠌ ᠢᠩᠭᠢᠵᠦ ᠶᠠᠷᠢᠵᠤ ᠪᠣᠯᠬᠤ ᠦᠭᠡᠢ᠃》 
《ᠲᠡᠳᠡ ᠦᠨᠡᠬᠡᠷ ᠤᠳᠠᠭᠠᠨ ᠶᠠᠷᠢᠳᠠᠭ ᠶᠤᠮ ᠪᠠᠢᠨ᠎ᠠ ᠯᠠᠢ᠂ᠬᠤᠷᠳᠤᠨ ᠶᠠᠷᠢᠵᠤ ᠰᠤᠷᠬᠤ ᠬᠡᠷᠡᠭᠲᠡᠢ ᠪᠢᠵᠡ ᠳᠡ᠃》 
《 ᠬᠠ ᠬᠠ ᠬᠠ ᠬᠤᠷᠳᠤᠨ ᠶᠠᠷᠢᠪᠠᠯ ᠪᠢ ᠶᠠᠷᠢᠶ᠎ᠠ ᠶ᠋ᠢ ᠨᠢ ᠣᠢᠯᠠᠭᠠᠬᠤ ᠦᠭᠡᠢ ᠰᠢᠦ ᠳᠡ᠂ ᠮᠠᠢ ᠪᠢ ᠴᠢᠨᠦ ᠳᠤᠷᠠᠲᠠᠢ ᠴᠡᠴᠡᠭ ᠢ᠋ ᠠᠪᠴᠢᠷᠠᠯ᠎ᠠ᠃》 
《 ᠰᠠᠷᠠᠨ᠎ᠠ ᠴᠡᠴᠡᠭ! ᠮᠢᠨᠦ ᠳᠤᠷ᠎ᠠ ᠲᠠᠢ ᠴᠡᠴᠡᠭ᠃》 ᠲᠧᠪᠸᠷ ᠬᠠᠭᠠᠨ ᠬᠠᠲᠤᠨ ᠢ᠋ᠶ᠋ᠠᠨ ᠶᠠᠭᠠᠬᠢᠵᠤ ᠲᠡᠪᠴᠢᠶᠡᠷᠢ ᠲᠡᠢ ᠪᠣᠯᠭᠠᠬᠤ ᠪᠣᠢ ᠭᠡᠵᠦ ᠡᠳᠦᠷ ᠦ᠋ᠨ ᠪᠣᠳᠣᠯ ᠪᠣᠯᠳᠠᠭ ᠪᠠᠢᠯ᠎ᠠ᠃ᠨᠢᠭᠡᠨ ᠡᠳᠦᠷ ᠬᠠᠢᠷᠠᠲᠠᠢ ᠬᠠᠲᠤᠨ ᠤ᠋ ᠪᠠᠨ ᠲᠤᠬᠠᠢ ᠪᠣᠳᠣᠯ ᠳ᠋ᠤ᠌ ᠳᠠᠷᠤᠭᠳᠠᠨ ᠠᠯᠬᠤᠵᠤ ᠶᠠᠪᠤᠯ᠎ᠠ᠂ ᠪᠢ ᠶᠡᠷᠦ ᠡᠴᠡ ᠪᠡᠨ ᠣᠢᠯᠠᠭᠠᠬᠤ ᠦᠭᠡᠢ ᠪᠠᠢᠨ᠎ᠠ᠂ ᠲᠡᠷᠡ ᠤᠭ ᠨᠢ ᠨᠠᠳᠠ ᠲᠠᠢ ᠭᠡᠷᠯᠡᠬᠦ ᠡᠴᠡ ᠪᠡᠨ ᠡᠮᠦᠨ᠎ᠡ ᠶᠡᠬᠡ ᠰᠠᠢᠬᠠᠨ ᠰᠡᠳᠬᠢᠯ ᠲᠡᠢ ᠪᠠᠢᠭᠰᠠᠨ ᠶᠤᠮ ᠰᠠᠨ᠃ ᠲᠡᠢᠮᠦ ᠠ᠋ ᠂ ᠭᠡᠷᠯᠡᠬᠦ ᠡᠴᠡ ᠪᠡᠨ ᠡᠮᠦᠨ᠎ᠡ  ᠲᠡᠪᠴᠢᠶᠡᠷᠢ ᠦᠭᠡᠢ ᠪᠠᠢᠭᠰᠠᠨ ᠯᠠ ᠳᠠ᠂ ᠬᠠᠷᠢᠨ ᠣᠳᠣ ᠪᠦᠷ ᠴᠦ᠍ ᠲᠡᠪᠴᠢᠶᠡᠷᠢ ᠦᠭᠡᠢ ᠪᠣᠯᠴᠢᠬᠠᠵᠠᠢ᠃ᠶᠠᠳᠠᠵᠤ ᠪᠠᠢᠬᠤ ᠳ᠋ᠤ᠌ ᠬᠠᠷᠠᠮᠴᠢ ᠪᠣᠯᠵᠤ ᠪᠠᠢᠭ᠎ᠠ ᠨᠢ ᠴᠦ᠍ ᠵᠢᠭᠲᠡᠢᠬᠡᠨ᠂ ᠬᠠᠲᠤᠨ ᠪᠣᠯᠤᠭᠰᠠᠨ ᠠ᠋ᠴᠠ ᠪᠠᠨ ᠬᠣᠢᠰᠢ  ᠶᠡᠬᠡ ᠥᠭᠡᠷᠡᠴᠢᠯᠡᠭᠳᠡᠵᠡᠢ᠃ 
《ᠠ᠋ ᠡᠨᠡ ᠶᠠᠭᠤ ᠪᠣᠢ?》 
《ᠡᠨᠡ ᠴᠢᠨᠢ ᠬᠡᠦᠬᠡᠳ ᠤᠤ ᠳᠠ᠂ ᠬᠠᠮᠢᠭ᠎ᠠ ᠠ᠋ᠴᠠ ᠭᠠᠷᠤᠭᠠᠳ ᠢᠷᠡᠳᠡᠭ ᠪᠠᠢᠨ᠎ᠠ ᠶᠠᠮᠠᠷ ᠬᠥᠭᠡᠷᠦᠬᠦᠢ ᠶᠦ᠍ᠮ ᠳᠡ ᠭᠡᠷ ᠲᠦ᠍ ᠴᠢᠨᠢ ᠬᠦᠷᠭᠡᠭᠡᠳ ᠥᠭᠭᠦᠶ᠎ᠡ᠃》 
《 ᠢᠩᠭᠢᠬᠦ ᠳ᠋ᠦ᠍ ᠲᠧᠪᠸᠷ  ᠬᠠᠮᠢᠭ᠎ᠠ ᠣᠴᠢᠳᠠᠭ ᠪᠠᠢᠨ᠎ᠠ᠂ᠪᠦᠷ ᠠᠯᠠᠭ᠎ᠠ ᠪᠣᠯᠴᠢᠬᠠᠬᠤ ᠶᠤᠮ ᠠ᠋᠃》 
《ᠭᠡᠬᠦ ᠳ᠋ᠡᠭᠡᠨ ᠬᠠᠭᠠᠨ ᠠᠷᠪᠠᠬᠠᠨ ᠮᠢᠨᠦ᠋ᠲ ᠦ᠋ᠨ ᠡᠮᠦᠨ᠎ᠡ ᠯᠡ ᠶᠠᠪᠤᠭᠰᠠᠨ ᠰᠢᠦ ᠳᠡ᠃》 
《 ᠶᠠᠭᠤ ? ᠴᠢ ᠶᠠᠭᠠᠬᠢᠵᠤ ᠮᠢᠨᠦ ᠥᠭᠡᠳᠡ ᠡᠴᠡ ᠦᠭᠡ ᠬᠡᠯᠡᠵᠦ ᠵᠢᠷᠦᠬᠡᠯᠡᠵᠦ ᠪᠠᠢᠨ᠎ᠠ?》 
《 ᠠ ᠾᠸᠯᠠ  ᠡᠭᠦᠨ ᠢ᠋ ᠬᠠᠷᠠ ᠳᠠ᠂ᠪᠢ ᠭᠣᠣᠯ ᠳ᠋ᠤ᠌ ᠤᠷᠤᠰᠴᠤ ᠶᠠᠪᠤᠭᠰᠠᠨ ᠬᠡᠦᠬᠡᠳ ᠣᠯᠤᠯ᠎ᠠ ᠬᠠᠷᠠ ᠳᠠ᠃》 
《 ᠬᠡᠦᠬᠡᠳ ᠭᠡᠨ᠎ᠡ ᠠ᠋᠂ ᠭᠡᠬᠦ ᠳ᠋ᠡᠭᠡᠨ ᠶᠠᠭᠠᠬᠢᠵᠤ?  ᠠ ᠵᠤᠷᠪᠤᠰ ᠪᠠᠢᠨ᠎ᠠ᠂ ᠥᠬᠢᠨ ᠢ᠋ ᠮᠢᠨᠢ ᠣᠯᠤᠭᠰᠠᠨ ᠬᠥᠮᠦᠨ ᠬᠠᠢᠷᠠᠯᠠᠵᠤ ᠥᠰᠬᠡᠭᠡᠷᠡᠢ!》 ᠬᠠᠭᠠᠨ ᠬᠠᠲᠤᠨ ᠬᠣᠶᠠᠷ ᠶᠠᠭᠠᠬᠢᠬᠤ ᠪᠠᠨ ᠮᠡᠳᠡᠬᠦ ᠪᠡᠨ ᠪᠠᠢᠯ᠎ᠠ ᠂ ᠭᠡᠪᠡᠴᠦ ᠬᠠᠭᠠᠨ ᠳ᠋ᠤ᠌  ᠥᠬᠢᠨ ᠶᠡᠬᠡᠳᠡ ᠲᠠᠭᠠᠯᠠᠭᠳᠠᠭᠰᠠᠨ ᠲᠤᠯᠠ ᠥᠬᠢᠨ ᠢ᠋ ᠦᠷᠭᠦᠭᠡᠨ ᠳ᠋ᠦ᠍ ᠪᠡᠨ ᠠᠪᠴᠢᠷᠠᠯ᠎ᠠ᠃ 
《 ᠥᠬᠢᠨ ᠮᠢᠨᠢ ᠴᠢᠮ᠎ᠠ ᠶ᠋ᠢ ᠯᠢᠶᠠᠩ ᠭᠡᠵᠦ ᠨᠠᠷᠠᠯᠠᠯ᠎ᠠ᠃》  ᠯᠢᠶᠠᠩ ᠶᠡᠬᠡ ᠰᠠᠢᠬᠠᠨ ᠰᠡᠳᠬᠢᠯ ᠲᠡᠢ ᠥᠬᠢᠨ ᠪᠣᠯᠵᠤ  ᠥᠰᠴᠡᠢ᠂  ᠲᠣᠮᠣ ᠪᠣᠯᠤᠭᠰᠠᠨ ᠬᠣᠢᠨ᠎ᠠ ᠪᠠᠨ ᠴᠤ᠌ ᠰᠠᠢᠬᠠᠨ ᠰᠡᠳᠬᠢᠯ ᠲᠡᠢ ᠬᠡᠪ ᠢ᠋ᠶ᠋ᠡᠷ ᠢ᠋ᠶ᠋ᠡᠨ ᠪᠠᠢᠯ᠎ᠠ᠃ 
《 ᠦ᠁》《 ᠦ᠂ ᠪᠤᠷᠬᠠᠨ ᠮᠢᠨᠢ᠂ ᠲᠠ ᠵᠦᠭᠡᠷ ᠤᠤ?》 
《 ᠦ ᠵᠦᠭᠡᠷ ᠠ᠋᠂ ᠪᠠᠶᠠᠷᠯᠠᠯ᠎ᠠ᠂ ᠡᠷᠬᠢᠮ ᠳᠡᠭᠡᠳᠦᠰ ᠠ᠋!》 
《 ᠦᠨᠡᠬᠡᠷ ᠰᠠᠢᠬᠠᠨ ᠰᠡᠳᠬᠢᠯ ᠲᠡᠢ ᠶᠦᠮ ᠠ᠋᠂ ᠲᠡᠷᠡ ᠬᠠᠲᠤᠨ ᠬᠠᠭᠠᠨ ᠤ᠋ ᠳᠣᠮᠣᠭᠲᠤ ᠲᠢᠲᠢᠮ ᠢ᠋ ᠵᠡᠭᠦᠬᠦ ᠬᠡᠷᠡᠭᠲᠡᠢ ᠶᠦᠮ ᠪᠠᠢᠨ᠎ᠠ᠃》 
《 ᠴᠢᠮᠡᠭᠡ ᠦᠭᠡᠢ᠂ ᠬᠠᠲᠤᠨ ᠰᠣᠨᠣᠰᠬᠤ ᠶᠤᠮ ᠪᠣᠯ ᠪᠢᠳᠡ ᠬᠣᠶᠠᠷ ᠢ᠋ ᠭᠢᠨᠳᠠᠨ ᠳ᠋ᠤ᠌ ᠬᠣᠷᠢᠴᠢᠬᠠᠨ᠎ᠠ ᠰᠢᠦ᠂ ᠪᠠᠭ᠎ᠠ ᠶᠠᠷᠢᠵᠤ ᠶᠡᠬᠡ ᠬᠢ᠂ ᠲᠡᠨᠡᠭᠬᠡᠨ ᠮᠢᠨᠢ᠂ ᠣᠢᠯᠠᠭᠠᠪᠠᠤ?》  
ᠦᠨᠡᠨ ᠢ᠋ ᠬᠡᠯᠡᠬᠦ ᠳ᠋ᠦ᠍ ᠣᠷᠳᠣᠨ ᠳ᠋ᠤ᠌ ᠨᠢᠭᠡᠨ ᠰᠢᠳᠢᠲᠦ ᠲᠢᠲᠢᠮ ᠪᠠᠢᠳᠠᠭ ᠪᠠᠢᠯ᠎ᠠ᠂ ᠵᠡᠭᠦᠬᠦ ᠶᠣᠰᠣᠲᠠᠢ ᠬᠥᠮᠦᠨ ᠨᠢ ᠵᠡᠭᠦᠬᠦ ᠪᠡᠷ ᠡᠨᠡ ᠲᠢᠲᠢᠮ ᠭᠢᠯᠠᠯᠵᠠᠳᠠᠭ ᠪᠠᠢᠵᠠᠢ᠃ᠭᠡᠬᠦ  ᠳ᠋ᠦ᠍ ᠪᠡᠨ ᠣᠯᠠᠨ ᠵᠢᠯ ᠦ᠋ᠨ ᠡᠮᠦᠨ᠎ᠡ ᠲᠢᠲᠢᠮ ᠬᠡᠷᠡᠯᠳᠦᠬᠦ ᠪᠡᠨ ᠪᠣᠯᠢᠵᠠᠢ ᠭᠡᠨ᠎ᠡ᠂ ᠡᠨᠡ ᠨᠢ ᠬᠠᠲᠤᠨ ᠢ᠋ ᠮᠠᠰᠢ ᠶᠡᠬᠡ  ᠠᠭᠤᠷᠯᠠᠭᠤᠯᠳᠠᠭ ᠪᠠᠢᠯ᠎ᠠ᠃ᠨᠢᠭᠡᠨ ᠡᠳᠦᠷ ᠯᠢᠶᠠᠩ ᠣᠷᠳᠣᠨ ᠢ᠋ᠶ᠋ᠠᠷ ᠡᠳᠦᠷᠵᠢᠨ ᠢ᠋ᠶ᠋ᠡᠨ  ᠵᠤᠭᠠᠯᠠᠵᠠᠢ ᠭᠡᠨ᠎ᠡ᠂ ᠲᠡᠭᠡᠵᠦ  ᠶᠠᠪᠤᠭᠠᠳ ᠬᠣᠷᠢᠭ᠎ᠠ ᠲᠠᠢ ᠴᠠᠮᠬᠠᠭ ᠳᠤ ᠶᠠᠪᠤᠵᠤ ᠣᠴᠢᠴᠢᠬᠠᠪᠠ᠃ 
《 ᠬᠥᠥᠭ᠂ ᠡᠨᠡ ᠣᠷᠳᠣᠨ  ᠦᠨᠡᠬᠡᠷ ᠤᠷᠲᠤ ᠶᠤᠮ ᠠ᠋᠂  ᠭᠦᠦᠭ ᠶᠠᠮᠠᠷ ᠲᠣᠮᠣ ᠬᠠᠭᠠᠯᠭ᠎ᠠ ᠪᠣᠢ?》  ᠲᠡᠷᠡ ᠨᠢᠭᠤᠴᠠᠯᠢᠭ ᠬᠠᠭᠠᠯᠭ᠎ᠠ ᠶ᠋ᠢ ᠥᠪᠡᠷ ᠦ᠋ᠨ ᠪᠠᠢᠳᠠᠭ ᠬᠦᠴᠦ ᠪᠡᠷ ᠢ᠋ᠶ᠋ᠡᠨ ᠲᠦᠯᠬᠢᠨ ᠣᠷᠣᠯ᠎ᠠ᠃ 
《ᠦ᠂ ᠶᠠᠮᠠᠷ ᠬᠦᠨᠳᠦ ᠬᠠᠭᠠᠯᠭ᠎ᠠ ᠪᠣᠢ?ᠡᠨᠡ ᠶᠠᠮᠠᠷ  ᠲᠢᠲᠢᠮ ᠶᠦᠮ ᠪᠣᠯ?》ᠲᠡᠭᠦᠨ ᠢ᠋ ᠭᠠᠢᠬᠠᠨ ᠳᠥᠭᠥᠵᠦ ᠣᠴᠢᠬᠤ ᠳ᠋ᠤ᠌ ᠲᠢᠲᠢᠮ ᠭᠢᠯᠠᠯᠵᠠᠵᠤ ᠡᠬᠢᠯᠡᠯ᠎ᠡ᠂  ᠥᠬᠢᠨ  ᠬᠣᠪᠣᠰᠣᠳᠠᠭᠤᠯᠤᠭᠰᠠᠨ ᠪᠣᠯᠪᠠᠴᠤ ᠲᠢᠲᠢᠮ ᠳ᠋ᠦ᠍ ᠭᠠᠷ ᠬᠦᠷᠬᠦ ᠡᠴᠡ ᠠᠶᠤᠵᠤ ᠪᠠᠢᠯ᠎ᠠ᠃ 
《ᠠᠪᠤ ᠡᠵᠢ ᠳ᠋ᠦ᠍ ᠡᠨᠡ ᠲᠤᠬᠠᠢ ᠬᠡᠯᠡᠬᠦ ᠬᠡᠷᠡᠭᠲᠡᠢ ᠶᠦ᠍ᠮ ᠪᠠᠢᠨ᠎ᠠ》 
《ᠠᠪᠤ ᠠ᠋ ᠡᠵᠢ ᠠ᠋ ᠪᠢ  ᠬᠣᠷᠢᠭ᠎ᠠ ᠲᠠᠢ ᠴᠠᠮᠬᠠᠭ ᠲᠦ ᠣᠴᠢᠭᠠᠳ ᠢᠷᠡᠯ᠎ᠡ᠃》 
《 ᠯᠢᠶᠠᠩ ᠲᠡᠨᠳᠡ ᠣᠴᠢᠵᠤ ᠪᠣᠯᠬᠤ ᠦᠭᠡᠢ ᠭᠡᠵᠦ ᠴᠢᠮ᠎ᠠ ᠳ᠋ᠤ᠌ ᠬᠡᠯᠡᠭᠰᠡᠨ ᠪᠢᠵᠡ ᠳᠡ?》 
《ᠭᠡᠬᠦ ᠳ᠋ᠡᠭᠡᠨ ᠲᠡᠨᠳᠡ ᠨᠢᠭᠡ  ᠲᠢᠲᠢᠮ ᠪᠠᠢᠭᠰᠠᠨ ᠪᠠᠰᠠ  ᠭᠢᠯᠠᠯᠵᠠᠵᠤ ᠪᠠᠢᠨ᠎ᠠ ᠯᠠᠢ》 
《  ᠭᠢᠯᠠᠯᠵᠠᠭ᠍ᠰᠠᠨ?》 ᠯᠢᠶᠠᠩ ᠶᠠᠭᠤ ᠪᠣᠯᠤᠭᠰᠠᠨ ᠢ᠋ ᠪᠦᠭᠦᠳᠡ ᠶ᠋ᠢ ᠨᠢ ᠶᠠᠷᠢᠵᠤ ᠥᠭᠭᠦᠯ᠎ᠡ᠃ 
《 ᠲᠢᠲᠢᠮ ᠭᠢᠯᠠᠯᠵᠠᠭᠰᠠᠨ ᠭᠡᠨ᠎ᠡ᠂ ᠪᠢ ᠶᠠᠮᠠᠷ ᠶᠡᠬᠡ ᠪᠠᠶᠠᠷᠯᠠᠵᠤ ᠪᠠᠢᠭ᠎ᠠ ᠶ᠋ᠢ ᠮᠡᠳᠡᠵᠦ ᠪᠠᠢᠨ᠎ᠠ ᠤᠤ?》
《 ᠪᠢ ᠣᠢᠯᠠᠭᠠᠬᠤ ᠦᠭᠡᠢ ᠪᠠᠢᠨ᠎ᠠ?》 
《 ᠬᠠ ᠬᠠ ᠬᠠ ᠬᠠ ᠴᠢᠮ᠎ᠠ ᠶ᠋ᠢ ᠲᠣᠮᠣ ᠪᠣᠯᠬᠤ ᠪᠠᠷ ᠴᠢᠨᠢ ᠬᠡᠯᠡᠨ᠎ᠡ᠃ 》ᠬᠠᠭᠠᠨ ᠤ᠋ ᠬᠥᠯ ᠭᠠᠵᠠᠷ ᠬᠦᠷᠬᠦ ᠦᠭᠡᠢ ᠪᠠᠶᠠᠷᠯᠠᠵᠤ᠂ᠬᠠᠷᠢᠨ ᠬᠠᠲᠤᠨ ᠠᠭᠤᠷᠯᠠᠵᠤ ᠪᠤᠬᠢᠨᠢᠳᠤᠵᠤ ᠪᠠᠢᠯ᠎ᠠ ᠃ᠲᠡᠷᠡ ᠰᠥᠨᠢ ᠳ᠋ᠦ᠍ ᠪᠡᠨ ᠬᠠᠲᠤᠨ ᠣᠷᠳᠣᠨ ᠠ᠋ᠴᠠ ᠭᠠᠷᠴᠤ ᠶᠠᠪᠤᠭᠠᠳ ᠥᠪᠡᠷ ᠦ᠋ᠨ ᠲᠠᠨᠢᠳᠠᠭ ᠨᠢᠭᠡᠨ ᠱᠤᠯᠤᠮ ᠳᠡᠭᠡᠷ᠎ᠡ ᠣᠴᠢᠯ᠎ᠠ᠃ 
《 ᠡᠵᠡᠭᠲᠡᠢ?》 
《ᠴᠢᠮ᠎ᠠ ᠶ᠋ᠢ ᠶᠠᠭᠠᠬᠢᠬᠤ ᠭᠡᠵᠦ ᠢᠷᠡᠭᠰᠡᠨ ᠢ᠋ ᠮᠡᠳᠡᠨ᠎ᠡ᠂ ᠲᠢᠲᠢᠮ  ᠭᠢᠯᠠᠯᠵᠠᠭᠰᠠᠨ ᠪᠣᠯᠬᠣᠷ ᠯᠠ ᠨᠠᠭᠠᠰᠢ ᠪᠠᠨ ᠢᠷᠡᠭᠰᠡᠨ ᠪᠢᠵᠡ ᠳᠡ?》
《ᠪᠢ ᠣᠳᠣ ᠶᠠᠭᠠᠬᠢᠬᠤ ᠪᠣᠢ?》 
《ᠰᠠᠨᠠᠭ᠎ᠠ ᠵᠣᠪᠠᠬᠤ ᠬᠡᠷᠡᠭ ᠦᠭᠡᠢ ᠳᠡ᠂ ᠪᠢ ᠴᠢᠮ᠎ᠠ ᠳ᠋ᠤ᠌  ᠵᠣᠷᠢᠭᠤᠯᠵᠤ ᠪᠥᠭᠡᠵᠢ ᠪᠡᠯᠡᠳᠦᠭᠰᠡᠨ᠂ ᠡᠨᠡ ᠪᠥᠭᠡᠵᠢ ᠶ᠋ᠢ ᠨᠥᠬᠥᠷ ᠲᠦ᠍ ᠪᠡᠨ  ᠵᠡᠭᠦᠯᠭᠡᠴᠢᠬᠡ᠂ ᠪᠥᠬᠡᠵᠢᠨ ᠳ᠋ᠡᠬᠢ ᠷᠢᠳᠢ ᠰᠢᠳᠢ ᠬᠠᠭᠠᠨ ᠢ᠋ ᠥᠬᠢᠨ ᠳ᠋ᠦ᠍ ᠳᠤᠷ᠎ᠠ ᠦᠭᠡᠢ ᠪᠣᠯᠭᠠᠵᠤ ᠥᠬᠢᠨ ᠦ᠌ ᠬᠢᠭᠰᠡᠨ ᠪᠣᠯᠭᠠᠨ ᠳ᠋ᠤ᠌ ᠳᠤᠷ᠎ᠠ ᠦᠭᠡᠢ ᠪᠣᠯᠭᠠᠨ᠎ᠠ᠃》 ᠬᠠᠲᠤᠨ ᠲᠣᠯᠣᠭᠠᠢ ᠳᠣᠬᠢᠭᠠᠳ ᠭᠠᠷᠴᠤ ᠣᠳᠴᠠᠢ᠃ ᠬᠠᠷᠢᠨ ᠮᠠᠷᠭᠠᠰᠢ ᠨᠢ ᠲᠡᠷᠡ ᠬᠠᠭᠠᠨ ᠳᠡᠭᠡᠷ᠎ᠡ ᠣᠴᠢᠭᠠᠳ ᠪᠥᠭᠡᠵᠢ ᠪᠡᠨ  ᠵᠡᠭᠦᠯᠭᠡᠵᠦ ᠥᠭᠪᠡ ᠭᠡᠨ᠎ᠡ᠃
《 ᠬᠥᠥᠭ᠂ ᠶᠠᠮᠠᠷ ᠬᠥᠭᠡᠷᠦᠬᠦᠨ  ᠪᠥᠭᠡᠵᠢ ᠪᠣᠢ?》 
《 ᠡᠨᠡ ᠴᠢᠮ᠎ᠠ ᠳ᠋ᠤ᠌ ᠥᠭᠴᠦ ᠪᠠᠢᠭ᠎ᠠ ᠪᠢᠴᠢᠬᠠᠨ ᠪᠡᠯᠡᠭ ᠪᠠᠢᠭ᠎ᠠ ᠶᠤᠮ᠃》 
《 ᠠᠪᠤ ᠠ᠋᠂ ᠡᠵᠢ ᠠ᠋》  
ᠬᠠᠭᠠᠨ ᠲᠧᠪᠸᠷ ᠯᠢᠶᠠᠩ ᠶ᠋ᠢ ᠬᠠᠷᠠᠭᠠᠳ ᠴᠣᠴᠢᠷᠲᠠᠯ᠎ᠠ᠂ ᠷᠢᠳᠢ ᠰᠢᠳᠢ ᠠᠯᠢ ᠬᠡᠳᠦᠢᠨ ᠦᠢᠯᠡᠴᠢᠯᠡᠭᠡᠳ ᠡᠬᠢᠯᠡᠵᠡᠢ᠃ ᠥᠬᠢᠨ ᠦ᠌ ᠳᠠᠭᠤ ᠨᠢ ᠬᠦᠷᠲᠡᠯ᠎ᠡ ᠠᠭᠤᠷ ᠢ᠋ ᠨᠢ ᠬᠦᠷᠭᠡᠯ᠎ᠡ᠃ 《 ᠯᠢᠶᠠᠩ ᠵᠥᠭᠡᠯᠡᠨ ᠠᠶᠠᠷᠬᠠᠨ ᠶᠠᠷᠢᠭᠠᠴᠢ ᠳᠠ!》 
《 ᠦ ᠠᠭᠤᠴᠢᠯᠠᠭᠠᠷᠠᠢ᠂ ᠪᠢ ᠥᠪᠡᠷ ᠢ᠋ᠶ᠋ᠡᠨ ᠬᠢᠭᠰᠡᠨ ᠪᠢᠯᠠᠤ ᠶ᠋ᠢ ᠠᠮᠰᠠᠭᠤᠯᠬᠤ ᠭᠡᠰᠡᠨ ᠶᠦᠮ᠃》 
《 ᠠ᠂ᠶᠠᠮᠠᠷ ᠱᠣᠷᠪᠣᠭ  ᠪᠣᠯᠤᠭ᠎ᠠ ᠪᠣᠢ? ᠨᠠᠳᠠ ᠳ᠋ᠤ᠌ ᠶᠠᠭᠠᠬᠢᠵᠤ ᠡᠢᠮᠦ ᠶᠠᠭᠤᠮ᠎ᠠ ᠥᠭᠴᠦ ᠴᠢᠳᠠᠵᠤ ᠪᠠᠢᠨ᠎ᠠ?》 
《 ᠶᠠᠭᠤ? ᠦᠭᠡᠢ᠂ ᠨᠠᠳᠠᠳᠤ ᠠᠮᠲᠠᠲᠠᠢ ᠯᠠ ᠰᠠᠨᠠᠭᠳᠠᠵᠤ ᠪᠠᠢᠨ᠎ᠠ ᠳᠠ᠃》 
《 ᠴᠢ ᠪᠦᠷ ᠬᠤᠳᠠᠯ ᠶᠠᠷᠢᠳᠠᠭ ᠪᠣᠯᠵᠠᠢ᠂ ᠬᠠ ᠬᠠ ᠬᠠ ᠬᠠ》  
ᠪᠥᠬᠡᠵᠢᠨ ᠦ᠌ ᠷᠢᠳᠢ ᠰᠢᠳᠢ ᠠᠮᠲᠠᠲᠤ ᠪᠢᠯᠠᠤ ᠶ᠋ᠢ ᠱᠣᠷᠪᠣᠭ ᠠᠮᠲᠠ ᠲᠠᠢ ᠪᠣᠯᠭᠠᠵᠠᠢ᠃  ᠯᠢᠶᠠᠩ ᠶ᠋ᠢᠨ ᠬᠢᠭᠰᠡᠨ ᠪᠣᠯᠭᠠᠨ ᠨᠢ ᠬᠠᠭᠠᠨ ᠳ᠋ᠤ᠌ ᠲᠠᠭᠠᠯᠠᠭᠳᠠᠬᠤ ᠪᠠᠨ ᠪᠣᠯᠢᠵᠤ᠂ ᠬᠠᠭᠠᠨ ᠤᠯᠠᠮ ᠶᠡᠬᠡ  ᠯᠢᠶᠠᠩ ᠳ᠋ᠤ᠌ ᠳᠤᠷ᠎ᠠ ᠦᠭᠡᠢ ᠪᠣᠯᠤᠭᠰᠠᠭᠠᠷ ᠯᠠ ᠪᠠᠢᠯ᠎ᠠ᠃ ᠡᠳᠦᠷ ᠢᠷᠡᠬᠦ ᠳᠣᠳᠣᠮ ᠬᠥᠭᠡᠷᠦᠬᠦᠢ ᠯᠢᠶᠠᠩ ᠶ᠋ᠢ ᠬᠠᠲᠤᠨ  ᠲᠣᠭᠣᠬᠤ ᠪᠠᠨ ᠴᠤ᠌ ᠪᠣᠯᠢᠵᠤ ᠬᠠᠭᠠᠨ ᠬᠦᠷᠲᠡᠯ᠎ᠡ ᠦᠵᠡᠨ ᠶᠠᠳᠠᠬᠤ ᠪᠣᠯᠵᠠᠢ᠃ᠢᠩᠭᠢᠭᠡᠳ ᠯᠢᠶᠠᠩ ᠭᠠᠭᠴᠠᠭᠠᠷᠳᠠᠨ ᠰᠠᠭᠤᠳᠠᠭ ᠪᠣᠯᠵᠠᠢ᠂ᠤᠯᠤᠰ ᠣᠷᠣᠨ ᠢ᠋ᠶ᠋ᠠᠨ ᠤᠳᠤᠷᠢᠳᠤᠭᠠᠳ ᠶᠠᠳᠠᠷᠠᠳᠠᠭ  ᠪᠠᠢᠬ᠎ᠠ ᠯᠠ ᠳᠠ᠂ᠠᠪᠤ ᠡᠵᠢ ᠬᠣᠶᠠᠷ ᠢ᠋ ᠲᠠᠢᠪᠤᠰᠢᠷᠠᠲᠠᠯ᠎ᠠ ᠨᠢᠳᠦᠨ ᠳ᠋ᠦ᠍ᠨᠢ ᠥᠷᠲᠥᠬᠦ ᠦᠭᠡᠢ ᠪᠠᠢᠭᠰᠠᠨ ᠨᠢ ᠳᠡᠭᠡᠷ᠎ᠡ ᠶᠦᠮ ᠪᠠᠢᠨ᠎ᠠ᠃  ᠨᠢᠭᠡᠨ ᠰᠠᠢᠬᠠᠨ ᠡᠳᠦᠷ ᠭᠦᠩᠵᠦ ᠥᠨᠥᠬᠢ  ᠳᠣᠮᠣᠭᠲᠤ ᠲᠢᠲᠢᠮ ᠪᠠᠢᠳᠠᠭ  ᠥᠷᠥᠭᠡᠨ ᠳ᠋ᠦ᠍ ᠶᠠᠪᠤᠵᠤ ᠣᠴᠢᠯ᠎ᠠ᠃ 
《ᠡᠨᠡ ᠦᠨᠡᠬᠡᠷ ᠭᠣᠶᠣ ᠲᠢᠲᠢᠮ ᠶᠦᠮ᠂ ᠨᠠᠳᠠᠳᠤ ᠬᠢᠷᠢ ᠶᠡᠬᠡ ᠵᠣᠬᠢᠬᠤ ᠨᠢ ᠤᠤ? ᠬᠠᠷᠠᠶ᠎ᠠ᠂ ᠬᠥᠥᠭ᠂ ᠡᠨᠡ ᠦᠨᠡᠬᠡᠷ᠂ ᠶᠠᠭᠤ ᠪᠣᠯᠤᠭᠠᠳ ᠪᠠᠢᠨ᠎ᠠ?》 
《 ᠨᠠᠮ᠎ᠠ ᠶ᠋ᠢ ᠵᠡᠭᠦᠬᠦ ᠡᠷᠬᠡ ᠲᠡᠢ ᠬᠥᠮᠦᠨ ᠯᠡ ᠵᠡᠭᠦᠬᠦ ᠶᠣᠰᠣᠲᠠᠢ ᠪᠠᠢᠳᠠᠭ ᠶᠤᠮ᠃》 
《 ᠴᠢ ᠬᠡᠨ ᠪᠣᠢ?》 
《ᠪᠢ ᠪᠣᠯ ᠷᠢᠳᠢ ᠰᠢᠳᠢ ᠲᠡᠢ ᠲᠢᠲᠢᠮ ᠪᠢᠯᠡ᠂ ᠴᠢᠨᠦ ᠮᠡᠳᠡᠬᠦ ᠶ᠋ᠢ ᠬᠦᠰᠡᠭᠰᠡᠨ ᠪᠦᠬᠦ ᠠᠰᠠᠭᠤᠯᠲᠠ ᠳ᠋ᠤ᠌ ᠴᠢᠨᠢ ᠪᠢ ᠬᠠᠷᠢᠭᠤᠯᠤᠨ᠎ᠠ᠃》
 《 ᠠ᠂ ᠪᠢ ᠭᠠᠭᠴᠠ ᠶᠠᠭᠤᠮ᠎ᠠ ᠯᠠ ᠮᠡᠳᠡᠮᠡᠷ ᠪᠠᠢᠨ᠎ᠠ? ᠶᠠᠭᠠᠬᠢᠭᠠᠳ ᠠᠪᠤ ᠡᠵᠢ ᠬᠣᠶᠠᠷ ᠮᠠᠨᠢ ᠣᠢᠷ᠎ᠠ ᠳ᠋ᠠᠭᠠᠨ ᠮᠠᠭᠤᠬᠠᠢ ᠠᠭᠠᠰᠢᠯᠠᠭᠠᠳ ᠪᠠᠢᠭ᠎ᠠ ᠶ᠋ᠢ ᠯᠡ ᠮᠡᠳᠡᠮᠡᠷ ᠪᠠᠢᠨ᠎ᠠ?》 ᠢᠩᠭᠢᠭᠡᠳ ᠲᠢᠲᠢᠮ ᠷᠢᠳᠢ ᠰᠢᠳᠢᠲᠦ ᠪᠥᠭᠡᠵᠢ ᠪᠣᠯᠤᠨ ᠡᠵᠢ ᠶ᠋ᠢᠨ ᠬᠢᠨᠢ ᠲᠠᠯ᠎ᠠ ᠪᠠᠷ  ᠥᠬᠢᠨ ᠳ᠋ᠦ᠍ ᠬᠡᠯᠡᠵᠡᠢ᠃ 
《 ᠲᠡᠭᠡᠬᠦ ᠪᠡᠷ ᠠᠪᠤ ᠮᠢᠨᠢ ᠨᠠᠮ᠎ᠠ ᠶ᠋ᠢ ᠦᠵᠡᠨ ᠶᠠᠳᠠᠳᠠᠭ ᠦᠭᠡᠢ ᠪᠠᠢᠬᠤ ᠨᠢ᠂ ᠵᠦᠭᠡᠷ ᠯᠡ ᠬᠠᠷᠢᠶᠠᠯ ᠬᠢᠭᠰᠡᠨ ᠶᠦᠮ ᠪᠠᠢᠨ᠎ᠠ᠂ ᠮᠠᠨ ᠤ᠋ ᠡᠵᠢ ᠡᠨᠡ ᠲᠢᠲᠢᠮ ᠢ᠋ ᠠᠪᠬᠤ ᠭᠡᠵᠦ ᠰᠠᠨᠠᠭᠠᠷᠬᠠᠳᠠᠭ ᠶᠤᠮ ᠪᠠᠢᠨ᠎ᠠ᠃》 
《 ᠦᠭᠡᠢ ᠡᠵᠢ ᠴᠢᠨᠢ ᠪᠢᠰᠢ ᠱᠤᠯᠤᠮ ᠠᠪᠬᠤ ᠭᠡᠵᠦ ᠰᠠᠨᠠᠭᠠᠷᠬᠠᠳᠠᠭ ᠂  ᠡᠵᠢ ᠴᠢᠨᠢ  ᠲᠡᠪᠴᠢᠶᠡᠷᠢ ᠦᠭᠡᠢ ᠬᠡᠳᠦᠢ ᠴᠦ᠍ ᠰᠠᠢᠬᠠᠨ ᠰᠡᠳᠬᠢᠯ ᠲᠡᠢ ᠬᠥᠮᠦᠨ ᠬᠡᠪ ᠢ᠋ᠶ᠋ᠡᠷ ᠢ᠋ᠶ᠋ᠡᠨ ᠪᠠᠢᠭ᠎ᠠ ᠰᠢᠦ᠃》 ᠬᠠᠲᠤᠨ ᠤ᠋ ᠰᠤᠯᠠ ᠲᠠᠯ᠎ᠠ ᠶ᠋ᠢ  ᠠᠰᠢᠭᠯᠠᠳᠠᠭ ᠱᠤᠯᠤᠮ ᠤ᠋ᠨ ᠲᠤᠬᠠᠢ ᠯᠢᠶᠠᠩ ᠳ᠋ᠤ᠌ ᠮᠠᠰᠢ ᠰᠠᠢᠨ ᠬᠡᠯᠡᠵᠦ ᠥᠭᠭᠦᠯ᠎ᠡ᠂  ᠬᠠᠲᠤᠨ ᠱᠤᠯᠤᠮ ᠤ᠋ᠨ ᠬᠠᠷᠢᠶᠠᠯ ᠳ᠋ᠤ᠌ ᠥᠷᠲᠥᠭᠰᠡᠨ ᠪᠠᠢᠵᠠᠢ᠃ 
《ᠱᠤᠯᠤᠮ ᠮᠢᠨᠦ ᠬᠦᠴᠦ ᠶ᠋ᠢ ᠠᠰᠢᠭᠯᠠᠨ ᠤᠯᠤᠰ ᠣᠷᠣᠨ ᠢ᠋ ᠵᠠᠬᠢᠷᠬᠤ ᠶ᠋ᠢ ᠬᠦᠰᠡᠵᠦ ᠪᠠᠢᠭ᠎ᠠ᠂ ᠭᠡᠪᠡᠴᠦ ᠴᠢᠳᠠᠬᠤ ᠦᠭᠡᠢ ᠪᠣᠯᠬᠣᠷ ᠢ᠋ᠶ᠋ᠠᠨ ᠾᠸᠯᠠ ᠪᠠᠷ ᠳᠠᠮᠵᠢᠭᠤᠯᠵᠤ ᠨᠠᠮ᠎ᠠ ᠶ᠋ᠢ ᠤᠳᠤᠷᠢᠳᠬᠤ ᠶ᠋ᠢ ᠬᠦᠰᠡᠵᠦ ᠪᠠᠢᠭ᠎ᠠ ᠶᠤᠮ᠃》 
《ᠲᠡᠭᠡᠪᠡᠯ ᠡᠵᠢ ᠶ᠋ᠢ ᠮᠢᠨᠢ  ᠬᠣᠪᠣᠰᠣᠳᠠᠭᠰᠠᠨ ᠬᠠᠷᠢᠶᠠᠯ ᠢ᠋  ᠶᠠᠭᠠᠬᠢᠵᠤ ᠤᠰᠠᠳᠬᠠᠬᠤ ᠪᠣᠢ?》 
《 ᠬᠠᠲᠤᠨ ᠲᠡᠪᠴᠢᠶᠡᠷᠢ ᠲᠡᠢ ᠪᠣᠯᠵᠤ ᠡᠨᠡ ᠪᠦᠬᠦ ᠬᠠᠷᠢᠶᠠᠯ ᠢ᠋ ᠥᠪᠡᠷ ᠢ᠋ᠶ᠋ᠡᠨ ᠤᠰᠠᠳᠬᠠᠬᠤ ᠶᠣᠰᠣᠲᠠᠢ》 ᠯᠢᠶᠠᠩ ᠪᠣᠳᠣᠨ ᠪᠣᠳᠣᠭᠰᠠᠭᠠᠷ ᠨᠢᠭᠡᠨ ᠮᠡᠷᠭᠡᠨ ᠠᠷᠭ᠎ᠠ ᠲᠥᠷᠥᠵᠡᠢ ᠭᠡᠨ᠎ᠡ᠃  
《ᠮᠢᠨᠦ ᠡᠵᠢ ᠰᠠᠷᠠᠨ᠎ᠠ ᠴᠡᠴᠡᠭ ᠲᠦ᠍ ᠳᠤᠷᠠᠲᠠᠢ᠂ ᠡᠵᠢ ᠰᠠᠷᠠᠨ᠎ᠠ ᠴᠡᠴᠡᠭ ᠢ᠋ ᠤᠷᠭᠤᠭᠤᠯᠵᠤ ᠰᠤᠷᠪᠠᠯ ᠲᠡᠪᠴᠢᠶᠡᠷᠢ ᠲᠡᠢ ᠪᠣᠯᠵᠤ ᠮᠠᠭᠠᠳ ᠦᠭᠡᠢ ᠶᠦᠮ᠃ᠲᠡᠭᠡᠪᠡᠯ ᠬᠠᠷᠢᠶᠠᠯ ᠨᠢ ᠠᠯᠠᠭ᠎ᠠ ᠪᠣᠯᠤᠨ᠎ᠠ᠂ ᠬᠠᠷᠢᠨ ᠶᠠᠭᠠᠬᠢᠵᠤ ᠰᠠᠷᠠᠨ᠎ᠠ ᠴᠡᠴᠡᠭ ᠣᠯᠬᠤ ᠤᠤ?》 
《 ᠨᠠᠳᠠ ᠠ᠋ᠴᠠ ᠠᠰᠠᠭᠤ᠂ ᠮᠢᠨᠦ  ᠷᠢᠳᠢ ᠰᠢᠳᠢ ᠴᠢᠮ᠎ᠠ ᠳ᠋ᠤ᠌ ᠥᠭᠭᠦᠨ᠎ᠡ》  ᠲᠢᠲᠢᠮ ᠦ᠋ᠨ ᠷᠢᠳᠢ ᠰᠢᠳᠢ ᠶ᠋ᠢ ᠠᠰᠢᠭᠯᠠᠵᠤ ᠯᠢᠶᠠᠩ ᠦᠵᠡᠰᠬᠦᠯᠡᠩ ᠲᠡᠢ ᠰᠠᠢᠬᠠᠨ ᠰᠠᠷᠠᠨ᠎ᠠ ᠴᠡᠴᠡᠭ ᠦ᠋ᠨ ᠴᠡᠴᠡᠷᠯᠢᠭ ᠪᠠᠢᠭᠤᠯᠵᠠᠢ ᠭᠡᠨ᠎ᠡ᠃ ᠮᠠᠷᠭᠠᠰᠢ ᠨᠢ ᠬᠠᠲᠤᠨ ᠶᠠᠪᠤᠵᠤ ᠪᠠᠢᠭᠠᠳ ᠴᠡᠴᠡᠷᠯᠢᠭ ᠢ᠋ ᠣᠯᠵᠤ ᠬᠠᠷᠠᠵᠠᠢ ᠭᠡᠨ᠎ᠡ᠂ᠲᠡᠭᠡᠭᠡᠳ ᠲᠡᠷᠡ ᠳᠣᠣᠷ᠎ᠠ ᠪᠠᠨ ᠴᠡᠴᠡᠷᠯᠢᠭ ᠲᠦ᠍ ᠲᠠᠲᠠᠭᠳᠠᠭᠰᠠᠨ ᠪᠠᠢᠨ᠎ᠠ᠂ᠢᠩᠭᠢᠭᠡᠳ ᠴᠡᠴᠡᠷᠯᠢᠭᠴᠢᠳ ᠲᠤ ᠠᠷᠠᠴᠢᠯᠠᠵᠤ ᠤᠷᠭᠤᠭᠤᠯᠬᠤ ᠶ᠋ᠢ ᠲᠤᠰᠢᠶᠠᠪᠠ᠃ ᠳᠠᠷᠠᠭ᠎ᠠ ᠨᠢ ᠯᠢᠶᠠᠩ ᠢᠷᠡᠭᠡᠳ ᠪᠠᠶᠠᠷᠯᠠᠭᠰᠠᠨ ᠦᠭᠡᠢ᠃ ᠬᠠᠲᠤᠨ ᠤ᠋ ᠣᠷᠣᠨ ᠳ᠋ᠤ᠌ ᠴᠡᠴᠡᠷᠯᠢᠭᠴᠢᠳ ᠠᠵᠢᠯᠯᠠᠵᠤ ᠪᠠᠢᠯ᠎ᠠ᠃ 
《ᠦ ᠦᠭᠡᠢ ᠂ ᠤᠭ ᠨᠢ ᠢᠩᠭᠢᠵᠦ ᠲᠥᠯᠥᠪᠯᠡᠭᠡ ᠦᠭᠡᠢ ᠶᠦᠮ ᠰᠠᠨ᠃》  
ᠯᠢᠶᠠᠩ ᠶ᠋ᠢᠨ ᠠᠵᠠ ᠪᠣᠯᠬᠤ ᠳ᠋ᠤ᠌ ᠴᠡᠴᠡᠷᠯᠢᠭᠴᠢᠳ ᠬᠠᠲᠤᠨ ᠳ᠋ᠤ᠌ ᠳᠤᠷ᠎ᠠ ᠦᠭᠡᠢ ᠬᠥᠮᠦᠰ ᠪᠠᠢᠭᠰᠠᠨ ᠲᠤᠯᠠ ᠰᠠᠷᠠᠨ᠎ᠠ ᠴᠡᠴᠡᠭ ᠢ᠋ ᠰᠡᠳᠬᠢᠯ ᠡᠴᠡ ᠪᠡᠨ ᠠᠷᠠᠴᠢᠯᠠᠬᠤ ᠦᠭᠡᠢ ᠪᠠᠢᠭᠰᠠᠨ ᠶᠤᠮ᠃ ᠬᠠᠷᠢᠨ ᠮᠠᠷᠭᠠᠰᠢ ᠨᠢ ᠬᠠᠲᠤᠨ ᠴᠡᠴᠡᠷᠯᠢᠭ ᠲᠦ᠍ ᠢᠷᠡᠭᠡᠳ ᠵᠠᠷᠢᠮ ᠴᠡᠴᠡᠭ ᠬᠠᠲᠠᠭᠰᠠᠨ ᠪᠠᠢᠬᠤ ᠶ᠋ᠢ ᠣᠯᠵᠤ ᠬᠠᠷᠠᠯ᠎ᠠ᠃ 
《 ᠲᠠ ᠨᠠᠷ ᠢ᠋ ᠠᠷᠠᠴᠢᠯᠠᠵᠤ ᠴᠢᠳᠠᠬᠤ ᠦᠭᠡᠢ ᠪᠣᠯ ᠪᠢ ᠥᠪᠡᠷ ᠢ᠋ᠶ᠋ᠡᠨ ᠠᠷᠠᠴᠢᠯᠠᠶ᠎ᠠ᠂ ᠲᠠ ᠨᠠᠷ ᠳᠠᠬᠢᠵᠤ ᠴᠡᠴᠡᠭ ᠲᠤ ᠣᠢᠷᠠᠲᠤᠵᠤ ᠪᠣᠯᠬᠤ ᠦᠭᠡᠢ ᠰᠢᠦ!》 ᠢᠩᠭᠢᠭᠡᠳ ᠯᠢᠶᠠᠩ ᠶ᠋ᠢᠨ ᠬᠦᠰᠡᠵᠦ ᠪᠠᠢᠭᠰᠠᠨ ᠢ᠋ᠶ᠋ᠠᠷ ᠬᠠᠲᠤᠨ ᠡᠳᠦᠷ ᠪᠦᠷᠢ ᠴᠡᠴᠡᠷᠯᠢᠭ ᠲᠦ᠍ ᠠᠵᠢᠯᠯᠠᠳᠠᠭ ᠪᠣᠯᠤᠯ᠎ᠠ᠂  ᠡᠬᠢᠨ ᠳ᠋ᠦ᠍ ᠪᠡᠨ ᠬᠠᠲᠤᠨ ᠳ᠋ᠤ᠌ ᠦᠨᠡᠬᠡᠷ ᠬᠡᠴᠡᠭᠦᠦ ᠪᠠᠢᠨ᠎ᠠ᠂ ᠱᠤᠯᠤᠮ ᠥᠪᠡᠷ ᠦ᠋ᠨ ᠬᠦᠴᠦ ᠶ᠋ᠢ  ᠠᠰᠢᠭᠯᠠᠨ ᠬᠠᠲᠤᠨ ᠢ᠋ ᠰᠠᠷᠠᠨ᠎ᠠ ᠴᠡᠴᠡᠭ ᠲᠦ᠍ ᠳᠤᠷ᠎ᠠ ᠦᠭᠡᠢ ᠪᠣᠯᠭᠠᠬᠤ ᠪᠠᠷ ᠬᠢᠴᠢᠶᠡᠳᠡᠭ ᠪᠠᠢᠯ᠎ᠠ᠂ ᠭᠡᠪᠡᠴᠦ ᠬᠠᠲᠤᠨ ᠰᠠᠷᠠᠨ᠎ᠠ ᠴᠡᠴᠡᠭ ᠲᠤ ᠬᠠᠮᠤᠭ ᠠ᠋ᠴᠠ ᠬᠠᠢᠷᠠᠲᠠᠢ ᠪᠣᠯᠬᠤ ᠪᠠᠷ ᠱᠤᠯᠤᠮ ᠬᠠᠲᠤᠨ ᠢ᠋ ᠠᠭᠤᠷᠯᠠᠭᠤᠯᠵᠤ ᠪᠤᠬᠢᠨᠢᠳᠤᠭᠤᠯᠵᠤ ᠴᠢᠳᠠᠭᠰᠠᠨ ᠦᠭᠡᠢ᠃ ᠴᠡᠴᠡᠭ ᠲᠠᠷᠢᠭᠠᠳ ᠲᠡᠪᠴᠢᠶᠡᠷᠢ ᠲᠡᠢ ᠪᠣᠯᠤᠭᠰᠠᠨ ᠬᠠᠲᠤᠨ ᠤᠯᠠᠮ ᠢ᠋ᠶ᠋ᠠᠷ ᠪᠤᠰᠤᠳ ᠶᠠᠭᠤᠮᠠᠨ ᠳ᠋ᠤ᠌ ᠴᠤ᠌ ᠭᠡᠰᠡᠨ ᠲᠡᠪᠴᠢᠶᠡᠷᠢ ᠲᠡᠢ ᠬᠠᠨᠳᠤᠬᠤ ᠪᠣᠯᠵᠠᠢ᠃
《 ᠨᠠᠮ᠎ᠠ ᠶ᠋ᠢ ᠠᠭᠤᠴᠢᠯᠠᠭᠠᠷᠠᠢ  ᠬᠠᠲᠤᠭᠲᠠᠨ᠂ ᠬᠣᠭᠣᠯᠠ ᠵᠢᠭᠠᠬᠠᠨ ᠤᠳᠠᠬᠤ ᠨᠢ ᠠ᠋!》 
《 ᠦ᠂ ᠵᠦᠭᠡᠷ ᠳᠡ ᠰᠢᠨ᠎ᠡ ᠬᠣᠭᠣᠯᠠ ᠬᠢ ᠭᠡᠵᠦ ᠲᠤᠰᠢᠶᠠᠭᠰᠠᠨ ᠪᠣᠯᠬᠣᠷ  ᠮᠡᠳᠡᠭᠡᠵᠢ ᠤᠳᠠᠬᠤ ᠨᠢ ᠠᠷᠭ᠎ᠠ ᠦᠭᠡᠢ ᠯᠡ ᠳᠡ᠃》  ᠬᠥᠮᠦᠨ ᠪᠣᠯᠭᠠᠨ ᠬᠠᠲᠤᠨ ᠤ᠋ ᠥᠭᠡᠷᠡᠴᠢᠯᠡᠭᠳᠡᠭᠰᠡᠨ ᠢ᠋ ᠯᠡ ᠮᠡᠳᠡᠭᠡᠳ ᠰᠠᠢᠬᠠᠨ ᠰᠡᠳᠬᠢᠯ ᠢ᠋ᠶ᠋ᠡᠷ ᠬᠠᠨᠳᠤᠬᠤ ᠪᠣᠯᠵᠠᠢ᠃ ᠨᠢᠭᠡᠨ ᠡᠳᠦᠷ ᠬᠠᠲᠤᠨ ᠴᠡᠴᠡᠷᠯᠢᠭ ᠲᠡᠭᠡᠨ ᠰᠠᠭᠤᠵᠤ ᠪᠠᠢᠬᠤ ᠳ᠋ᠤ᠌ ᠯᠢᠶᠠᠩ ᠬᠠᠵᠠᠭᠤ ᠳ᠋ᠤ᠌ ᠨᠢ ᠢᠷᠡᠵᠦ ᠰᠠᠭᠤᠵᠠᠢ᠃ 
《ᠡᠵᠢ ᠠ᠋ ᠰᠠᠷᠠᠨ᠎ᠠ ᠴᠡᠴᠡᠭ  ᠳᠡᠯᠪᠢᠯᠡᠭᠡ ᠦᠭᠡᠢ ᠶᠦ᠍ᠮ ᠤᠤ ?》 
《 ᠠ ᠤᠭ ᠠ᠋ᠴᠠ ᠪᠠᠨ ᠰᠠᠢᠬᠠᠨ ᠤᠷᠭᠤᠵᠤ ᠪᠠᠢᠭ᠎ᠠ ᠂ ᠴᠠᠭ ᠨᠢ ᠪᠣᠯᠬᠤ ᠪᠠᠷ ᠳᠡᠯᠪᠢᠯᠡᠨ᠎ᠡ᠂ ᠳᠡᠯᠪᠢᠯᠡᠬᠥ ᠬᠦᠷᠲᠡᠯ᠎ᠡ ᠬᠦᠯᠢᠶᠡᠬᠦ ᠬᠡᠷᠡᠭᠲᠡᠢ᠃ 》 ᠭᠡᠲᠡᠯ᠎ᠡ ᠭᠡᠨᠡᠳᠲᠡ ᠬᠠᠲᠤᠨ ᠤᠬᠠᠭᠠᠨ ᠠᠯᠳᠠᠵᠤ ᠣᠷᠬᠢᠯ᠎ᠠ᠃ 
《 ᠦ ᠦᠭᠡᠢ ᠡᠵᠢ ᠠ᠋᠂ ᠲᠠ ᠶᠠᠭᠠᠬᠢᠴᠢᠬᠠᠪᠠ? ᠰᠢᠳᠢᠲᠦ ᠲᠢᠲᠢᠮ ᠠ᠋᠂ ᠡᠵᠢ ᠶᠠᠭᠠᠬᠢᠴᠢᠬᠠᠪᠠ ᠠ᠋?》 
《ᠬᠠᠷᠢᠶᠠᠯ ᠨᠢ ᠪᠠᠢᠬᠤ ᠦᠭᠡᠢ ᠪᠣᠯᠴᠢᠬᠠᠯ᠎ᠠ᠂ ᠣᠳᠣ ᠡᠵᠢ ᠴᠢᠨᠢ ᠵᠦᠭᠡᠷ  ᠪᠣᠯᠤᠭᠰᠠᠨ᠃》ᠦᠨᠡᠬᠡᠷ ᠰᠢᠳᠢᠲᠦ ᠲᠢᠲᠢᠮ ᠦ᠋ᠨ ᠬᠡᠯᠡᠭᠰᠡᠨ ᠢ᠋ᠶ᠋ᠡᠷ ᠮᠠᠷᠭᠠᠰᠢ ᠨᠢ ᠬᠠᠲᠤᠨ ᠵᠥᠪ ᠵᠦᠭᠡᠷ ᠪᠣᠯᠴᠢᠬᠠᠯ᠎ᠠ᠂ ᠬᠠᠮᠤᠭ ᠤ᠋ᠨ ᠲᠦᠷᠦᠭᠦᠨ ᠳ᠋ᠦ᠍ ᠨᠥᠬᠥᠷ ᠦ᠋ᠨ ᠢ᠋ᠶ᠋ᠡᠨ ᠪᠥᠭᠡᠵᠢ ᠶ᠋ᠢ ᠠᠪᠴᠤ ᠬᠠᠶᠠᠯ᠎ᠠ᠂ᠬᠠᠷᠢᠶᠠᠯ ᠲᠡᠷᠡ ᠳᠣᠣᠷ᠎ᠠ ᠪᠠᠨ ᠠᠷᠢᠯᠵᠠᠢ ᠭᠡᠨ᠎ᠡ᠂ᠭᠡᠪᠡᠴᠦ ᠬᠠᠭᠠᠨ ᠥᠩᠭᠡᠷᠡᠭᠰᠡᠨ ᠬᠡᠳᠦ ᠬᠣᠨᠣᠭ ᠶᠠᠭᠤ ᠪᠣᠯᠤᠭᠰᠠᠨ ᠢ᠋ ᠰᠠᠢᠨ ᠰᠠᠨᠠᠵᠤ ᠪᠠᠢᠭᠰᠠᠨ ᠶᠤᠮ᠃《 ᠬᠠᠢᠷᠠᠲᠤ ᠥᠬᠢᠨ ᠬᠠᠢᠷᠠᠲᠤ ᠡᠬᠡᠨᠡᠷ ᠲᠡᠢ ᠪᠡᠨ ᠪᠢ ᠶᠠᠭᠠᠬᠢᠭᠰᠠᠨ ᠮᠠᠭᠤᠬᠠᠢ ᠬᠠᠷᠢᠴᠠᠵᠤ ᠪᠠᠢᠭᠰᠠᠨ ᠪᠣᠢ ?ᠪᠢ ᠣᠳᠣ ᠢᠯᠡᠭᠦᠦ ᠶᠡᠬᠡ ᠠᠩᠬᠠᠷᠤᠯ ᠬᠠᠯᠠᠮᠵᠢ ᠲᠠᠯᠪᠢᠨ᠎ᠠ᠃》《ᠬᠠᠢᠷᠠᠲᠤ ᠮᠢᠨᠢ ᠥᠪᠡᠷ ᠢ᠋ ᠪᠡᠨ ᠪᠤᠷᠤᠭᠤᠳᠬᠠᠬᠤ ᠬᠡᠷᠡᠭ ᠦᠭᠡᠢ᠂ ᠪᠦᠬᠦ ᠶᠠᠭᠤᠮ᠎ᠠ ᠰᠠᠢᠬᠠᠨ ᠪᠣᠯᠴᠢᠬᠠᠯ᠎ᠠ᠂ᠪᠦᠭᠦᠳᠡ ᠶ᠋ᠢ ᠮᠠᠷᠲᠠᠶ᠎ᠠ᠃》 《ᠲᠠᠨ ᠳ᠋ᠤ᠌ ᠥᠭᠬᠦ ᠨᠢᠭᠡ ᠶᠠᠭᠤᠮ᠎ᠠ ᠪᠠᠢᠨ᠎ᠠ᠃》   
ᠯᠢᠶᠠᠩ ᠲᠢᠲᠢᠮ ᠢ᠋ᠶ᠋ᠡᠨ ᠠᠪᠤᠭᠠᠳ ᠡᠵᠢ ᠶ᠋ᠢᠨ ᠢ᠋ᠶ᠋ᠡᠨ ᠲᠣᠯᠣᠭᠠᠢ ᠳᠡᠭᠡᠷ᠎ᠡ ᠲᠠᠯᠪᠢᠯ᠎ᠠ᠂ ᠲᠢᠲᠢᠮ ᠭᠢᠯᠠᠯᠵᠠᠵᠤ ᠪᠠᠢᠯ᠎ᠠ᠃ 
《ᠲᠠ ᠬᠣᠶᠠᠷ ᠬᠣᠶᠠᠭᠤᠯᠠ ᠪᠠᠨ ᠡᠨᠡ ᠲᠢᠲᠢᠮ ᠢ᠋ ᠵᠡᠭᠦᠬᠦ ᠡᠷᠬᠡ ᠲᠡᠢ ᠶᠦᠮ ᠰᠢᠭ ᠪᠠᠢᠨ᠎ᠠ》 
《ᠯᠢᠶᠠᠩ ᠳ᠋ᠤ᠌ ᠲᠢᠲᠢᠮ ᠪᠠᠢᠬᠤ ᠶᠣᠰᠣᠲᠠᠢ ᠭᠡᠵᠦ ᠪᠣᠳᠣᠵᠤ ᠪᠠᠢᠯ᠎ᠠ᠂ ᠯᠢᠶᠠᠩ ᠲᠢᠲᠢᠮ ᠢ᠋ ᠵᠡᠭᠦᠬᠦ ᠡᠷᠬᠡ ᠲᠡᠢ᠂ ᠲᠡᠭᠦᠨ ᠦ᠌ ᠲᠡᠪᠴᠢᠶᠡᠷᠢ ᠪᠢᠳᠡᠨ ᠢ᠋ ᠠᠪᠤᠷᠠᠯ᠎ᠠ》 ᠢᠩᠭᠢᠭᠡᠳ ᠡᠵᠡᠨᠲᠦ ᠤᠯᠤᠰ ᠪᠤᠴᠠᠭᠠᠳ ᠪᠠᠶᠠᠷ ᠬᠥᠷ ᠪᠢᠯᠬᠠᠭᠰᠠᠨ ᠭᠠᠵᠠᠷ ᠪᠣᠯᠤᠯ᠎ᠠ᠃ ᠬᠠᠲᠤᠨ ᠬᠠᠭᠠᠨ ᠤᠳᠠᠯ ᠦᠭᠡᠢ ᠪᠦᠷᠢᠨ ᠡᠳᠡᠭᠡᠷᠡᠵᠦ᠂ᠬᠠᠮᠤᠭ ᠤ᠋ᠨ ᠲᠡᠪᠴᠢᠶᠡᠷᠢ ᠲᠡᠢ ᠬᠥᠮᠦᠨ ᠪᠣᠯᠵᠤ ᠴᠢᠳᠠᠭᠰᠠᠨ ᠶᠤᠮ᠃ᠬᠠᠷᠢᠨ ᠬᠠᠭᠠᠨ ᠡᠨᠡ ᠪᠦᠭᠦᠳᠡ ᠶ᠋ᠢ ᠬᠠᠷᠠᠭᠠᠳ ᠬᠢᠵᠠᠭᠠᠷ ᠦᠭᠡᠢ ᠶᠡᠬᠡ ᠪᠡᠷ ᠪᠠᠶᠠᠷᠯᠠᠪᠠ᠃ᠬᠠᠭᠠᠨ ᠱᠤᠯᠤᠮ ᠢ᠋ ᠰᠢᠢᠳᠬᠡᠭᠰᠡᠨ ᠢ᠋ᠶ᠋ᠡᠷ ᠱᠤᠯᠤᠮ ᠡᠵᠡᠨᠲᠦ ᠤᠯᠤᠰ ᠲᠤ ᠨᠢ ᠳᠠᠬᠢᠵᠤ ᠲᠦᠪᠡᠭ ᠤᠲᠤᠵᠤ ᠴᠢᠳᠠᠬᠤ ᠪᠠᠷ ᠦᠭᠡᠢ ᠪᠣᠯᠤᠭᠰᠠᠨ ᠶᠤᠮ᠃ ᠯᠢᠶᠠᠩ ᠤᠷᠢᠳᠤ ᠶ᠋ᠢᠨ ᠠᠳᠠᠯᠢ ᠦᠵᠡᠰᠬᠦᠯᠡᠩ ᠲᠡᠢ ᠬᠡᠪ ᠢ᠋ᠶ᠋ᠡᠷ ᠢ᠋ᠶ᠋ᠡᠨ ᠪᠠᠢᠯ᠎ᠠ᠂ ᠲᠡᠷᠡ ᠪᠡᠷ ᠲᠡᠪᠴᠢᠶᠡᠷᠢ ᠪᠣᠯ ᠠᠰᠤᠷᠤ ᠦᠨ᠎ᠡ ᠴᠠᠨ᠎ᠠ ᠲᠠᠢ ᠵᠦᠢᠯ ᠪᠥᠭᠡᠳ ᠬᠡᠷᠪᠡ ᠬᠥᠮᠦᠨ ᠵᠥᠪᠬᠡᠨ ᠴᠠᠭ ᠬᠤᠭᠤᠴᠠᠭ᠎ᠠ ᠬᠥᠮᠦᠰ ᠢ᠋ ᠦᠨᠡᠯᠡᠵᠦ ᠰᠤᠷᠪᠠᠯ ᠠᠰᠤᠷᠤ ᠶᠡᠬᠡ ᠵᠦᠢᠯ ᠥᠭᠡᠷᠡᠴᠢᠯᠡᠭᠳᠡᠳᠡᠭ ᠪᠣᠯᠬᠤ ᠶ᠋ᠢ ᠬᠥᠮᠦᠰ ᠲᠦ᠍ ᠵᠢᠭᠠᠳᠠᠭ ᠪᠣᠯᠵᠠᠢ᠃   

   ᠦᠰᠦᠭ ᠠᠮᠢᠯᠠᠭᠤᠯᠤᠭᠴᠢ᠄ ᠲ· ᠲᠦᠮᠡᠨᠴᠡᠴᠡᠭ  
   ᠦᠰᠦᠭ ᠬᠠᠳᠠᠭᠴᠢ᠄ ᠤᠷᠢᠶᠠᠩᠬᠠᠢ᠂ ᠨᠠᠷᠠᠨᠮᠠᠨᠳᠠ 
   ᠬᠢᠨᠠᠭᠴᠢ᠄ ᠢᠷᠡᠭᠡᠳᠦᠢ