ᠪᠣᠷᠣᠭ᠎ᠠ ᠲᠠᠢ ᠦᠳᠡᠰᠢ ᠶ᠋ᠢᠨ ᠳᠠᠭᠤᠤ - ᠸᠠᠴᠢᠷᠪᠠᠲᠦ ᠶ᠋ᠢᠨ ᠳᠠᠰᠢᠪᠠᠯᠪᠠᠷ Бороотой үдшийн дуу - Очирбатын Дашбалбар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠷᠣᠭ᠎ᠠ ᠲᠠᠢ ᠦᠳᠡᠰᠢ ᠶ᠋ᠢᠨ ᠳᠠᠭᠤᠤ - ᠸᠠᠴᠢᠷᠪᠠᠲᠦ ᠶ᠋ᠢᠨ ᠳᠠᠰᠢᠪᠠᠯᠪᠠᠷ Бороотой үдшийн дуу - Очирбатын Дашбалбар

ᠪᠣᠷᠣᠭ᠎ᠠ ᠲᠠᠢ ᠦᠳᠡᠰᠢ ᠶ᠋ᠢᠨ ᠳᠠᠭᠤᠤ - ᠸᠠᠴᠢᠷᠪᠠᠲᠦ ᠶ᠋ᠢᠨ ᠳᠠᠰᠢᠪᠠᠯᠪᠠᠷ Бороотой үдшийн дуу - Очирбатын Дашбалбар

2024-10-05

962

ᠪᠣᠷᠣᠭ᠎ᠠ ᠲᠠᠢ ᠦᠳᠡᠰᠢ ᠶ᠋ᠢᠨ ᠳᠠᠭᠤᠤ


 ᠨᠠᠪᠴᠢᠰ ᠢ᠋ ᠭᠥᠭᠯᠡᠨ ᠪᠣᠷᠣᠭ᠎ᠠ ᠣᠷᠣᠬᠤ ᠨᠢ 
 ᠨᠠᠰᠤᠨ ᠳ᠋ᠠᠭᠠᠨ ᠮᠠᠷᠲᠠᠬᠤ ᠦᠭᠡᠢ ᠬᠠᠢᠷ᠎ᠠ ᠶ᠋ᠢᠨ ᠰᠢᠪᠡᠨᠡᠭᠡ 
 ᠨᠠᠮᠠᠶ᠋ᠢ ᠪᠠᠨ ᠬᠥᠲᠥᠯᠦᠨ ᠴᠢ ᠮᠢᠨᠢ ᠠᠯᠬᠤᠬᠤ ᠨᠢ 
 ᠨᠠᠮᠤᠭᠤᠬᠠᠨ ᠦᠳᠡᠰᠢ ᠶ᠋ᠢᠨ ᠵᠥᠭᠡᠯᠡᠨ ᠤᠶᠠᠩᠭ᠎ᠠ  

 ᠴᠡᠴᠡᠭ ᠦ᠋ᠨ ᠦᠨᠦᠷ ᠵᠢᠷᠦᠬᠡᠨ ᠳ᠋ᠦ᠍ ᠰᠢᠩᠭᠡᠵᠦ 
 ᠴᠡᠭᠡᠵᠢᠨ ᠦ᠌ ᠬᠠᠢᠷ᠎ᠠ ᠮᠢᠨᠢ ᠬᠠᠷᠠᠴᠠ ᠪᠠᠷ ᠳᠡᠮᠵᠢᠨ᠎ᠡ 
 ᠠᠯᠠᠭ ᠨᠢᠳᠦᠨ ᠢᠴᠢᠩᠭᠦᠷᠡᠨ ᠮᠡᠯᠮᠡᠷᠡᠵᠦ 
 ᠠᠮᠢᠰᠬᠤᠯ ᠳᠠᠷᠤᠨ ᠰᠠᠨᠠᠭ᠎ᠠ ᠠᠯᠳᠠᠨ᠎ᠠ  

 ᠦᠯᠢᠭᠡᠷ ᠦ᠋ᠨ ᠰᠢᠪᠡᠨᠡᠭᠡ ᠪᠣᠷᠣᠭ᠎ᠠ ᠱᠠᠭᠢᠵᠤ 
 ᠡᠪᠡᠰᠦᠨ ᠦ᠌ ᠰᠡᠷᠴᠢᠭᠢᠨᠡᠭᠡ ᠵᠢᠷᠦᠬᠡᠨ ᠳ᠋ᠦ᠍ ᠰᠢᠩᠭᠡᠨ᠎ᠡ 
 ᠦᠶ᠎ᠡ ᠥᠶᠡᠬᠡᠨ ᠨᠠᠮᠳᠠᠵᠤ᠂ ᠬᠠᠶᠠᠬᠠᠨ ᠰᠢᠷᠦᠭᠦᠰᠴᠦ 
 ᠥᠨᠥ ᠦᠳᠡᠰᠢ ᠶ᠋ᠢᠨ ᠰᠡᠳᠬᠢᠯ ᠬᠢᠮᠤᠷᠠᠨ᠎ᠠ  

 ᠵᠢᠷᠭᠤᠭᠠᠨ ᠰᠠᠷ᠎ᠠ ᠶ᠋ᠢᠨ ᠴᠡᠴᠡᠭ ᠢ᠋ ᠲᠠᠭᠠᠯᠠᠭᠰᠠᠨ 
 ᠵᠤᠨ ᠤ᠋ ᠰᠥᠨᠢ ᠶ᠋ᠢᠨ ᠣᠳᠣᠳ ᠨᠢᠭᠤᠭᠳᠠᠨ᠎ᠠ 
 ᠵᠠᠭᠤᠨ ᠵᠢᠯ ᠴᠢᠮ᠎ᠠ ᠠ᠋ᠴᠠ ᠬᠠᠭᠠᠴᠠᠯ ᠦᠭᠡᠢ 
 ᠵᠥᠭᠡᠯᠡᠨ ᠪᠣᠷᠣᠭᠠᠨ ᠵᠣᠭᠰᠣᠮᠠᠷ ᠪᠠᠢᠨ᠎ᠠ᠃