ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠲᠡᠭᠦᠰᠭᠡᠯ ᠦᠨ ᠦᠭᠡ Сэрүүхэн тал нутаг–<свис> Вальтер Босгард (Walter Bosshard)- Төгсгөлийн үг ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠲᠡᠭᠦᠰᠭᠡᠯ ᠦᠨ ᠦᠭᠡ Сэрүүхэн тал нутаг–<свис> Вальтер Босгард (Walter Bosshard)- Төгсгөлийн үг

ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠲᠡᠭᠦᠰᠭᠡᠯ ᠦᠨ ᠦᠭᠡ Сэрүүхэн тал нутаг–<свис> Вальтер Босгард (Walter Bosshard)- Төгсгөлийн үг

ᠠᠩᠭᠢᠯᠠᠯ:ᠲᠤᠭᠤᠵᠢ ᠷᠣᠮᠠᠨ
2024-09-28

230

ᠲᠡᠭᠦᠰᠭᠡᠯ ᠦᠨ ᠦᠭᠡ

 
       ᠮᠢᠨᠦ ᠮᠣᠩᠭᠣᠯ ᠳ᠋ᠤ᠌ ᠠᠶᠠᠯᠠᠵᠤ ᠪᠠᠢᠭᠰᠠᠨ ᠬᠠᠮᠤᠭ ᠤ᠋ᠨ ᠰᠡᠭᠦᠯᠴᠢ ᠶ᠋ᠢᠨ ᠠᠶᠠᠯᠠᠯ ᠠ᠋ᠴᠠ ᠣᠳᠣ ᠪᠣᠯᠬᠤ ᠳ᠋ᠤ᠌ ᠨᠢᠭᠡᠨᠲᠡ ᠠᠷᠪᠠ ᠢᠯᠡᠭᠦᠦ ᠵᠢᠯ ᠥᠩᠭᠡᠷᠡᠴᠢᠬᠡᠵᠡᠢ ᠃  ᠡᠨᠡ ᠬᠣᠭᠣᠷᠣᠨᠳᠣ ᠳᠡᠯᠡᠬᠡᠢ ᠶ᠋ᠢᠨ ᠬᠣᠶᠠᠳᠤᠭᠠᠷ ᠲᠡᠢᠨ ᠧᠦ᠋ᠷᠣᠫᠠ ᠠᠽᠢᠶ᠎ᠠ ᠶ᠋ᠢ ᠬᠠᠮᠤᠷᠴᠤ᠂ ᠰᠡᠭᠦᠯᠴᠢ ᠶ᠋ᠢᠨ ᠱᠠᠲᠤᠨ ᠳ᠋ᠠᠭᠠᠨ ᠮᠥᠨ ᠡᠨᠡ ᠬᠦ᠌ ᠪᠣᠢᠳᠠ ᠪᠥᠭᠯᠡᠭᠦᠦ ᠭᠠᠵᠠᠷ ᠲᠤ᠌ ᠣᠷᠣᠰᠢᠬᠤ ᠡᠵᠡᠨᠲᠦ ᠶᠣᠰᠣᠨ ᠤ᠋ ᠮᠣᠩᠭᠣᠯ ᠣᠷᠣᠨ ᠢ᠋ ᠴᠦ᠍ ᠲᠡᠢᠨ ᠳ᠋ᠡᠭᠠᠨ ᠬᠠᠮᠤᠷᠤᠨ ᠣᠷᠣᠭᠤᠯᠵᠠᠢ᠃ ᠶᠠᠫᠣᠨ ᠤ᠋ ᠴᠡᠷᠢᠭᠯᠡᠨ ᠡᠵᠡᠯᠡᠯᠲᠡ ᠶ᠋ᠢᠨ ᠠᠳᠡᠬᠢ ᠨᠣᠶᠠᠷᠬᠠᠯ ᠨᠤᠷᠠᠭᠰᠠᠨ ᠤ᠋ ᠬᠣᠢᠨ᠎ᠠ ᠵᠥᠪᠯᠡᠯᠲᠦ ᠶ᠋ᠢᠨ ᠤᠯᠠᠭᠠᠨ ᠠᠷᠮᠢ ᠰᠢᠪᠧᠷᠢᠶ᠎ᠡ ᠡᠴᠡ ᠡᠮᠦᠨᠡᠰᠢᠯᠡᠵᠦ 1945 ᠣᠨ ᠠ᠋ᠴᠠ ᠡᠬᠢᠯᠡᠨ ᠡᠨᠡ ᠬᠦ᠌ ᠳᠤᠮᠳᠠᠳᠤ ᠠᠽᠢᠶ᠎ᠠ ᠳ᠋ᠤ᠌ ᠨᠡᠪᠲᠡᠷᠡᠬᠦ ᠵᠠᠮ ᠢ᠋ ᠪᠢᠲᠡᠭᠦᠮᠵᠢᠯᠡᠵᠡᠢ᠃ ᠬᠠᠶᠠ ᠵᠠᠷᠢᠮ ᠳ᠋ᠠᠭᠠᠨ ᠲᠠᠯ᠎ᠠ ᠨᠤᠲᠤᠭ ᠤ᠋ᠨ ᠲᠤᠬᠠᠢ ᠵᠢᠷᠳᠡᠮ ᠴᠢᠮᠡᠭᠡ ᠶ᠋ᠢ ᠰᠣᠨᠣᠰᠳᠠᠭ ᠪᠠᠢᠭᠰᠠᠨ᠃  ᠭᠡᠬᠦ ᠳ᠋ᠦ᠍ ᠣᠯᠠᠩᠬᠢ ᠨᠢ ᠪᠦᠷ ᠯᠡ ᠡᠨᠡ ᠬᠦ᠌ ᠬᠡᠴᠢᠨᠡᠭᠡᠨ ᠵᠢᠯ ᠦ᠋ᠨ ᠲᠤᠷᠰᠢ ᠪᠠᠢᠭᠠᠯᠢ ᠲᠠᠢ ᠪᠠᠨ ᠵᠣᠬᠢᠴᠠᠨ ᠠᠮᠤᠭᠤᠯᠠᠩ ᠲᠠᠢᠪᠤᠭᠤ ᠠᠮᠢᠳᠤᠷᠠᠳᠠᠭ᠂ ᠮᠥᠨ ᠥᠪᠡᠷ ᠢ᠋ᠶ᠋ᠡᠨ ᠥᠴᠦᠬᠡᠨ ᠴᠦ᠍ ᠪᠤᠷᠤᠭᠤ ᠦᠭᠡᠢ ᠠᠲᠠᠯ᠎ᠠ ᠪᠠᠨ ᠳᠡᠯᠡᠬᠡᠢ ᠶ᠋ᠢᠨ ᠬᠤᠪᠢᠷᠠᠯᠲᠠ ᠶ᠋ᠢᠨ ᠲᠣᠮᠣ ᠬᠦᠷᠳᠦᠨ ᠳ᠋ᠦ᠍ ᠳᠠᠷᠤᠭᠳᠠᠨ ᠤᠰᠠᠳᠴᠤ ᠪᠠᠢᠭ᠎ᠠ ᠦᠨᠳᠦᠰᠦᠲᠡᠨ ᠦ᠌ ᠲᠤᠬᠠᠢ ᠵᠣᠪᠠᠯᠠᠩᠲᠠᠢ ᠴᠢᠮᠡᠭᠡ ᠨᠦ᠍ᠭᠦᠳ ᠯᠡ ᠪᠠᠢᠯ᠎ᠠ᠃ 
       ᠪᠢ 1946  ᠣᠨ ᠤ᠋ ᠵᠤᠨ ᠥᠴᠦᠬᠡᠨ ᠴᠦ᠍ ᠬᠤᠪᠢᠷᠠᠯᠲᠠ ᠦᠭᠡᠢ ᠰᠣᠶᠣᠯ ᠤ᠋ᠨ ᠬᠠᠭᠤᠴᠢᠨ ᠬᠣᠲᠠ ᠪᠡᠭᠡᠵᠢᠩ ᠳ᠋ᠦ᠍ ᠪᠤᠴᠠᠵᠤ ᠢᠷᠡᠭᠰᠡᠨ ᠦ᠌ ᠳᠠᠷᠠᠭ᠎ᠠ ᠮᠣᠩᠭᠣᠯ ᠤ᠋ᠨ ᠬᠠᠭᠤᠴᠢᠨ ᠨᠠᠢᠵᠠᠳ ᠤ᠋ᠨ ᠢ᠋ᠶ᠋ᠠᠨ ᠰᠤᠷᠠᠭ ᠴᠢᠮᠡᠭᠡ ᠶ᠋ᠢ ᠭᠠᠷᠭᠠᠬᠤ ᠭᠡᠵᠦ ᠤᠳᠠᠭᠠᠨ ᠬᠤᠭᠤᠴᠠᠭ᠎ᠠ ᠪᠠᠷ ᠬᠦᠴᠦ ᠲᠠᠯᠪᠢᠭᠰᠠᠨ ᠪᠣᠯᠪᠠᠴᠤ ᠪᠦᠷ ᠯᠡ ᠦᠷ᠎ᠡ ᠳ᠋ᠦᠩ ᠦᠭᠡᠢ ᠪᠠᠢᠯ᠎ᠠ᠃ ᠡᠨᠡ ᠬᠣᠭᠣᠷᠣᠨᠳᠣ ᠲᠡᠳᠡ ᠴᠣᠬᠣᠮ ᠶᠠᠭᠠᠬᠢᠭᠰᠠᠨ ᠪᠣᠯ? ᠲᠡᠳᠡ ᠠᠮᠢᠳᠤ ᠪᠠᠢᠭ᠎ᠠ ᠪᠣᠯᠪᠠ ᠤᠤ?  ᠴᠡᠷᠢᠭ ᠲᠡᠢᠨ ᠦ᠌ ᠬᠥᠯ ᠦᠢᠮᠡᠭᠡᠨ ᠨᠢ ᠲᠡᠳᠡᠨ ᠢ᠋ ᠴᠡᠷᠢᠭ ᠠᠩᠭᠢ ᠳ᠋ᠤ᠌ ᠣᠷᠣᠭᠤᠯᠤᠭᠠᠳ᠂ ᠲᠡᠳᠡ ᠣᠳᠣ ᠰᠠᠷᠠᠨ ᠤ᠋ ᠭᠡᠷᠡᠯ ᠳᠣᠣᠷᠠᠬᠢ ᠰᠣᠨᠢᠨ ᠭᠠᠢᠬᠠᠮᠰᠢᠭᠲᠠᠢ ᠴᠡᠷᠢᠭ ᠠᠩᠭᠢ ᠰᠢᠭ᠋ ᠲᠠᠯ᠎ᠠ ᠨᠤᠲᠤᠭ ᠢ᠋ᠶ᠋ᠠᠷ ᠳᠣᠪᠲᠣᠯᠵᠤ ᠪᠠᠢᠭ᠎ᠠ ᠪᠣᠯ ᠤᠤ? 
       ᠬᠠᠷᠢᠨ ᠨᠢᠭᠡᠨ ᠡᠳᠦᠷ ᠬᠣᠲᠠ ᠶ᠋ᠢᠨ ᠵᠡᠭᠦᠨ ᠬᠡᠰᠡᠭ ᠲᠡᠬᠢ ᠨᠢᠭᠡ ᠪᠣᠷᠣᠭᠵᠢᠭᠤᠬᠠᠨ ᠪᠠᠢᠰᠢᠩ ᠳ᠋ᠤ᠌ ᠪᠢ ᠠᠤᠭ᠎ᠠ ᠬᠦᠴᠦᠲᠦ ᠴᠢᠩᠭᠢᠰ ᠬᠠᠭᠠᠨ ᠤ᠋ ᠬᠣᠢᠴᠢ ᠡᠨᠡ ᠬᠦ᠌ ᠲᠣᠮᠣ ᠬᠠᠭᠠᠨᠲᠤ ᠭᠦᠷᠦᠨ ᠢ᠋ ᠳᠠᠬᠢᠨ ᠴᠣᠭᠴᠠᠯᠠᠨ ᠪᠠᠢᠭᠤᠯᠬᠤ ᠪᠠᠷ ᠬᠡᠳᠦᠨ ᠵᠢᠯ ᠦ᠋ᠨ ᠡᠮᠦᠨ᠎ᠡ ᠲᠡᠮᠡᠴᠡᠵᠦ ᠪᠠᠢᠭᠰᠠᠨ ᠲᠡᠮᠴᠦᠭᠲᠦᠩᠷᠣᠪ ᠨᠣᠶᠠᠨ ᠲᠠᠢ ᠠᠭᠤᠯᠵᠠᠯ᠎ᠠ᠃ ᠲᠡᠭᠦᠨ ᠦ᠌ ᠲᠥᠯᠥᠪᠯᠡᠭᠡ ᠨᠢ ᠪᠡᠶᠡᠯᠡᠭᠳᠡᠵᠦ ᠴᠢᠳᠠᠭ᠎ᠠ ᠦᠭᠡᠢ᠂ ᠤᠴᠢᠷ ᠨᠢ ᠬᠡᠴᠢᠨᠡᠭᠡᠨ ᠵᠠᠭᠤᠨ ᠵᠢᠯ ᠦ᠋ᠨ ᠲᠤᠷᠰᠢᠬᠢ ᠰᠤᠯᠠ ᠵᠠᠳᠠᠭᠠᠢ ᠤᠯᠤᠰ ᠲᠥᠷᠥ ᠶ᠋ᠢᠨ ᠵᠣᠬᠢᠶᠠᠨ ᠪᠠᠢᠭᠤᠯᠤᠯᠲᠠ ᠨᠢ ᠥᠷᠨᠢᠨ ᠬᠥᠭᠵᠢᠵᠦ ᠪᠠᠢᠭ᠎ᠠ ᠬᠢᠲᠠᠳ ᠤ᠋ᠨ ᠳᠠᠷᠤᠯᠲᠠ᠂ ᠶᠠᠫᠣᠨ ᠤ᠋ ᠤᠪ ᠶᠠᠪᠤᠭᠤᠯᠭ᠎ᠠ᠂ ᠣᠷᠣᠰ ᠤ᠋ᠨ ᠲᠦᠷᠢᠨ ᠡᠵᠡᠯᠡᠯᠲᠡ ᠶ᠋ᠢ ᠡᠰᠡᠷᠭᠦᠴᠡᠵᠦ ᠳᠡᠢᠯᠦᠭᠰᠡᠨ ᠦᠭᠡᠢ᠃ ᠲᠡᠷᠡ ᠰᠢᠪᠧᠷᠢᠶ᠎ᠡ ᠳ᠋ᠦ᠍ ᠪᠠᠷᠢᠴᠠᠭᠠᠯᠠᠭᠳᠠᠨ ᠣᠳᠤᠭᠰᠠᠨ ᠭᠡᠷ ᠪᠦᠯᠢ ᠶ᠋ᠢᠨ ᠢ᠋ᠶ᠋ᠡᠨ ᠲᠤᠬᠠᠢ ᠥᠴᠦᠬᠡᠨ ᠴᠦ᠍ ᠴᠢᠮᠡᠭᠡ ᠣᠯᠵᠤ ᠰᠣᠨᠣᠰᠤᠯ ᠦᠭᠡᠢ ᠪᠡᠷ ᠠᠳᠠ ᠴᠠᠭᠠᠴᠢᠯᠠᠨ ᠠᠷᠭᠠᠴᠠᠭᠠᠨ ᠠᠮᠢᠳᠤᠷᠠᠵᠤ ᠪᠠᠢᠪᠠ ᠃ ᠤᠤᠯ ᠳ᠋ᠠᠭᠠᠨ ᠲᠠᠯ᠎ᠠ ᠨᠤᠲᠤᠭ ᠤ᠋ᠨ ᠵᠠᠰᠠᠭ ᠸᠠᠩ ᠪᠠᠢᠭᠰᠠᠨ ᠪᠣᠯ ᠣᠳᠣ ᠴᠡᠷᠢᠭ ᠮᠣᠷᠢ ᠴᠤ᠌ ᠦᠭᠡᠢ ᠵᠥᠪᠬᠡᠨ ᠨᠤᠲᠤᠭ ᠢ᠋ᠶ᠋ᠠᠨ ᠰᠠᠨᠠᠨ ᠮᠥᠷᠥᠭᠡᠳᠦᠭᠰᠡᠨ ᠬᠡᠳᠦᠬᠡᠨ ᠰᠢᠳᠠᠷ ᠳᠠᠭᠠᠭᠰᠠᠳ ᠲᠠᠢ ᠪᠠᠨ ᠪᠣᠷᠣᠭᠵᠢᠭᠤᠬᠠᠨ ᠠᠮᠢᠳᠤᠷᠠᠵᠤ ᠪᠠᠢᠪᠠ᠃ ᠨᠤᠲᠤᠭ ᠠ᠋ᠴᠠ ᠨᠢ ᠲᠠᠰᠤᠷᠠᠯ ᠦᠭᠡᠢ ᠴᠢᠮᠡᠭᠡ ᠢᠷᠡᠵᠦ ᠲᠡᠭᠦᠨ ᠡᠴᠡ ᠠᠷᠭ᠎ᠠ ᠵᠥᠪᠯᠡᠯᠭᠡ ᠠᠪᠴᠤ ᠂ ᠮᠥᠨ ᠡᠨᠡ ᠬᠦ᠌ ᠴᠢᠮᠡᠭᠡ ᠵᠠᠩᠭᠢ ᠨᠤᠭᠤᠳ ᠢ᠋ᠶ᠋ᠠᠷ ᠲᠡᠷᠡ ᠲᠡᠨᠳᠡᠬᠢ ᠪᠠᠢᠳᠠᠯ ᠢ᠋ᠶ᠋ᠠᠨ ᠵᠠᠳᠠᠯᠤᠨ ᠰᠢᠨᠵᠢᠯᠡᠳᠡᠭ ᠪᠠᠢᠨ᠎ᠠ᠃ ᠲᠡᠷᠡ ᠪᠠᠰᠠ ᠮᠢᠨᠦ ᠬᠠᠭᠤᠴᠢᠨ ᠲᠠᠨᠢᠯ ᠤ᠋ᠳ ᠤ᠋ᠨ ᠬᠤᠪᠢ ᠶ᠋ᠢᠨ ᠤᠴᠠᠷᠠᠯ ᠤ᠋ᠨ ᠲᠤᠬᠠᠢ ᠨᠠᠳᠠ ᠶᠠᠷᠢᠵᠤ᠂ ᠷᠠᠰᠢ ᠰᠠᠷᠵᠢ ᠪᠣᠯᠤᠨ ᠪᠤᠰᠤᠳ ᠮᠢᠨᠦ ᠵᠣᠴᠢᠯᠠᠨ ᠬᠦᠷᠴᠦ ᠪᠠᠢᠭᠰᠠᠨ ᠠᠢᠯ ᠤ᠋ᠳ ᠤ᠋ᠨ ᠲᠤᠬᠠᠢ ᠪᠢ ᠲᠡᠭᠦᠨ ᠡᠴᠡ ᠮᠡᠳᠡᠵᠦ ᠠᠪᠤᠯ᠎ᠠ᠃ ᠲᠡᠭᠦᠨ ᠦ᠌ ᠶᠠᠷᠢᠶ᠎ᠠ ᠨᠢ ᠪᠦᠷ ᠯᠡ ᠨᠠᠮᠠᠶ᠋ᠢ ᠰᠣᠴᠢᠭᠠᠮ᠎ᠠ ᠬᠡᠷᠡᠭ ᠤᠴᠢᠷ ᠤ᠋ᠳ ᠪᠠᠢᠵᠤ᠂ ᠬᠠᠭᠤᠴᠢᠨ ᠮᠤᠬᠤᠷ ᠰᠦᠰᠦᠭᠲᠡᠢ ᠮᠣᠩᠭᠣᠯᠴᠤᠳ ᠤ᠋ᠨ ᠠᠶᠤᠯ ᠲᠦᠭᠰᠢᠭᠦᠷᠢ ᠢᠷᠡᠬᠦ ᠡᠴᠡ ᠵᠣᠪᠠᠵᠤ ᠪᠠᠢᠭᠰᠠᠨ ᠵᠦᠢᠯᠡᠰ ᠨᠢ ᠪᠦᠷ ᠦᠨᠡᠨ ᠪᠣᠳᠠᠲᠠᠢ ᠪᠣᠯᠵᠤ ᠬᠤᠪᠢᠷᠠᠭᠠᠳ᠂ ᠵᠥᠩᠨᠡᠭᠴᠢ ᠨᠠᠷ ᠤ᠋ᠨ ᠶᠠᠷᠢᠵᠤ ᠪᠠᠢᠭᠰᠠᠨ ᠬᠥᠭᠵᠢᠨ ᠪᠠᠳᠠᠷᠠᠬᠤ ᠤᠴᠢᠷ ᠤ᠋ᠳ ᠨᠢ ᠪᠡᠶᠡᠯᠡᠯ ᠢ᠋ᠶ᠋ᠡᠨ ᠣᠯᠵᠤ ᠴᠢᠳᠠᠭ᠎ᠠ ᠦᠭᠡᠢ ᠪᠠᠢᠨ᠎ᠠ᠃ 
       ᠪᠠᠭᠰᠢ ᠮᠥᠷᠲᠡᠭᠡᠨ ᠦᠨᠡᠨᠴᠢ ᠬᠠᠨᠢ ᠮᠢᠨᠢ ᠪᠠᠢᠭᠰᠠᠨ ᠷᠠᠰᠢ ᠲᠠᠯ᠎ᠠ ᠨᠤᠲᠤᠭ ᠤ᠋ᠨ ᠬᠥᠮᠦᠰ ᠦ᠋ᠨ ᠠᠮᠢ ᠨᠠᠰᠤ ᠶ᠋ᠢ ᠠᠪᠴᠤ ᠣᠳᠳᠠᠭ ᠬᠣᠯᠢᠷ᠎ᠠ ᠡᠪᠡᠳᠴᠢᠨ ᠳ᠋ᠦ᠍ ᠨᠡᠷᠪᠡᠭᠳᠡᠨ ᠨᠠᠰᠤ ᠪᠠᠷᠠᠵᠠᠢ᠃ ᠲᠡᠭᠦᠨ ᠦ᠌ ᠭᠡᠷ ᠢ᠋ ᠡᠵᠡᠨ ᠮᠡᠳᠡᠵᠦ ᠪᠠᠢᠭᠰᠠᠨ ᠪᠦᠰᠡᠭᠦᠢ ᠪᠤᠶᠤ ᠵᠠᠷᠤᠴᠠ ᠰᠠᠷᠵᠢ ᠨᠢ ᠬᠣᠨᠢᠨ ᠰᠦᠷᠦᠭ ᠢ᠋ᠶ᠋ᠡᠨ ᠪᠡᠯᠡᠭᠯᠡᠬᠦ ᠶ᠋ᠢ ᠲᠠᠲᠠᠭᠠᠯᠵᠠᠭᠰᠠᠨ ᠠ᠋ᠴᠠ ᠪᠣᠯᠵᠤ ᠠᠯᠠᠭᠳᠠᠵᠠᠢ᠃ ᠨᠠᠳᠠ ᠠ᠋ᠴᠠ ᠮᠣᠷᠢ ᠬᠣᠨᠢᠨ ᠤ᠋ ᠲᠣᠭ᠎ᠠ ᠶ᠋ᠢ ᠮᠢᠨᠢ ᠠᠰᠠᠭᠤᠵᠤ ᠪᠠᠢᠭᠰᠠᠨ ᠲᠠᠯ᠎ᠠ ᠨᠤᠲᠤᠭ ᠤ᠋ᠨ ᠬᠥᠭᠡᠷᠦᠬᠦᠨ ᠥᠬᠢᠨ ᠬᠣᠩᠭᠣᠷ ᠴᠤ᠌ ᠮᠥᠨ ᠦᠷᠡᠭᠳᠡᠭᠰᠡᠨ ᠪᠣᠯᠤᠯᠲᠠᠢ᠃ ᠬᠠᠷᠢᠨ ᠲᠡᠭᠦᠨ ᠦ᠌ ᠪᠢᠴᠢᠬᠠᠨ ᠳᠡᠭᠦᠦ -《ᠢᠨᠢᠶᠡᠭᠰᠡᠨ ᠡᠭᠦᠯᠡᠨ 》 ᠦ᠌ ᠬᠤᠪᠢ ᠵᠠᠶᠠᠭᠠᠨ ᠤ᠋ ᠲᠤᠬᠠᠢ ᠮᠡᠳᠡᠬᠦ ᠬᠥᠮᠦᠨ ᠠᠯᠠᠭ᠎ᠠ᠃  ᠪᠢᠳᠡᠨ ᠦ᠌ ᠴᠢᠨᠣ᠎ᠠ ᠶ᠋ᠢᠨ ᠠᠩ ᠳ᠋ᠤ᠌ ᠵᠣᠷᠢᠭ ᠲᠠᠢ ᠣᠷᠣᠯᠴᠠᠵᠤ ᠪᠠᠢᠭᠰᠠᠨ ᠭᠣᠮᠪᠣ᠂ ᠨᠠᠢᠳᠠᠨ᠂ ᠴᠠᠭᠠᠨᠲᠠᠮᠡᠭᠡ ᠵᠡᠷᠭᠡ ᠬᠥᠮᠦᠰ ᠣᠷᠣᠰ ᠬᠢᠲᠠᠳ ᠤ᠋ᠨ ᠴᠡᠷᠢᠭ ᠦ᠋ᠳ ᠲᠡᠳᠡᠨ ᠦ᠌ ᠡᠴᠦᠰ ᠦ᠋ᠨ ᠬᠣᠨᠢ ᠶ᠋ᠢ ᠥᠷᠥᠴᠡᠯᠡᠵᠦ ᠳᠠᠭᠤᠰᠬᠠᠭᠰᠠᠨ ᠬᠣᠢᠨ᠎ᠠ ᠬᠥᠳᠡᠭᠡ ᠲᠠᠯ᠎ᠠ ᠪᠠᠷ ᠲᠡᠨᠦᠭᠦᠴᠢᠯᠡᠨ ᠶᠠᠪᠤᠵᠤ᠂ ᠲᠠᠨᠢᠯ ᠨᠡᠢᠵᠡᠳ ᠦ᠋ᠨ ᠢ᠋ᠶ᠋ᠡᠨ ᠥᠭᠯᠢᠭᠡ ᠳ᠋ᠦ᠍ ᠲᠦᠰᠢᠭᠯᠡᠨ ᠠᠮᠢ ᠵᠢᠭᠤᠭᠰᠠᠭᠠᠷ ᠪᠠᠢᠵᠠᠢ᠃ ᠨᠠᠢᠳᠠᠨ ᠤ᠋ ᠪᠡᠶ᠎ᠡ ᠨᠢ ᠪᠦᠷ ᠶᠡᠬᠡ ᠳᠣᠷᠣᠢᠲᠠᠵᠤ᠂ ᠨᠢᠭᠡ ᠡᠪᠦᠯ ᠦ᠋ᠨ ᠬᠦᠢᠲᠡᠨ ᠡᠳᠦᠷ ᠵᠠᠮ ᠤ᠋ᠨ ᠵᠠᠬ᠎ᠠ ᠳ᠋ᠤ᠌ ᠥᠩᠬᠥᠷᠢᠨ ᠤᠨᠠᠭᠠᠳ ᠪᠣᠰᠴᠤ ᠴᠢᠳᠠᠯ ᠦᠭᠡᠢ ᠰᠦᠷᠦᠭ ᠴᠢᠨᠣ᠎ᠠ ᠲᠠᠢ ᠲᠠᠭᠠᠷᠠᠯᠳᠤᠭᠠᠳ ᠴᠢᠨᠣ᠎ᠠ ᠳ᠋ᠤ᠌ ᠲᠠᠲᠠᠭᠤᠯᠬᠤ ᠬᠡᠮᠵᠢᠶᠡᠨ ᠳ᠋ᠦ᠍ ᠬᠦᠷᠴᠡᠢ᠃ ᠮᠢᠨᠦ ᠮᠣᠩᠭᠣᠯ ᠳ᠋ᠠᠬᠢ ᠬᠠᠮᠤᠭ ᠤ᠋ᠨ ᠰᠡᠭᠦᠯᠴᠢ ᠶ᠋ᠢᠨ ᠣᠷᠣᠢ ᠰᠢᠳᠡᠷ᠎ᠡ ᠲᠠᠯᠪᠢᠵᠤ ᠪᠠᠢᠬᠤ ᠳ᠋ᠤᠨᠢ ᠠᠭᠤᠯᠵᠠᠵᠤ ᠪᠠᠢᠭᠰᠠᠨ ᠳᠠᠸᠠ ᠬᠦᠩ ᠢ᠋ ᠨᠢᠭᠡ ᠪᠦᠯᠦᠭ ᠴᠡᠷᠢᠭ ᠴᠢᠭᠤᠯᠤᠯᠲᠤ ᠬᠠᠭᠠᠯᠭ᠎ᠠ ᠵᠦᠭ ᠬᠦᠯᠢᠨ ᠠᠪᠴᠤ ᠶᠠᠪᠤᠭᠠᠳ ᠵᠠᠮ ᠳ᠋ᠤᠨᠢ ᠬᠥᠨᠥᠭᠡᠵᠦ ᠬᠠᠰᠢ ᠶᠠᠰᠢ ᠪᠤᠯᠠᠨ ᠣᠷᠬᠢᠵᠠᠢ᠃ ᠳᠤᠲᠠᠭᠠᠵᠤ ᠭᠠᠷᠤᠭᠰᠠᠨ ᠨᠢᠭᠡᠨ ᠵᠠᠷᠤᠴᠠ ᠠ᠋ᠴᠠ ᠡᠴᠢᠭᠡ ᠶ᠋ᠢᠨ ᠢ᠋ᠶ᠋ᠡᠨ ᠠᠯᠠᠭᠳᠠᠭᠰᠠᠨ ᠢ᠋ ᠰᠣᠨᠣᠰᠤᠭᠠᠳ ᠲᠡᠵᠢᠭᠡᠪᠦᠷᠢ ᠬᠦᠦ ᠨᠢ ᠳᠣᠣᠷ᠎ᠠ ᠪᠠᠨ ᠮᠣᠷᠳᠠᠵᠤ᠂ ᠠᠪᠤ ᠶ᠋ᠢᠨ ᠢ᠋ᠶ᠋ᠡᠨ ᠬᠡᠭᠦᠷ ᠢ᠋ ᠠᠪᠴᠢᠷᠠᠵᠤ ᠳᠥᠷᠪᠡᠳ ᠲᠡᠭᠡᠨ ᠬᠦᠨᠳᠦ ᠪᠡᠷ ᠣᠷᠣᠰᠢᠭᠤᠯᠬᠤ ᠭᠡᠮᠡᠨ ᠬᠦᠷᠦᠭᠰᠡᠨ ᠳ᠋ᠦ᠍ ᠮᠥᠨ ᠠᠳᠠᠯᠢᠬᠠᠨ ᠬᠤᠪᠢ ᠵᠠᠶᠠᠭ᠎ᠠ ᠲᠠᠢ ᠪᠣᠯᠵᠠᠢ᠃ ᠨᠢᠭᠡ ᠪᠦᠯᠦᠭ ᠺᠣᠮᠮᠤᠨᠢᠰᠲ ᠨᠠᠮ ᠤ᠋ᠨ ᠬᠢᠨ ᠶᠠᠭ ᠲᠡᠷᠡ ᠣᠷᠴᠢᠮ ᠪᠠᠢᠭᠰᠠᠨ ᠪᠥᠭᠡᠳ ᠣᠢᠷᠠᠲᠤᠨ ᠢᠷᠡᠬᠦᠯᠡᠷ ᠨᠢ ᠡᠨᠡ ᠬᠦᠦ ᠵᠡᠪᠰᠡᠭ ᠢ᠋ᠶ᠋ᠡᠨ ᠪᠠᠷᠢᠨ ᠡᠰᠡᠷᠭᠦᠴᠡᠭᠰᠡᠨ ᠨᠢ ᠺᠣᠮᠮᠤᠨᠢᠰᠲ ᠨᠠᠮᠲᠠᠨ ᠢ᠋ ᠭᠠᠢᠬᠠᠰᠢ ᠲᠥᠷᠥᠭᠦᠯᠵᠦ ᠬᠡᠳᠦ ᠬᠡᠳᠦᠨ ᠰᠤᠮᠤ ᠪᠡᠶ᠎ᠡ ᠶ᠋ᠢ ᠨᠢ ᠨᠡᠪᠲᠡᠯᠦᠨ ᠭᠠᠷᠴᠤ᠂ ᠡᠴᠢᠭᠡ ᠶ᠋ᠢᠨ ᠢ᠋ᠶ᠋ᠡᠨ ᠪᠤᠯᠠᠰᠢᠨ ᠤ᠋ ᠬᠠᠵᠠᠭᠤ ᠳ᠋ᠤ᠌ ᠥᠩᠬᠥᠷᠢᠨ ᠤᠨᠠᠵᠠᠢ᠃ 
       ᠡᠨᠡ ᠬᠦ᠌ ᠤᠯᠤᠰ ᠲᠥᠷᠥ ᠶ᠋ᠢᠨ ᠮᠥᠷᠭᠥᠯᠳᠦᠭᠡᠨ ᠦ᠌ ᠳᠤᠮᠳᠠ ᠥᠴᠦᠬᠡᠨ ᠴᠦ᠍ ᠬᠣᠯᠪᠣᠭ᠎ᠠ ᠰᠦᠯᠪᠡᠭᠡ ᠦᠭᠡᠢ ᠵᠠᠢᠳᠠᠭᠤᠬᠠᠨ ᠵᠣᠭᠰᠣᠵᠤ ᠪᠠᠢᠭᠰᠠᠨ ᠪᠥᠭᠡᠳ ᠶᠠᠭᠤ ᠴᠤ᠌ ᠣᠢᠯᠠᠭᠠᠯ ᠦᠭᠡᠢ ᠪᠠᠢᠭᠰᠠᠨ ᠬᠥᠮᠦᠰ ᠢᠩᠭᠢᠵᠦ ᠯᠡ ᠨᠢᠭᠡ ᠨᠢ ᠨᠥᠭᠦᠭᠡ ᠪᠡᠨ ᠳᠠᠷᠠᠭᠠᠯᠠᠨ ᠪᠠᠶᠠᠨ ᠶᠠᠳᠠᠭᠤ ᠭᠡᠵᠦ ᠢᠯᠭᠠᠯ ᠦᠭᠡᠢ ᠪᠡᠷ ᠬᠣᠢᠨ᠎ᠠ ᠬᠣᠢᠨ᠎ᠠ ᠠ᠋ᠴᠠ ᠪᠠᠨ ᠦᠷᠡᠭᠳᠡᠯ ᠪᠣᠯᠵᠠᠢ᠃ ᠵᠥᠪᠬᠡᠨ ᠢᠷᠢᠨᠴᠢᠨ - ᠡᠨᠡ ᠬᠦ᠌ ᠵᠢᠩᠬᠢᠨᠢ ᠵᠢᠩᠰᠡ ᠦᠭᠡᠢ ᠲᠠᠯ᠎ᠠ ᠨᠤᠲᠤᠭ ᠤ᠋ᠨ ᠸᠠᠩ ᠠᠮᠢᠳᠤ ᠪᠠᠢᠭ᠎ᠠ᠃ ᠭᠡᠬᠦ ᠳ᠋ᠦ᠍ ᠲᠡᠭᠦᠨ ᠦ᠌ ᠡᠷᠲᠡ ᠦᠶ᠎ᠡ ᠶ᠋ᠢᠨ ᠲᠠᠩᠰᠤᠭ ᠰᠠᠢᠬᠠᠨ ᠠᠮᠢᠳᠤᠷᠠᠯ ᠨᠢ ᠨᠢᠭᠡᠨᠲᠡ ᠠᠯᠠᠭ᠎ᠠ ᠪᠣᠯᠵᠠᠢ᠃ ᠬᠠᠯᠳᠠᠪᠤᠷᠢᠲᠤ ᠡᠪᠡᠳᠴᠢᠨ ᠲᠡᠮᠡᠭᠡ ᠪᠠ ᠬᠣᠨᠢᠨ ᠰᠦᠷᠦᠭ ᠢ᠋ ᠨᠢ ᠤᠰᠠᠳᠬᠠᠭᠠᠳ᠂ ᠬᠢᠲᠠᠳ ᠫᠦᠰᠡ ᠨᠤᠭᠦᠳ ᠦ᠋ᠨ ᠮᠠᠢᠮᠠᠢ ᠨᠢ ᠴᠦ᠍ ᠴᠠᠭ ᠤ᠋ᠨ ᠪᠠᠢᠳᠠᠯ ᠤ᠋ᠨ ᠤᠯᠠᠮ ᠠ᠋ᠴᠠ ᠤᠯᠠᠮ ᠲᠠᠢᠪᠤᠩ ᠪᠤᠰᠤ ᠪᠣᠯᠬᠤ ᠶ᠋ᠢ ᠳᠠᠭᠠᠯᠳᠤᠨ ᠮᠠᠭᠤᠵᠢᠷᠠᠵᠤ᠂ ᠡᠭᠦᠳᠡ ᠪᠡᠨ ᠬᠣᠢᠨ᠎ᠠ ᠬᠣᠢᠨ᠎ᠠ ᠠ᠋ᠴᠠ ᠨᠢ ᠬᠠᠭᠠᠭᠰᠠᠭᠠᠷ᠃ ᠢᠷᠢᠨᠴᠢᠨ ᠴᠦ᠍ ᠬᠠᠮᠤᠭ ᠤ᠋ᠨ ᠰᠡᠭᠦᠯᠴᠢ ᠶ᠋ᠢᠨ ᠮᠥᠩᠭᠥᠨ ᠲᠥᠭᠥᠷᠢᠭ ᠢ᠋ᠶ᠋ᠡᠨ ᠵᠠᠷᠤᠵᠤ ᠳᠠᠭᠤᠰᠬᠠᠵᠠᠢ᠃ ᠲᠡᠭᠦᠨ ᠳ᠋ᠦ᠍ ᠵᠥᠪᠬᠡᠨ ᠴᠡᠷᠢᠭ ᠲᠡᠢᠨ ᠦ᠌ ᠣᠢᠷᠠᠳᠬᠤ ᠴᠢᠮᠡᠭᠡ ᠪᠡᠷ ᠬᠣᠯᠠ ᠶ᠋ᠢᠨ ᠲᠠᠯ᠎ᠠ ᠳ᠋ᠤ᠌ ᠰᠢᠯᠵᠢᠭᠦᠯᠦᠭᠰᠡᠨ ᠠᠳᠤᠭᠤᠨ ᠰᠦᠷᠦᠭ ᠨᠢ ᠯᠡ ᠦᠯᠡᠳᠡᠵᠡᠢ᠃ ᠭᠡᠬᠦ ᠳ᠋ᠦ᠍ ᠡᠨᠡ ᠬᠦ᠌ ᠰᠡᠷᠭᠡᠢᠯᠡᠭᠡ ᠶ᠋ᠢᠨ ᠠᠷᠭ᠎ᠠ ᠬᠡᠮᠵᠢᠶ᠎ᠡ ᠨᠢ ᠴᠦ᠍ ᠠᠳᠤᠭᠤᠨ ᠰᠦᠷᠦᠭ ᠦ᠋ᠨ ᠣᠷᠣᠰ ᠴᠡᠷᠢᠭ ᠦ᠋ᠨ ᠭᠠᠷ ᠲᠤ᠌ ᠣᠷᠣᠬᠤ ᠬᠤᠪᠢ ᠵᠠᠶᠠᠭ᠎ᠠ ᠠ᠋ᠴᠠ ᠮᠤᠯᠲᠤᠷᠠᠵᠤ ᠳᠡᠢᠯᠦᠭᠡ ᠦᠭᠡᠢ᠃ ᠶᠠᠳᠠᠭᠤᠷᠠᠨ ᠬᠣᠭᠣᠰᠣᠷᠠᠭᠰᠠᠨ ᠪᠥᠭᠡᠳ ᠬᠣᠶᠠᠷ ᠨᠢᠳᠦ ᠨᠢ ᠲᠠᠭ ᠰᠣᠬᠣᠷᠠᠭᠰᠠᠨ ᠲᠡᠷᠡ ᠪᠡᠷ ᠣᠳᠣ ᠴᠤᠤ ᠬᠤ᠌ ᠳ᠋ᠠᠬᠢ ᠳ᠋ᠠᠬᠢ ᠬᠠᠭᠠᠰ ᠨᠢ ᠨᠤᠷᠠᠨ ᠤᠨᠠᠭᠰᠠᠨ ᠴᠠᠢᠵᠠ ᠶ᠋ᠢᠨ ᠴᠣᠩᠬᠣ ᠴᠤ᠌ ᠦᠭᠡᠢ ᠪᠠᠢᠰᠢᠩ ᠳ᠋ᠤ᠌ ᠠᠮᠢᠳᠤᠷᠠᠵᠤ ᠪᠠᠢᠨ᠎ᠠ᠃ ᠳᠤᠯᠮ᠎ᠠ ᠲᠡᠭᠦᠨ ᠢ᠋ ᠬᠠᠷᠠᠨ ᠬᠠᠷᠠᠭᠠᠯᠵᠠᠵᠤ ᠪᠣᠢ ᠪᠥᠭᠡᠳ ᠥᠪᠡᠷ ᠦ᠋ᠨ ᠢ᠋ᠶ᠋ᠡᠨ ᠣᠯᠠᠨ ᠭᠠᠵᠠᠷ ᠲᠤ᠌ ᠬᠤᠪᠢᠶᠠᠨ ᠪᠤᠯᠠᠭᠰᠠᠨ ᠳᠠᠷᠤᠭᠤᠯᠭ᠎ᠠ ᠵᠠᠰᠠᠯ ᠢ᠋ᠶ᠋ᠠᠨ ᠮᠠᠯᠲᠠᠨ ᠭᠠᠷᠭᠠᠵᠤ ᠬᠤᠳᠠᠯᠳᠤᠭᠠᠳ ᠠᠮᠢ ᠵᠢᠭᠤᠵᠤ ᠪᠠᠢᠭ᠎ᠠ ᠭᠡᠨ᠎ᠡ᠃ ᠲᠡᠳᠡᠨ ᠦ᠌ ᠬᠣᠶᠠᠷ ᠬᠡᠦᠬᠡᠳ ᠲᠣᠬᠣᠮ ᠪᠣᠯᠤᠨ ᠶᠦᠩᠷᠦᠪ ᠨᠢ ᠠᠳᠤᠭᠤ ᠪᠠᠨ ᠬᠠᠷᠠᠨ ᠬᠥᠳᠡᠭᠡ ᠪᠠᠢᠵᠤ ᠪᠠᠢᠭᠠᠳ ᠭᠡᠨᠡᠳᠲᠡ ᠠᠯᠠᠭ᠎ᠠ ᠪᠣᠯᠪᠠ᠃ ᠲᠡᠳᠡ ᠴᠣᠬᠣᠮ ᠠᠮᠢ ᠪᠠᠨ ᠠᠯᠳᠠᠭᠰᠠᠨ ᠶᠤᠮ ᠤᠤ? ᠡᠰᠡᠬᠦᠯ᠎ᠡ ᠣᠷᠣᠰ ᠴᠡᠷᠢᠭ ᠲᠦ᠍ ᠪᠠᠷᠢᠭᠳᠠᠨ ᠣᠳᠤᠭᠰᠠᠨ ᠶᠤᠮ ᠤᠤ?  ᠭᠡᠳᠡᠭ ᠢ᠋ ᠮᠡᠳᠡᠬᠦ ᠬᠥᠮᠦᠨ ᠶᠡᠷᠦ ᠠᠯᠠᠭ᠎ᠠ᠃ 
       ᠮᠥᠨ ᠢᠩᠭᠢᠵᠦ ᠯᠡ ᠥᠭᠡᠷ᠎ᠡ ᠪᠤᠰᠤᠳ ᠮᠣᠩᠭᠣᠯᠴᠤᠳ ᠤ᠋ᠨ ᠭᠤᠨᠢᠭᠲᠤ ᠬᠤᠪᠢ ᠵᠠᠶᠠᠭᠠᠨ ᠤ᠋ ᠲᠤᠬᠠᠢ ᠰᠣᠨᠣᠰᠤᠭᠰᠠᠨ ᠪᠥᠭᠡᠳ ᠲᠡᠷᠡ ᠮᠠᠨᠢ ᠬᠡᠴᠢᠨᠡᠭᠡᠨ ᠵᠠᠭᠤᠨ ᠵᠢᠯ ᠦ᠋ᠨ ᠲᠤᠷᠰᠢ ᠲᠤᠯᠭ᠎ᠠ ᠶ᠋ᠢᠨ ᠭᠠᠯ ᠤ᠋ᠨ ᠵᠠᠬ᠎ᠠ ᠳ᠋ᠤ᠌ ᠶᠠᠷᠢᠭᠳᠠᠭᠰᠠᠭᠠᠷ ᠢᠷᠡᠭᠰᠡᠨ ᠰᠠᠢᠬᠠᠨ ᠬᠦᠰᠡᠯ ᠨᠢ ᠪᠡᠶᠡᠯᠡᠭᠳᠡᠬᠦ ᠶ᠋ᠢ ᠬᠠᠷᠠᠵᠤ ᠴᠢᠳᠠᠯ ᠦᠭᠡᠢ ᠪᠡᠷ ᠵᠠᠯᠭᠠᠭ᠎ᠠ ᠵᠠᠯᠭᠠᠭ᠎ᠠ ᠪᠠᠷ ᠶᠢᠷᠲᠢᠨᠴᠦ ᠶ᠋ᠢ ᠣᠷᠬᠢᠨ ᠣᠳᠤᠭᠰᠠᠨ ᠪᠠᠢᠵᠠᠢ᠃ ᠲᠠᠯ᠎ᠠ ᠨᠤᠲᠤᠭ ᠤ᠋ᠨ ᠵᠠᠯᠠᠭᠤ ᠨᠢᠭᠡ ᠦᠶ᠎ᠡ ᠶ᠋ᠢᠨ ᠬᠢᠨ ᠦ᠌ ᠡᠷᠡᠴᠦᠦᠯ ᠢᠩᠭᠢᠵᠦ ᠦᠭᠡᠢ ᠪᠣᠯᠬᠢ ᠶ᠋ᠢ ᠳᠠᠭᠠᠯᠳᠤᠨ ᠴᠢᠩᠭᠢᠰ ᠬᠠᠭᠠᠨ ᠤ᠋ ᠲᠣᠮᠣ ᠬᠠᠭᠠᠨᠲᠤ ᠤᠯᠤᠰ ᠪᠠᠢᠭᠤᠯᠤᠭᠳᠠᠬᠤ ᠪᠣᠯᠤᠮᠵᠢ ᠴᠤ᠌ ᠨᠢᠭᠡᠨᠲᠡ ᠦᠭᠡᠢ ᠪᠣᠯᠤᠭᠰᠠᠨ ᠪᠠᠢᠨ᠎ᠠ᠃ 
       ᠮᠥᠨ ᠡᠨᠡ ᠬᠦ᠌ ᠥᠩᠭᠡᠷᠡᠭᠰᠡᠨ ᠠᠷᠪᠠᠨ ᠵᠢᠯ ᠳ᠋ᠦ᠍ ᠮᠣᠩᠭᠣᠯ ᠤ᠋ᠨ ᠲᠠᠯ᠎ᠠ ᠨᠤᠲᠤᠭ ᠵᠢᠴᠢ ᠲᠡᠨᠳᠡᠬᠢ ᠠᠷᠠᠳ ᠲᠦᠮᠡᠨ ᠲᠡᠢ ᠴᠢᠩᠭ᠎ᠠ ᠬᠣᠯᠪᠣᠭ᠎ᠠ ᠲᠠᠢ ᠪᠠᠢᠭᠰᠠᠨ ᠣᠯᠠᠩᠬᠢ ᠴᠠᠭᠠᠨ ᠠᠷᠠᠰᠤᠲᠠᠨ ᠨᠤᠭᠤᠳ ᠲᠤ᠌ ᠴᠤ᠌ ᠬᠥᠮᠦᠨ ᠦ᠌ ᠰᠡᠳᠬᠢᠯ ᠢ᠋ ᠤᠶᠠᠷᠠᠭᠤᠯᠤᠮ᠎ᠠ ᠬᠤᠪᠢᠷᠠᠯᠲᠠ ᠶ᠋ᠢ ᠠᠪᠴᠢᠷᠠᠵᠠᠢ᠃ ᠶᠠᠭᠤᠨ ᠤ᠋ ᠡᠮᠦᠨ᠎ᠡ ᠡᠨᠳᠡᠬᠢ ᠶ᠋ᠢᠨ ᠨᠡᠭᠦᠳᠡᠯᠴᠢᠨ ᠠᠷᠠᠳ ᠲᠦᠮᠡᠨ ᠲᠡᠢ ᠰᠡᠳᠬᠢᠯ ᠵᠢᠷᠦᠬᠡ ᠪᠡᠷ ᠢ᠋ᠶ᠋ᠡᠨ ᠬᠣᠯᠪᠣᠯᠳᠤᠨ᠂ ᠪᠦᠬᠦ ᠲᠠᠯ᠎ᠠ ᠪᠠᠷ ᠲᠡᠳᠡᠨ ᠦ᠌ ᠬᠥᠭᠵᠢᠨ ᠮᠠᠨᠳᠤᠬᠤ ᠳ᠋ᠤ᠌ ᠭᠦᠷᠴᠡ ᠴᠢᠳᠠᠯ ᠢ᠋ᠶ᠋ᠠᠨ ᠡᠷᠭᠦᠨ ᠵᠢᠳᠬᠦᠵᠦ ᠪᠠᠢᠭᠰᠠᠨ ᠰᠸᠸᠳ᠋ᠸᠨ ᠬᠥᠮᠦᠰ ᠢ᠋ ᠳᠤᠷᠠᠳᠬᠤ ᠶᠣᠰᠣ ᠲᠠᠢ᠃ ᠬᠦᠨᠳᠦᠳᠬᠡᠭᠦᠰᠢᠲᠡᠢ ᠨᠤᠷᠮᠠᠨ ᠬᠥᠮᠦᠨ ᠦ᠌ ᠤᠳᠤᠮ ᠲᠠᠢ ᠪᠥᠭᠡᠳ ᠬᠣᠶᠠᠷ ᠵᠠᠭᠤᠨ ᠤ᠋ ᠠᠭᠤᠯᠵᠠᠷ ᠢ᠋ᠶ᠋ᠠᠷ ᠮᠣᠩᠭᠣᠯ ᠳ᠋ᠤ᠌ ᠪᠢᠪᠯᠢ ᠰᠤᠳᠤᠷ ᠬᠤᠳᠠᠯᠳᠤᠬᠤ ᠪᠠᠷ ᠬᠦᠷᠴᠦ ᠢᠷᠡᠭᠡᠳ ᠤᠳᠠᠭᠰᠠᠨ ᠦᠭᠡᠢ ᠪᠡᠷ ᠨᠡᠷ᠎ᠡ ᠬᠦᠨᠳᠦᠲᠡᠢ ᠠᠷᠠᠯᠵᠢᠶᠠᠴᠢᠨ ᠪᠣᠯᠵᠤ ᠬᠤᠪᠢᠷᠠᠭᠰᠠᠨ ᠯᠠᠷᠰᠤᠨ ᠬᠦᠩ ᠶᠠᠫᠣᠨ ᠤ᠋ ᠡᠵᠡᠯᠡᠯᠲᠡ ᠶ᠋ᠢᠨ ᠳᠠᠷᠠᠭ᠎ᠠ ᠮᠣᠩᠭᠣᠯ ᠤ᠋ᠨ ᠲᠠᠯ᠎ᠠ ᠨᠤᠲᠤᠭ ᠠ᠋ᠴᠠ ᠠᠶᠠᠷᠯᠠᠵᠠᠢ᠃ ᠴᠠᠭᠠᠨ ᠬᠦᠷᠢᠶᠡᠨ ᠦ᠌ ᠰᠦᠮ᠎ᠡ ᠳ᠋ᠦ᠍ ᠬᠠᠮᠤᠭ ᠤ᠋ᠨ ᠰᠡᠭᠦᠯᠴᠢ ᠶ᠋ᠢᠨ ᠦᠳᠡᠰᠢ ᠪᠡᠷ ᠶᠠᠷᠢᠯᠴᠠᠵᠤ ᠪᠠᠢᠭᠰᠠᠨ ᠠᠶᠤᠯ ᠨᠢ ᠪᠣᠳᠠᠲᠠᠢ ᠪᠣᠯᠵᠤ ᠬᠤᠪᠢᠷᠠᠭᠠᠳ᠂ ᠰᠢᠨ᠎ᠡ ᠪᠡᠷ ᠡᠵᠡᠯᠡᠨ ᠵᠠᠬᠢᠷᠤᠭᠴᠢᠳ ᠨᠢ ᠯᠠᠷᠰᠤᠨ ᠬᠦᠩ ᠦ᠋ᠨ ᠠᠳᠡᠬᠢ ᠲᠣᠭᠠᠯᠠᠰᠢ ᠦᠭᠡᠢ ᠣᠯᠠᠨ ᠪᠠᠶᠠᠨ ᠶᠠᠳᠠᠭᠤ ᠡᠷᠬᠢᠮ ᠳᠣᠣᠷᠠᠲᠤ ᠨᠠᠢᠵᠠ ᠨᠥᠬᠥᠳ ᠲᠡᠢ ᠪᠠᠢᠭ᠎ᠠ ᠶ᠋ᠢ ᠨᠢ ᠠᠶᠤᠯᠲᠠᠢ ᠭᠡᠮᠡᠨ ᠣᠨᠣᠰᠢᠯᠠᠭᠠᠳ ᠪᠠᠭᠲᠠᠭᠠᠵᠤ ᠴᠢᠳᠠᠭᠰᠠᠨ ᠦᠭᠡᠢ᠃ ᠲᠡᠷᠡ ᠥᠪᠡᠷ ᠦ᠋ᠨ ᠢ᠋ᠶ᠋ᠡᠨ ᠣᠨᠴᠠᠯᠢᠭ ᠪᠦᠬᠦᠢ ᠬᠦᠩ ᠦ᠋ᠨ ᠣᠷᠳᠣᠨ ᠠ᠋ᠴᠠ ᠪᠠᠨ ᠭᠣᠮᠣᠳᠠᠯᠲᠠᠢ ᠪᠠᠷ ᠬᠥᠭᠡᠭᠡᠭᠳᠡᠨ ᠭᠠᠷᠴᠤ᠂ ᠡᠮᠦᠨᠡᠲᠦ ᠺᠠᠯᠢᠹᠣᠷᠨᠢᠶ᠎ᠡ ᠳ᠋ᠦ᠍ ᠪᠠᠢᠭ᠎ᠠ ᠬᠡᠦᠬᠡᠳ ᠦ᠋ᠨ ᠢ᠋ᠶ᠋ᠡᠨ ᠬᠠᠵᠠᠭᠤ ᠳ᠋ᠤ᠌ ᠬᠦᠷᠴᠦ ᠠᠮᠢᠳᠤᠷᠠᠵᠠᠢ᠃ ᠲᠡᠨᠳᠡ ᠪᠡᠨ ᠲᠡᠷᠡ ᠨᠢᠭᠡ ᠲᠠᠷᠢᠶᠠᠯᠠᠩ ᠤ᠋ᠨ ᠲᠠᠯᠠᠪᠠᠢ ᠳ᠋ᠤ᠌ ᠬᠣᠨᠢ ᠲᠠᠬᠢᠶ᠎ᠠ ᠬᠤᠳᠠᠯᠳᠤᠨ ᠠᠪᠴᠤ ᠲᠡᠵᠢᠭᠡᠭᠡᠳ᠂ ᠪᠣᠯᠬᠤ ᠶ᠋ᠢᠨ ᠳᠣᠲᠣᠷ᠎ᠠ ᠮᠣᠩᠭᠣᠯ ᠤ᠋ᠨ ᠲᠠᠯ᠎ᠠ ᠨᠤᠲᠤᠭ ᠤ᠋ᠨ ᠬᠥᠲᠥᠯ ᠳᠣᠪᠣᠴᠠᠭ ᠪᠠ ᠬᠥᠳᠡᠭᠡ ᠲᠠᠯ᠎ᠠ ᠲᠠᠢ ᠣᠢᠷ᠎ᠠ ᠪᠠᠢᠬᠤ ᠶ᠋ᠢ ᠬᠦᠰᠡᠭᠰᠡᠨ ᠠᠵᠢ᠃ 
       ᠱᠠᠰᠢᠨ ᠰᠤᠷᠲᠠᠯᠴᠢᠯᠠᠭᠴᠢ ᠰᠦᠢᠳ᠋ᠸᠷᠪᠤᠮ ᠴᠤ᠌ ᠮᠥᠨ ᠯᠡ ᠶᠠᠫᠣᠨᠴᠤᠳ ᠲᠤ᠌ ᠦᠯᠦ ᠲᠠᠭᠠᠰᠢᠶᠠᠭᠳᠠᠬᠤ ᠡᠲᠡᠭᠡᠳ ᠪᠠᠢᠵᠤ ᠠᠮᠧᠷᠢᠺᠠ ᠳ᠋ᠠᠭᠠᠨ ᠪᠤᠴᠠᠵᠠᠢ᠃ ᠲᠡᠳᠡ ᠥᠪᠡᠷ ᠦ᠋ᠨ ᠢ᠋ᠶ᠋ᠡᠨ ᠣᠯᠠᠨ ᠵᠦᠢᠯ ᠢ᠋ ᠦᠵᠡᠵᠦ ᠬᠠᠷᠠᠭᠰᠠᠨ ᠭᠠᠢᠬᠠᠮᠰᠢᠭᠲᠤ ᠥᠩᠭᠡᠷᠡᠯᠲᠡ ᠲᠡᠢ ᠠᠮᠢᠳᠤᠷᠠᠯ ᠢ᠋ᠶ᠋ᠠᠨ ᠳᠤᠷᠠᠰᠤᠨ ᠰᠠᠨᠠᠭᠠᠯᠵᠠᠬᠤ ᠶ᠋ᠢᠨ ᠬᠠᠮᠲᠤ ᠬᠢᠲᠠᠳ ᠲᠤ᠌ ᠪᠠᠢᠭ᠎ᠠ ᠬᠦᠦ ᠪᠡᠷ ᠢ᠋ᠶ᠋ᠡᠨ ᠥᠪᠡᠷ ᠦ᠋ᠨ ᠢ᠋ᠶ᠋ᠡᠨ ᠠᠮᠢᠳᠤᠷᠠᠵᠤ ᠠᠵᠢᠯᠯᠠᠵᠤ ᠥᠩᠭᠡᠷᠡᠭᠰᠡᠨ ᠮᠣᠩᠭᠣᠯ ᠣᠷᠣᠨ ᠳ᠋ᠤ᠌ ᠪᠣᠯᠵᠤ ᠪᠠᠢᠭ᠎ᠠ ᠤᠴᠢᠷ ᠤ᠋ᠳ ᠢ᠋ ᠮᠡᠳᠡᠭᠳᠡᠭᠦᠯᠳᠡᠭ ᠪᠠᠢᠨ᠎ᠠ᠃ ᠥᠨᠳᠥᠷ ᠲᠣᠮᠣ ᠪᠡᠶ᠎ᠡ ᠲᠡᠢ ᠭᠸᠤᠷᠭᠸ ᠰᠦᠢᠳ᠋ᠸᠷᠪᠤᠮ ᠠᠮᠧᠷᠢᠺᠠ ᠶ᠋ᠢᠨ ᠮᠣᠩᠭᠣᠯᠴᠤᠳ ᠢ᠋ ᠤᠳᠤᠷᠢᠳᠤᠨ ᠳᠦᠷᠪᠡᠭᠰᠡᠳ ᠢ᠋ ᠲᠥᠪᠬᠢᠨᠡᠭᠦᠯᠬᠦ ᠠᠵᠢᠯ ᠢ᠋ ᠵᠣᠬᠢᠶᠠᠨ ᠪᠠᠢᠭᠤᠯᠵᠠᠢ᠃ 
       ᠡᠮᠴᠢ ᠪᠥᠭᠡᠳ ᠰᠸᠧᠳᠧᠨ ᠦ᠌ ᠱᠠᠰᠢᠨ ᠰᠤᠷᠲᠠᠯᠴᠢᠯᠠᠭᠴᠢ ᠶ᠋ᠢᠨ ᠳᠠᠷᠤᠭ᠎ᠠ ᠨᠢ ᠪᠣᠯᠬᠤ ᠵᠤᠶ᠋ᠸᠯ ᠡᠸᠷᠢᠺᠰᠣᠨ ᠳ᠋ᠤ᠌ ᠲᠡᠢᠨ ᠳᠠᠵᠢᠨ ᠠ᠋ᠴᠠ ᠪᠣᠯᠤᠭᠰᠠᠨ ᠣᠨᠴᠠᠭᠠᠢ ᠵᠥᠪᠰᠢᠶᠡᠷᠡᠯ ᠦ᠋ᠨ ᠠᠮᠠᠷᠠᠯᠲᠠ ᠶ᠋ᠢᠨ ᠤᠷᠲᠤ ᠴᠢᠯᠥᠭᠡ ᠨᠢ ᠲᠡᠭᠦᠨ ᠢ᠋ ᠭᠠᠢᠬᠠᠰᠢ ᠠᠯᠳᠠᠭᠤᠯᠵᠤ᠂ ᠮᠣᠩᠭᠣᠯ ᠳ᠋ᠤ᠌ ᠦᠯᠡᠳᠡᠭᠰᠡᠨ ᠲᠡᠭᠦᠨ ᠦ᠌ ᠬᠠᠨᠢᠲᠠᠳ ᠨᠢ ᠬᠠᠲᠠᠭᠤ ᠪᠡᠷᠬᠡ ᠴᠠᠭ ᠢ᠋ ᠲᠤᠭᠤᠯᠵᠤ ᠥᠩᠭᠡᠷᠡᠭᠦᠯᠵᠡᠢ᠃ ᠲᠡᠳᠡᠨ ᠡᠴᠡ ᠨᠢᠭᠡ ᠶ᠋ᠢ ᠨᠢ ᠶᠠᠫᠣᠨᠴᠤᠳ ᠲᠠᠩᠨᠠᠭᠤᠯ ᠭᠡᠮᠡᠨ ᠲᠣᠭᠲᠠᠭᠠᠭᠠᠳ ᠭᠢᠨᠳᠠᠨ ᠳ᠋ᠤ᠌ ᠬᠢᠵᠦ᠂ ᠪᠠᠰᠠ ᠨᠢᠭᠡ ᠶ᠋ᠢ ᠨᠢ ᠥᠴᠦᠬᠡᠨ ᠴᠦ᠍ ᠰᠢᠯᠲᠠᠭ ᠦᠭᠡᠢ ᠪᠡᠷ ᠮᠣᠩᠭᠣᠯ ᠠ᠋ᠴᠠ ᠦᠯᠳᠡᠨ ᠬᠥᠭᠡᠭᠡᠵᠦ᠂ ᠱᠠᠰᠢᠨ ᠰᠤᠷᠲᠠᠯᠴᠢᠯᠠᠭᠴᠢ ᠨᠠᠷ ᠤ᠋ᠨ ᠬᠡᠳᠦᠨ ᠠᠷᠪᠠᠨ ᠵᠢᠯ ᠦ᠋ᠨ ᠲᠤᠷᠰᠢ ᠬᠢᠵᠦ ᠪᠦᠲᠦᠭᠡᠭᠰᠡᠨ ᠵᠦᠢᠯᠡᠰ ᠨᠢ ᠬᠥᠮᠦᠨ ᠦ᠌ ᠭᠠᠷ ᠲᠤ᠌ ᠣᠷᠣᠵᠤ ᠳᠠᠭᠤᠰᠴᠠᠢ᠃ ᠡᠳᠡᠭᠡᠷ ᠤᠴᠢᠷ ᠤ᠋ᠳ ᠡᠸᠷᠢᠺᠰᠣᠨ ᠤ᠋ ᠵᠣᠷᠢᠭ ᠰᠥᠰᠥ ᠶ᠋ᠢ ᠥᠴᠦᠬᠡᠨ ᠴᠦ᠍ ᠮᠣᠬᠣᠷᠠᠭᠤᠯᠤᠭᠰᠠᠨ ᠦᠭᠡᠢ᠂ ᠲᠡᠢᠨ ᠲᠡᠭᠦᠰᠦᠮᠡᠭᠴᠡ ᠲᠡᠷᠡ ᠪᠡᠭᠡᠵᠢᠩ ᠳ᠋ᠦ᠍ ᠬᠦᠷᠴᠦ ᠢᠷᠡᠭᠰᠡᠨ ᠪᠥᠭᠡᠳ ᠣᠷᠳᠣᠰ ᠨᠤᠲᠤᠭ ᠢ᠋ᠶ᠋ᠠᠷ ᠠᠶᠠᠯᠠᠯ ᠬᠢᠵᠦ ᠂ ᠪᠠᠷᠠᠭᠤᠨ ᠮᠣᠩᠭᠣᠯ ᠳ᠋ᠤ᠌ ᠡᠮᠴᠢ ᠪᠠ ᠱᠠᠰᠢᠨ ᠳᠡᠯᠭᠡᠷᠡᠭᠦᠯᠬᠦ ᠠᠵᠢᠯ ᠢ᠋ᠶ᠋ᠠᠨ ᠡᠬᠢᠯᠡᠭᠦᠯᠬᠦ ᠪᠡᠷ ᠪᠡᠯᠡᠳᠬᠡᠵᠦ ᠡᠬᠢᠯᠡᠵᠡᠢ᠃ 
       ᠨᠠᠢ᠍ᠮᠠ ᠶ᠋ᠢᠨ ᠠᠭᠤᠯᠠ ᠳ᠋ᠤ᠌ ᠶᠠᠮᠠᠷ ᠨᠢᠭᠡᠨ ᠱᠠᠰᠢᠨ ᠤ᠋ ᠡᠪᠯᠡᠯ ᠲᠡᠢ ᠬᠠᠷᠢᠴᠠᠭ᠎ᠠ ᠬᠣᠯᠪᠣᠭ᠎ᠠ ᠦᠭᠡᠢ ᠥᠪᠡᠷ ᠦ᠋ᠨ ᠱᠠᠰᠢᠨ ᠰᠤᠷᠲᠠᠯᠴᠢᠯᠠᠬᠤ ᠥᠷᠲᠡᠭᠡ ᠪᠡᠨ ᠪᠠᠢᠭᠤᠯᠵᠤ ᠮᠥᠨ ᠲᠡᠨᠳᠡ ᠪᠡᠨ ᠬᠡᠳᠦᠨ ᠦᠨᠢᠶ᠎ᠡ᠂ ᠰᠦᠷᠦᠭ ᠬᠣᠨᠢ ᠪᠠ ᠬᠡᠳᠦᠨ ᠮᠣᠷᠢ ᠪᠠᠷ ᠢ᠋ᠶ᠋ᠠᠨ ᠥᠪᠡᠷ ᠦ᠋ᠨ ᠪᠡᠶ᠎ᠡ ᠪᠣᠯᠤᠨ ᠨᠢᠭᠡ ᠪᠦᠯᠦᠭ ᠮᠣᠩᠭᠣᠯ ᠥᠨᠥᠴᠢᠨ ᠬᠡᠦᠬᠡᠳ ᠲᠦ᠍ ᠢᠳᠡᠬᠦ ᠬᠣᠭᠣᠯᠠ ᠶ᠋ᠢ ᠠᠷᠭᠠᠯᠠᠵᠤ ᠪᠠᠢᠭᠰᠠᠨ ᠡᠾᠦ᠋ᠯᠲᠡ ᠸᠢᠺᠯᠦᠨᠳᠸ ᠠᠪᠬᠠᠢ ᠴᠤ᠌ ᠮᠥᠨ ᠪᠤᠰᠤᠳ ᠴᠠᠭᠠᠨ ᠠᠷᠠᠰᠤᠲᠠᠨ ᠲᠠᠢ ᠠᠳᠠᠯᠢᠬᠠᠨ ᠢ᠋ᠶ᠋ᠠᠷ ᠥᠪᠡᠷ ᠦ᠋ᠨ ᠢ᠋ᠶ᠋ᠡᠨ ᠨᠠᠰᠤᠨ ᠲᠤᠷᠰᠢᠲᠠ ᠶ᠋ᠢᠨ ᠬᠦᠰᠡᠯ ᠡᠷᠡᠮᠡᠯᠵᠡᠯ ᠢ᠋ ᠶᠠᠫᠣᠨᠴᠤᠳ ᠬᠡᠷᠬᠢᠨ ᠵᠠᠮᠬᠠᠷᠠᠭᠤᠯᠬᠤ ᠶ᠋ᠢ ᠨᠢᠳᠦ ᠪᠡᠷ ᠢ᠋ᠶ᠋ᠡᠨ ᠬᠠᠷᠠᠨ ᠥᠩᠭᠡᠷᠡᠭᠦᠯᠵᠡᠢ᠃ ᠭᠣᠮᠣᠳᠠᠯᠲᠠᠢ ᠭᠡᠭᠴᠢ ᠪᠡᠷ ᠲᠡᠷᠡ ᠠᠳᠠ ᠠ᠋ᠴᠠ ᠠᠷᠭ᠎ᠠ ᠪᠤᠰᠤ ᠠᠶᠠᠷᠯᠠᠵᠤ ᠨᠤᠲᠤᠭ ᠲᠠᠭᠠᠨ ᠪᠤᠴᠠᠭᠰᠠᠨ ᠪᠥᠭᠡᠳ ᠡᠳᠦᠭᠡ ᠨᠢᠭᠡᠨᠲᠡ ᠰᠸᠸᠳ᠋ᠸᠨ ᠦ᠌ ᠬᠣᠢᠲᠤ ᠬᠡᠰᠡᠭ ᠦ᠋ᠨ ᠨᠢᠭᠡᠨ ᠰᠤᠷᠭᠠᠭᠤᠯᠢ ᠳ᠋ᠤ᠌ ᠰᠢᠨ᠎ᠡ ᠠᠵᠢᠯ ᠤ᠋ᠨ ᠪᠠᠢᠷᠢ ᠳ᠋ᠤ᠌ ᠭᠠᠷᠴᠠᠢ᠃ ᠮᠥᠨ ᠥᠪᠸᠷᠭᠸ ᠨᠥᠬᠥᠷ ᠭᠡᠷᠭᠡᠢ ᠬᠣᠶᠠᠷ ᠪᠡᠭᠡᠵᠢᠩ ᠳ᠋ᠦ᠍ ᠶᠠᠫᠣᠨᠴᠤᠳ ᠲᠠᠢ ᠬᠠᠷᠢᠯᠴᠠᠨ ᠠᠰᠢᠭᠲᠠᠢ ᠪᠠᠷ ᠨᠠᠢᠷᠲᠠᠢ ᠵᠡᠷᠭᠡᠴᠡᠨ ᠣᠷᠣᠰᠢᠬᠤ ᠴᠢᠷᠮᠠᠢᠯᠭ᠎ᠠ ᠶ᠋ᠢ ᠤᠳᠠᠭᠠᠨ ᠬᠤᠭᠤᠴᠠᠭ᠎ᠠ ᠪᠠᠷ ᠭᠠᠷᠭᠠᠭᠰᠠᠨ ᠪᠣᠯᠪᠠᠴᠤ ᠥᠴᠦᠬᠡᠨ ᠴᠦ᠍ ᠦᠷ᠎ᠡ ᠳ᠋ᠦᠩ ᠣᠯᠤᠭ᠎ᠠ ᠦᠭᠡᠢ᠂ ᠡᠴᠦᠰ ᠲᠡᠭᠡᠨ ᠰᠲᠤᠺᡁᠣᠯᠮ ᠳ᠋ᠠᠭᠠᠨ ᠬᠠᠷᠢᠵᠤ ᠬᠣᠶᠠᠷ ᠬᠡᠦᠬᠡᠳ ᠢ᠋ᠶ᠋ᠡᠨ ᠥᠰᠬᠡᠨ ᠬᠥᠮᠦᠵᠢᠭᠦᠯᠵᠦ ᠠᠮᠢᠳᠤᠷᠠᠵᠠᠢ᠃ 
       ᠰᠸᠧᠳᠧᠨ ᠦ᠌ ᠬᠥᠮᠦᠰ ᠦ᠋ᠨ ᠪᠦᠬᠦ ᠪᠡᠶ᠎ᠡ ᠰᠡᠳᠬᠢᠯ ᠢ᠋ᠶ᠋ᠡᠨ ᠵᠣᠷᠢᠭᠤᠯᠤᠨ ᠪᠠᠢᠵᠤ ᠪᠠᠢᠭᠤᠯᠵᠤ᠂ ᠪᠦᠲᠦᠭᠡᠭᠰᠡᠨ ᠱᠠᠰᠢᠨ ᠰᠤᠷᠲᠠᠯᠴᠢᠯᠠᠬᠤ ᠥᠷᠲᠡᠭᠡ ᠪᠣᠯᠤᠨ ᠰᠦᠮ᠎ᠡ ᠳᠤᠭᠠᠩ ᠨᠢ ᠬᠥᠭᠡᠷᠦᠬᠦᠢᠯᠡᠯᠲᠡᠢ ᠪᠠᠭᠤᠷᠢ ᠪᠣᠯᠤᠨ ᠬᠣᠴᠣᠷᠴᠤ᠂ ᠨᠢᠭᠡ ᠦᠶ᠎ᠡ ᠶ᠋ᠢᠨ ᠬᠥᠮᠦᠰ ᠦ᠋ᠨ ᠠᠵᠢᠯ ᠤ᠋ᠨ ᠦᠷ᠎ᠡ ᠪᠦᠲᠦᠭᠡᠯ ᠢᠩᠭᠢᠭᠡᠳ ᠯᠡ ᠬᠡᠳᠦᠬᠡᠨ ᠵᠢᠯ ᠦ᠋ᠨ ᠬᠣᠭᠣᠷᠣᠨᠳᠣ ᠰᠦᠢᠳᠬᠡᠭᠳᠡᠨ ᠳᠠᠭᠤᠰᠴᠠᠢ᠃ ᠵᠥᠪᠬᠡᠨ ᠬᠤᠷᠮᠤᠰᠳᠠ ᠳ᠋ᠤ᠌ ᠰᠢᠲᠦᠨ ᠪᠢᠰᠢᠷᠡᠬᠦ ᠴᠢᠩ ᠰᠡᠳᠬᠢᠯᠭᠡ ᠪᠣᠯᠤᠨ ᠬᠥᠳᠡᠯᠦᠰᠢ ᠦᠭᠡᠢ ᠵᠣᠷᠢᠭ ᠰᠥᠰᠥ ᠨᠢ ᠯᠡ ᠲᠡᠳᠡᠨ ᠢ᠋ ᠪᠡᠶ᠎ᠡ ᠪᠡᠷ ᠢ᠋ᠶ᠋ᠡᠨ ᠥᠩᠭᠡᠷᠡᠭᠦᠯᠦᠭᠰᠡᠨ ᠶᠡᠬᠡ ᠣᠢ ᠭᠠᠰᠢᠭᠤᠳᠠᠯ ᠠ᠋ᠴᠠ ᠨᠢ ᠵᠠᠢᠯᠠᠭᠤᠯᠵᠤ ᠦᠭᠭᠦᠭᠰᠡᠨ ᠪᠢᠯᠡ᠃ 
       ᠮᠢᠨᠦ ᠴᠢᠭᠤᠯᠤᠯᠲᠤ ᠬᠠᠭᠠᠯᠭ᠎ᠠ ᠳ᠋ᠤ᠌ ᠪᠠᠢᠳᠠᠭ ᠨᠠᠢᠵᠠ ᠪᠥᠭᠡᠳ ᠲᠤᠰᠠᠯᠠᠨ ᠳᠡᠮᠵᠢᠭᠴᠢ ᠫᠦᠷᠫᠢᠰᠰ ᠶᠠᠫᠣᠨᠴᠤᠳ ᠢᠷᠡᠭᠰᠡᠨ ᠦ᠌ ᠬᠣᠢᠨ᠎ᠠ ᠳᠡᠯᠭᠡᠭᠦᠷ ᠢ᠋ᠶ᠋ᠡᠨ ᠬᠠᠭᠠᠵᠤ᠂ ᠶᠡᠬᠡ ᠤᠳᠠᠭᠠᠨ ᠵᠢᠯ ᠠᠮᠧᠷᠢᠺᠠ ᠧᠦ᠋ᠷᠣᠫᠠ ᠪᠠᠷ ᠲᠡᠨᠦᠭᠦᠴᠢᠯᠡᠨ ᠲᠣᠭᠣᠷᠢᠵᠤ ᠶᠠᠪᠤᠭᠰᠠᠭᠠᠷ ᠪᠠᠢᠭᠠᠳ ᠬᠠᠮᠤᠭ ᠤ᠋ᠨ ᠡᠴᠦᠰ ᠲᠡᠭᠡᠨ ᠯᠣᠨᠳᠣᠨ ᠤ᠋ ᠨᠢᠭᠡᠨ ᠡᠮᠨᠡᠯᠭᠡ ᠶ᠋ᠢᠨ ᠬᠤᠷᠢᠶᠠᠨ᠎ᠠ ᠨᠠᠰᠤ ᠨᠥᠭᠴᠢᠵᠡᠢ᠃ ᠨᠠᠮᠠᠶ᠋ᠢ ᠠᠩᠬ᠎ᠠ ᠤᠳᠠᠭ᠎ᠠ ᠨᠢᠰᠬᠡᠯ ᠳ᠋ᠡᠭᠡᠨ ᠰᠠᠭᠤᠯᠭᠠᠨ ᠮᠣᠩᠭᠣᠯ ᠤ᠋ᠨ ᠠᠭᠠᠷ ᠳᠡᠭᠡᠭᠦᠷ ᠵᠤᠭᠠᠴᠠᠭᠤᠯᠤᠭᠰᠠᠨ ᠬᠠᠨᠨᠸᠰ ᠷᠠᠲᠶᠨ《 ᠡᠷᠬᠠᠷᠳ᠋ ᠤ᠋ᠨ ᠠᠯᠪᠠᠨ ᠭᠡᠷ 》ᠬᠡᠮᠡᠬᠦ ᠨᠡᠷᠡᠲᠡᠢ ᠨᠠᠽᠢᠰ ᠤ᠋ᠨ ᠬᠢᠲᠠᠳ ᠳᠠᠬᠢ ᠲᠠᠩᠨᠠᠭᠤᠯ ᠤ᠋ᠨ ᠪᠠᠢᠭᠤᠯᠤᠮᠴᠢ ᠳ᠋ᠤ᠌ ᠠᠵᠢᠯᠯᠠᠵᠤ ᠪᠠᠢᠯ᠎ᠠ ᠭᠡᠳᠡᠭ ᠨᠡᠷ᠎ᠡ ᠪᠡᠷ ᠱᠠᠩᠬᠠᠢ ᠳ᠋ᠠᠬᠢ ᠠᠮᠧᠷᠢᠺᠠ ᠶ᠋ᠢᠨ ᠲᠡᠢᠨ ᠦ᠌ ᠰᠢᠭᠦᠬᠦ ᠡᠴᠡ ᠬᠡᠳᠦᠨ ᠵᠢᠯ ᠭᠢᠨᠳᠠᠨ ᠳ᠋ᠤ᠌ ᠬᠣᠷᠢᠭᠳᠠᠬᠤ ᠶᠠᠯ᠎ᠠ ᠠᠪᠴᠠᠢ᠃ ᠮᠢᠨᠦ ᠦᠵᠡᠬᠦ ᠪᠡᠷ ᠲᠡᠷᠡ ᠵᠥᠪᠬᠡᠨ ᠵᠠᠪᠰᠢᠶᠠᠨ ᠭᠡᠮᠡᠨ ᠠᠰᠢᠭᠯᠠᠵᠤ ᠲᠡᠨᠳᠡ ᠬᠦᠷᠴᠦ ᠠᠵᠢᠯᠯᠠᠭᠰᠠᠨ ᠠ᠋ᠴᠠ ᠪᠢᠰᠢ᠂ ᠶᠠᠭ ᠦᠨᠡᠨ ᠰᠡᠳᠬᠢᠯ ᠡᠴᠡ ᠪᠡᠨ ᠲᠡᠳᠡᠨ ᠦ᠌ ᠲᠥᠯᠥᠭᠡ ᠭᠡᠮᠡᠨ ᠲᠡᠨᠳᠡ ᠬᠦᠷᠴᠦ ᠠᠵᠢᠯᠯᠠᠭᠰᠠᠨ ᠪᠢᠰᠢ ᠪᠠᠢᠬ᠎ᠠ ᠠ᠋᠃ ᠲᠡᠭᠦᠨ ᠦ᠌ ᠨᠢᠰᠬᠡᠯ ᠳ᠋ᠦ᠍ ᠲᠡᠷᠡ ᠦᠶ᠎ᠡ ᠳ᠋ᠦ᠍ ᠬᠣᠯᠪᠣᠭ᠎ᠠ ᠠᠪᠤᠭᠴᠢ ᠪᠠᠷ ᠪᠠᠢᠭᠰᠠᠨ ᠮᠠᠺᠰ ᠰᠫᠷᠢᠩᠸᠸᠢᠯᠸᠷ ᠡᠨᠡ ᠬᠣᠭᠣᠷᠣᠨᠳᠣ ᠨᠢᠰᠬᠡᠯᠴᠢ ᠶ᠋ᠢᠨ ᠰᠢᠯᠭᠠᠯᠲᠠ ᠶ᠋ᠢ ᠲᠤᠭᠤᠯᠵᠤ ᠭᠠᠷᠤᠭᠠᠳ ᠂ ᠣᠳᠣᠬᠠᠨ ᠳ᠋ᠤ᠌ ᠠᠮᠧᠷᠢᠺᠠ ᠶ᠋ᠢᠨ ᠨᠢᠭᠡ ᠱᠠᠰᠢᠨ ᠳᠡᠯᠭᠡᠷᠡᠭᠦᠯᠬᠦ ᠡᠪᠯᠡᠯ ᠦ᠋ᠨ ᠨᠢᠰᠬᠡᠯ ᠢ᠋ ᠵᠢᠯᠣᠭᠣᠳᠤᠨ ᠬᠢᠲᠠᠳ ᠤ᠋ᠨ ᠬᠦᠢᠰᠦ ᠨᠤᠲᠤᠭ ᠢ᠋ᠶ᠋ᠠᠷ ᠳᠠᠷᠬᠠᠨ ᠪᠠᠢᠭ᠎ᠠ ᠱᠠᠰᠢᠨ ᠳᠡᠯᠭᠡᠷᠡᠭᠦᠯᠬᠦ ᠥᠷᠲᠡᠭᠡ ᠨᠦ᠍ᠭᠦᠳ ᠦ᠋ᠨ ᠳᠤᠮᠳᠠ ᠠᠶᠠᠯᠠᠬᠤ ᠪᠣᠯᠵᠠᠢ᠃ 
       ᠮᠣᠩᠭᠣᠯ ᠨᠤᠲᠤᠭ ᠲᠠᠢ ᠲᠠᠨᠢᠯ ᠳᠠᠰᠤᠯ ᠪᠣᠯᠤᠭᠰᠠᠨ ᠪᠤᠶᠤ ᠨᠠᠳᠠ ᠯᠤᠭ᠎ᠠ ᠬᠠᠮᠲᠤ ᠰᠡᠷᠢᠭᠦᠬᠡᠨ ᠲᠠᠯ᠎ᠠ ᠨᠤᠲᠤᠭ ᠢ᠋ᠶ᠋ᠠᠷ ᠠᠶᠠᠯᠠᠨ ᠵᠤᠭᠠᠴᠠᠵᠤ ᠪᠠᠢᠭᠰᠠᠨ ᠨᠠᠢᠵᠠ ᠨᠠᠷ ᠪᠤᠶᠤ ᠲᠠᠨᠢᠯ ᠤ᠋ᠳ ᠪᠦᠬᠦᠨ ᠢ᠋ᠶ᠋ᠡᠷ ᠢ᠋ᠶ᠋ᠡᠨ ᠮᠣᠩᠭᠣᠯ ᠤ᠋ᠨ ᠰᠡᠭᠦᠯᠴᠢ ᠶ᠋ᠢᠨ ᠠᠷᠪᠠᠨ ᠵᠢᠯ ᠳ᠋ᠦ᠍ ᠪᠣᠯᠤᠭᠰᠠᠨ ᠡᠨᠡ ᠬᠦ᠌ ᠠᠵᠠ ᠪᠤᠰᠤ ᠤᠴᠠᠷᠠᠯ ᠳ᠋ᠤ᠌ ᠤᠴᠠᠷᠠᠭᠰᠠᠨ ᠪᠢᠰᠢ ᠳᠡ᠃ ᠠᠮᠵᠢᠯᠲᠠ ᠪᠦᠲᠦᠭᠡᠯ ᠲᠡᠢ ᠬᠥᠮᠦᠰ ᠦ᠋ᠨ ᠲᠣᠭ᠎ᠠ ᠨᠢ ᠲᠤᠩ ᠴᠥᠭᠡᠬᠡᠨ ᠪᠥᠭᠡᠳ ᠲᠡᠳᠡᠨ ᠦ᠌ ᠠᠵᠢᠯ ᠤ᠋ᠨ ᠦᠷ᠎ᠡ ᠪᠦᠲᠦᠭᠡᠯ ᠦ᠋ᠨ ᠬᠦᠷᠢᠶ᠎ᠡ ᠬᠡᠪᠴᠢᠶ᠎ᠡ ᠨᠢ ᠲᠠᠯ᠎ᠠ ᠨᠤᠲᠤᠭ ᠪᠤᠶᠤ ᠲᠡᠨᠳᠡ ᠠᠵᠤ ᠲᠥᠷᠥᠵᠦ ᠪᠠᠢᠭ᠎ᠠ ᠨᠡᠭᠦᠳᠡᠯᠴᠢᠨ ᠠᠷᠠᠳ ᠲᠦᠮᠡᠨ ᠲᠡᠢ ᠥᠴᠦᠬᠡᠨ ᠴᠦ᠍ ᠬᠠᠷᠢᠴᠠᠭ᠎ᠠ ᠦᠭᠡᠢ ᠠᠵᠢ᠃ ᠠᠩᠬ᠎ᠠ ᠤᠳᠠᠭᠠᠨ ᠤ᠋ ᠲᠠᠯ᠎ᠠ ᠨᠤᠲᠤᠭ ᠤ᠋ᠨ ᠠᠶᠠᠯᠠᠯ ᠳ᠋ᠤ᠌ ᠨᠠᠳᠠ ᠲᠠᠢ ᠴᠣᠭ ᠠᠶᠠᠯᠠᠭᠰᠠᠨ ᠵᠤᠨ ᠮᠠᠷᠺᠦᠸᠨ᠋ᠲ ᠡᠨᠡᠬᠡᠨ ᠬᠣᠭᠣᠷᠣᠨᠳᠣ ᠨᠢᠭᠡᠨᠲᠡ ᠠᠮᠧᠷᠢᠺᠠ ᠤᠯᠤᠰ ᠲᠠᠭᠠᠨ ᠨᠡᠷᠡᠲᠡᠢ ᠷᠣᠮᠠᠨ ᠤ᠋ ᠵᠣᠬᠢᠶᠠᠯᠴᠢ ᠶ᠋ᠢᠨ ᠨᠢᠭᠡ ᠨᠢ ᠪᠣᠯᠤᠭᠰᠠᠨ ᠪᠠᠢᠪᠠ᠃ ᠲᠡᠢᠨ ᠦ᠌ ᠬᠤᠭᠤᠴᠠᠭᠠᠨ ᠳ᠋ᠤ᠌ ᠪᠢ ᠲᠡᠭᠦᠨ ᠦ᠌ ᠨᠢᠦ᠋ ᠶᠣᠷᠺ ᠳᠠᠬᠢ ᠲᠠᠩᠰᠤᠭ ᠰᠠᠢᠬᠠᠨ ᠪᠠᠢᠷᠢ ᠳ᠋ᠤᠨᠢ ᠣᠯᠠᠨ ᠬᠡᠦᠬᠡᠳ ᠦ᠋ᠨ ᠬᠢᠨᠢ ᠳᠤᠮᠳᠠ ᠣᠴᠢᠵᠤ ᠠᠭᠤᠯᠵᠠᠭᠰᠠᠨ ᠶᠤᠮ᠃ ᠲᠡᠭᠦᠨ ᠦ᠌ ᠪᠦᠰᠡᠭᠦᠢ ᠨᠢ ᠪᠢᠳᠡᠨ ᠦ᠌ ᠶᠡᠷᠦ ᠪᠤᠰᠤ ᠤᠴᠠᠷᠠᠯ ᠤ᠋ᠳ ᠤ᠋ᠨ ᠲᠤᠬᠠᠢ ᠶᠠᠷᠢᠯᠴᠠᠭ᠎ᠠ ᠶ᠋ᠢ ᠴᠢᠩᠨᠠᠨ ᠪᠠᠶᠠᠷᠲᠠᠢ ᠪᠠᠷ ᠬᠣᠯᠢᠮᠠᠯ ᠠᠷᠢᠬᠢ ᠪᠡᠯᠡᠳᠴᠦ ᠪᠠᠢᠬᠤ ᠵᠠᠭᠤᠷ᠎ᠠ ᠪᠢᠳᠡ ᠬᠣᠶᠠᠷ ᠬᠠᠮᠲᠤ ᠪᠠᠷ ᠲᠡᠭᠦᠨ ᠦ᠌ ᠵᠢᠷᠤᠭ ᠤ᠋ᠨ ᠴᠣᠮᠣᠭ ᠢ᠋ ᠦᠵᠡᠵᠦ᠂ ᠥᠩᠭᠡᠷᠡᠭᠰᠡᠨ ᠬᠡᠷᠡᠭ ᠤᠴᠢᠷ ᠤ᠋ᠳ ᠢ᠋ᠶ᠋ᠠᠨ ᠳᠤᠷᠠᠳᠬᠠᠨ ᠪᠠᠢᠯ᠎ᠠ᠃ ᠮᠠᠷᠺᠦᠸᠨ᠋ᠲ ᠣᠳᠣ ᠪᠣᠯᠲᠠᠯ᠎ᠠ ᠪᠢᠳᠡᠨ ᠦ᠌ ᠠᠶᠠᠯᠠᠯ ᠤ᠋ᠨ ᠦᠶ᠎ᠡ ᠳ᠋ᠦ᠍ ᠴᠤᠭᠯᠠᠭᠤᠯᠤᠭᠰᠠᠨ ᠪᠣᠷᠣ  ᠮᠠᠲᠸᠷᠢᠶᠠᠯ ᠢ᠋ᠶ᠋ᠠᠨ ᠷᠣᠮᠠᠨ ᠳ᠋ᠠᠭᠠᠨ ᠠᠰᠢᠭᠯᠠᠭ᠎ᠠ ᠦᠭᠡᠢ ᠪᠠᠢᠬᠤ ᠪᠠᠷ ᠨᠢ ᠨᠢᠭᠡᠨ ᠡᠳᠦᠷ ᠪᠢ ᠲᠡᠭᠦᠨ ᠡᠴᠡ ᠰᠢᠯᠲᠠᠭᠠᠨ ᠢ᠋ ᠨᠢ ᠠᠰᠠᠭᠤᠬᠤ ᠳ᠋ᠤ᠌ ᠲᠡᠷᠡ᠄ 
       — ᠲᠡᠨᠳᠡᠬᠢ ᠪᠦᠬᠦ ᠬᠡᠷᠡᠭ ᠤᠴᠢᠷ ᠤ᠋ᠳ ᠨᠢ ᠨᠠᠳᠠ ᠳ᠋ᠤ᠌ ᠲᠡᠢᠮᠦ ᠲᠠᠨᠢᠯ ᠪᠤᠰᠤ ᠰᠠᠨᠠᠭᠳᠠᠬᠤ ᠮᠥᠷᠲᠡᠭᠡᠨ ᠰᠡᠳᠬᠢᠯ ᠵᠢᠷᠦᠬᠡ ᠶ᠋ᠢ ᠳᠣᠭᠳᠣᠯᠤᠭᠤᠯᠤᠮ᠎ᠠ᠂ ᠡᠴᠢᠨᠡᠭᠡᠨ ᠵᠢᠯ ᠢ᠋ ᠥᠩᠭᠡᠷᠡᠭᠦᠯᠦᠭᠡᠳ ᠪᠢ ᠪᠠᠰᠠ ᠥᠪᠡᠷ ᠦ᠋ᠨ ᠢ᠋ᠶ᠋ᠡᠨ ᠴᠢᠬᠤᠯᠠ ᠪᠦᠬᠦᠢ ᠣᠷᠣᠨ ᠵᠠᠢ ᠪᠠᠨ ᠣᠯᠵᠤ ᠴᠢᠳᠠᠬᠤ ᠦᠭᠡᠢ ᠪᠠᠢᠨ᠎ᠠ ᠰᠢᠦ ᠳᠡ᠃ ᠪᠢ ᠦᠷᠭᠦᠯᠵᠢ ᠲᠡᠮᠳᠡᠭᠯᠡᠭᠰᠡᠨ ᠵᠦᠢᠯᠡᠰ ᠢ᠋ᠶ᠋ᠡᠨ ᠡᠷᠭᠢᠭᠦᠯᠵᠦ ᠬᠠᠷᠠᠳᠠᠭ ᠪᠥᠭᠡᠳ ᠠᠯᠢ ᠨᠢᠭᠡᠨ ᠡᠳᠦᠷ ᠮᠣᠩᠭᠣᠯ ᠳ᠋ᠤ᠌ ᠠᠬᠢᠨ ᠨᠢᠭᠡ ᠤᠳᠠᠭ᠎ᠠ ᠠᠶᠠᠯᠠᠨ ᠲᠣᠭᠣᠷᠢᠬᠤ ᠶ᠋ᠢ ᠬᠦᠰᠡᠨ ᠮᠥᠷᠥᠭᠡᠳᠳᠡᠭ ᠶᠤᠮᠰᠠᠨ᠃ ᠭᠡᠬᠦ ᠳ᠋ᠦ᠍ ᠡᠨᠡ ᠨᠢ ᠵᠥᠪᠬᠡᠨ ᠬᠦᠰᠡᠯ ᠪᠣᠯᠤᠭᠠᠳ ᠯᠠ ᠦᠯᠡᠳᠡᠬᠦ ᠡᠴᠡ ᠠᠶᠤᠵᠤ ᠪᠠᠢᠨ᠎ᠠ ᠭᠡᠮᠡᠨ ᠵᠠᠢᠯᠠᠭᠤᠯᠤᠨ ᠶᠠᠷᠢᠭᠰᠠᠨ ᠪᠢᠯᠡ᠃ 
       ᠮᠣᠩᠭᠣᠯ ᠯᠤᠭ᠎ᠠ ᠬᠣᠯᠪᠣᠭ᠎ᠠ ᠪᠦᠬᠦᠢ ᠰᠸᠢᠰ ᠦ᠋ᠨ ᠨᠠᠢᠵᠠ ᠨᠠᠷ ᠮᠢᠨᠢ ᠨᠠᠮᠠᠶ᠋ᠢ ᠨᠤᠲᠤᠭ ᠲᠠᠭᠠᠨ ᠪᠤᠴᠠᠬᠤ ᠪᠠᠷ ᠪᠦᠷ ᠥᠴᠦᠬᠡᠨ ᠴᠦ᠍ ᠭᠤᠨᠢᠭ ᠭᠤᠲᠤᠷᠠᠯ ᠦᠭᠡᠢ ᠰᠠᠢᠬᠠᠨ ᠴᠠᠭ ᠮᠥᠴᠡ ᠪᠣᠯᠳᠠᠭ ᠰᠠᠨ᠃ ᠬᠠᠶᠠ ᠳ᠋ᠠᠭᠠᠨ ᠪᠢᠳᠡ ᠬᠠᠮᠲᠤ ᠪᠠᠷ ᠮᠢᠨᠦ ᠬᠢᠭᠰᠡᠨ ᠮᠣᠩᠭᠣᠯ ᠤ᠋ᠨ ᠹᠢᠯᠢᠮ ᠢ᠋ ᠬᠠᠷᠠᠵᠤ ᠰᠠᠭᠤᠬᠤ ᠳ᠋ᠠᠭᠠᠨ ᠡᠳᠡᠭᠡᠷ ᠵᠢᠷᠤᠭ ᠤ᠋ᠳ ᠵᠢᠴᠢ ᠲᠡᠨᠳᠡᠬᠢ ᠳᠤᠷᠠᠳᠬᠠᠯᠲᠤ ᠡᠳᠦᠷ ᠬᠣᠨᠣᠭ ᠲᠠᠭᠠᠨ ᠪᠠᠶᠠᠷᠯᠠᠨ ᠬᠥᠭᠰᠡᠵᠦ᠂ ᠲᠡᠷᠡ ᠦᠶ᠎ᠡ ᠶ᠋ᠢᠨ ᠵᠣᠯ ᠵᠢᠷᠭᠠᠯᠲᠤ ᠮᠥᠴᠡ ᠪᠡᠨ ᠣᠳᠣᠬᠢ ᠲᠠᠢ ᠬᠠᠷᠢᠴᠠᠭᠤᠯᠤᠨ ᠦᠵᠡᠬᠦ ᠳ᠋ᠦ᠍ ᠶᠠᠭ ᠯᠠ ᠬᠠᠷᠠᠩᠭᠤᠢᠯᠠᠭᠠᠳ ᠶᠠᠪᠤᠴᠢᠬᠠᠬᠤ ᠰᠢᠭ᠋ ᠪᠣᠯᠳᠠᠭ ᠪᠢᠯᠡ᠃ 
       ᠡᠨᠡ ᠬᠦ᠌ ᠰᠡᠭᠦᠯᠴᠢ ᠶ᠋ᠢᠨ ᠦᠭᠡ ᠶ᠋ᠢ ᠪᠢᠴᠢᠵᠦ ᠲᠡᠭᠦᠰᠦᠮᠡᠷ ᠪᠠᠢᠬᠤ ᠦᠶ᠎ᠡ ᠶ᠋ᠢᠨ ᠨᠢᠭᠡᠨ ᠡᠳᠦᠷ ᠮᠢᠨᠦ ᠬᠢᠲᠠᠳ ᠵᠠᠷᠤᠴᠠ ᠨᠢᠭᠤᠷ ᠲᠠᠭᠠᠨ ᠪᠠᠶᠠᠰᠤᠯ ᠲᠣᠭᠯᠠᠭᠤᠯᠤᠨ ᠣᠷᠣᠵᠤ ᠢᠷᠡᠭᠡᠳ᠄ 
       — ᠪᠣᠭᠳᠠ ᠯᠠᠮᠠ ᠠᠢᠯᠴᠢᠯᠠᠨ ᠬᠦᠷᠴᠦ ᠢᠷᠡᠯ᠎ᠡ ᠭᠡᠵᠦ ᠬᠡᠯᠡᠯ᠎ᠡ᠃  
       ᠬᠡᠴᠢᠨᠡᠭᠡᠨ ᠵᠢᠯ ᠴᠢᠮᠡᠭᠡ ᠦᠭᠡᠢ ᠪᠣᠯᠤᠭᠰᠠᠨ ᠪᠥᠭᠡᠳ ᠪᠢ ᠪᠦᠷ ᠳᠠᠷᠠᠭ᠎ᠠ ᠲᠥᠷᠥᠯ ᠦ᠋ᠨ ᠬᠤᠪᠢᠯᠭᠠᠨ ᠤ᠋ ᠬᠢᠨᠢ ᠲᠤᠬᠠᠢ ᠪᠣᠳᠣᠵᠤ ᠪᠠᠢᠭᠰᠠᠨ ᠠᠮᠢᠳᠤ ᠪᠤᠷᠬᠠᠨ ᠳ᠋ᠢᠯᠤ᠎ᠠ ᠬᠤᠲᠤᠭᠲᠤ ᠵᠣᠴᠢᠨ ᠤ᠋ ᠥᠷᠥᠭᠡᠨ ᠳ᠋ᠦ᠍ ᠬᠦᠯᠢᠶᠡᠵᠦ ᠪᠠᠢᠯ᠎ᠠ᠃ ᠠᠬ᠎ᠠ ᠳᠡᠭᠦᠦ ᠲᠡᠢ ᠪᠡᠨ ᠠᠭᠤᠯᠵᠠᠵᠤ ᠪᠠᠢᠭ᠎ᠠ ᠰᠢᠭ᠋ ᠨᠠᠮᠠᠶ᠋ᠢ ᠴᠢᠩᠭ᠎ᠠ ᠲᠡᠪᠡᠷᠢᠨ ᠠᠪᠴᠤ ᠠᠭᠤᠯᠵᠠᠭᠠᠳ ᠭᠠᠷ ᠠ᠋ᠴᠠ ᠮᠢᠨᠢ ᠪᠠᠷᠢᠭᠠᠳ ᠲᠣᠯᠣᠭᠠᠢ ᠶ᠋ᠢᠨ ᠣᠷᠣᠢ ᠠ᠋ᠴᠠ ᠬᠥᠯ ᠦ᠋ᠨ ᠤᠯᠠ ᠳ᠋ᠤ᠌ ᠮᠢᠨᠢ ᠬᠦᠷᠲᠡᠯ᠎ᠡ ᠠᠵᠢᠭᠯᠠᠵᠤ ᠠᠪᠤᠭᠠᠳ ᠰᠡᠳᠬᠢᠯ ᠳᠣᠭᠳᠣᠯᠤᠭᠰᠠᠨ ᠳᠠᠭᠤ ᠪᠠᠷ: 
       — ᠲᠠᠨ ᠲᠠᠢ ᠠᠬᠢᠨ ᠠᠭᠤᠯᠵᠠᠨ᠎ᠠ ᠭᠡᠳᠡᠭ ᠴᠢᠨᠢ ᠶᠠᠮᠠᠷ ᠰᠠᠢᠬᠠᠨ ᠪᠡᠯᠡᠭ ᠭᠡᠵᠦ ᠰᠠᠨᠠᠨ᠎ᠠ ᠭᠡᠯ᠎ᠡ᠃ ᠪᠢ ᠲᠡᠭᠦᠨ ᠢ᠋ ᠯᠠᠷᠰᠣᠨ ᠬᠦᠩ ᠦ᠋ᠨ ᠳ᠋ᠦ᠍ ᠰᠢᠷᠣᠢ ᠲᠣᠭᠣᠰᠣᠨ ᠳ᠋ᠤ᠌ ᠳᠠᠷᠤᠭᠳᠠᠨ ᠢᠷᠡᠵᠦ ᠨᠢᠭᠡ ᠬᠣᠨᠣᠭᠯᠠᠭᠰᠠᠨ ᠠ᠋ᠴᠠ ᠨᠠᠭᠠᠰᠢ ᠶᠡᠷᠦ ᠠᠭᠤᠯᠵᠠᠭ᠎ᠠ ᠦᠭᠡᠢ᠃ ᠣᠳᠣ ᠲᠡᠭᠡᠭᠡᠳ ᠲᠡᠷᠡ ᠨᠠᠳᠠ ᠳ᠋ᠤ᠌ ᠶᠠᠫᠣᠨᠴᠤᠳ ᠠ᠋ᠴᠠ ᠳᠤᠲᠠᠭᠠᠭᠰᠠᠨ ᠠᠶᠤᠮᠰᠢᠭᠲᠤ ᠥᠩᠭᠡᠷᠡᠯᠲᠡ ᠪᠣᠯᠤᠨ ᠪᠦᠬᠦ ᠠᠽᠢᠶ᠎ᠠ ᠲᠤᠭᠤᠯᠤᠨ ᠠᠶᠠᠯᠠᠭᠰᠠᠨ ᠬᠦᠴᠢᠷ ᠪᠡᠷᠬᠡᠰᠢᠶᠡᠯ ᠲᠡᠢ ᠠᠶᠠᠯᠠᠯ ᠤ᠋ᠨ ᠲᠤᠬᠠᠢ ᠪᠠᠨ ᠶᠠᠷᠢᠵᠢ ᠪᠢᠯᠡ᠃ ᠬᠢᠲᠠᠳ ᠮᠠᠶᠢᠭ ᠢ᠋ᠶ᠋ᠠᠷ ᠬᠤᠪᠴᠠᠯᠠᠵᠤ᠂ ᠧᠦ᠋ᠷᠣᠫᠠ ᠶ᠋ᠢᠨ ᠮᠠᠯᠠᠭᠠᠢ ᠳᠤᠬᠤ ᠳ᠋ᠠᠭᠠᠨ ᠲᠠᠯᠪᠢᠭᠠᠳ ᠨᠢᠳᠦᠨ ᠦ᠌ ᠬᠠᠷ᠎ᠠ ᠰᠢᠯ ᠵᠡᠭᠦᠭᠰᠡᠨ ᠦ᠌ ᠠᠴᠢ ᠪᠠᠷ ᠱᠠᠩᠬᠠᠢ᠂ ᠰᠢᠶᠠᠩᠭᠠᠩ ᠳᠠᠮᠵᠢᠨ ᠲᠡᠷᠡ ᠦᠶ᠎ᠡ ᠶ᠋ᠢᠨ ᠢᠷᠭᠡᠨ ᠤᠯᠤᠰ ᠤ᠋ᠨ ᠨᠡᠢᠰᠯᠡᠯ ᠴᠦᠩᠴᠢᠩ ᠳ᠋ᠦ᠍ ᠬᠦᠷᠴᠡᠢ᠃ ᠮᠥᠨ ᠲᠡᠨᠳᠡ ᠡᠴᠡ ᠴᠠᠭᠠᠰᠢ ᠪᠠᠨ ᠲᠥᠪᠡᠳ ᠬᠦᠷᠬᠦ ᠪᠡᠷ ᠲᠥᠯᠥᠪᠯᠡᠨ ᠪᠣᠳᠣᠵᠤ ᠪᠠᠢᠭᠰᠠᠨ ᠴᠤ᠌ ᠬᠢᠲᠠᠳ ᠤ᠋ᠨ ᠠᠯᠪᠠᠨ ᠪᠠᠢᠭᠤᠯᠭ᠎ᠠ ᠶ᠋ᠢᠨ ᠬᠢᠨ ᠡᠨᠡ ᠬᠦ᠌ ᠡᠵᠡᠯᠡᠭᠳᠡᠭᠰᠡᠨ ᠣᠷᠣᠨ ᠠ᠋ᠴᠠ ᠬᠦᠷᠴᠦ ᠢᠷᠡᠭᠰᠡᠨ ᠯᠠᠮᠠ ᠶ᠋ᠢᠨ ᠱᠠᠰᠢᠨ ᠤ᠋ ᠬᠡᠷᠭᠡᠮᠲᠡᠨ ᠢ᠋ ᠢᠲᠡᠭᠡᠬᠦ ᠦᠭᠡᠢ ᠰᠡᠵᠢᠭᠯᠡᠵᠦ᠂ ᠵᠠᠰᠠᠭ ᠤ᠋ᠨ ᠣᠷᠳᠣᠨ ᠳ᠋ᠠᠭᠠᠨ ᠭᠡᠢᠴᠢᠨ ᠢ᠋ᠶ᠋ᠡᠷ ᠤᠷᠢᠨ ᠠᠪᠠᠴᠢᠭᠠᠳ ᠲᠡᠢᠨ ᠳᠠᠭᠤᠰᠬᠤ ᠶ᠋ᠢ ᠬᠦᠯᠢᠶᠡᠵᠡᠢ᠃ ᠬᠢᠲᠠᠳ ᠤ᠋ᠨ ᠪᠠᠢᠴᠠᠭᠠᠨ ᠠᠵᠢᠭᠯᠠᠬᠤ ᠴᠠᠭ ᠨᠢ ᠥᠩᠭᠡᠷᠡᠬᠦ ᠶ᠋ᠢ ᠳᠠᠭᠠᠯᠳᠤᠨ ᠲᠡᠷᠡ ᠪᠠᠷᠠᠭᠤᠨᠰᠢᠯᠠᠬᠤ ᠵᠠᠮ ᠳ᠋ᠠᠭᠠᠨ ᠣᠷᠣᠵᠤ ᠬᠥᠬᠡᠨᠠᠭᠤᠷ ᠲᠤ᠌ ᠪᠠᠢᠭ᠎ᠠ ᠭᠦᠮᠪᠦᠮ ᠬᠡᠢᠳ ᠲᠦ᠍ ᠬᠦᠷᠴᠡᠢ᠃ ᠮᠥᠨ ᠲᠡᠨᠳᠡ ᠡᠴᠡ ᠥᠪᠡᠷ ᠦ᠋ᠨ ᠰᠦᠰᠦᠭᠲᠡᠨ ᠵᠢᠴᠢ ᠳᠠᠭᠠᠭᠰᠠᠳ ᠢ᠋ᠶ᠋ᠠᠨ ᠳᠠᠭᠠᠭᠤᠯᠤᠨ ᡀᠠᠰᠠ ᠬᠦᠷᠲᠡᠯ᠎ᠡ ᠠᠶᠠᠯᠠᠭᠰᠠᠨ ᠪᠥᠭᠡᠳ ᠲᠡᠨᠳᠡ ᠲᠥᠪᠡᠳ ᠦ᠋ᠳ ᠲᠡᠭᠦᠨ ᠳ᠋ᠦ᠍ ᠥᠨᠳᠥᠷ ᠵᠡᠷᠭᠡ ᠬᠡᠷᠬᠡᠮ ᠦᠭᠭᠦᠨ᠎ᠡ ᠭᠡᠰᠡᠨ ᠴᠦ᠍ ᠲᠡᠷᠡ ᠮᠣᠩᠭᠣᠯ ᠳ᠋ᠠᠭᠠᠨ ᠪᠤᠴᠠᠬᠤ ᠶ᠋ᠢ ᠬᠦᠰᠡᠵᠦ ᠪᠠᠢᠭᠰᠠᠨ ᠪᠣᠯᠬᠣᠷ ᠲᠠᠲᠠᠭᠠᠯᠵᠠᠵᠠᠢ᠃ ᠡᠢᠮᠦ ᠨᠠᠰᠤ ᠥᠨᠳᠥᠷ ᠪᠣᠯᠤᠭᠰᠠᠨ ᠠᠲᠠᠯ᠎ᠠ ᠪᠠᠨ ᠲᠥᠪᠡᠳ ᠦ᠋ᠨ ᠴᠠᠰᠤ ᠮᠥᠰᠥᠨ ᠳ᠋ᠦ᠍ ᠬᠤᠴᠢᠭᠳᠠᠭᠰᠠᠨ ᠥᠨᠳᠥᠷᠯᠢᠭ ᠲᠦ᠍ ᠠᠶᠠᠯᠠᠯ ᠢ᠋ᠶ᠋ᠠᠨ ᠡᠬᠢᠯᠡᠭᠦᠯᠦᠭᠡᠳ ᠡᠨᠡᠳᠬᠡᠭ ᠦ᠋ᠨ ᠳ᠋ᠠᠷᠵᠠᠢᠯᠢᠩ ᠬᠦᠷᠦᠭᠰᠡᠨ ᠪᠥᠭᠡᠳ ᠺᠡᠯᠺᠦᠲᠨ ᠡᠴᠡ ᠣᠩᠭᠣᠴᠠ ᠪᠠᠷ ᠬᠢᠲᠠᠳ ᠲᠤ᠌ ᠬᠦᠷᠴᠦ ᠢᠷᠡᠵᠡᠢ᠃ ᠲᠡᠷᠡ ᠮᠣᠩᠭᠣᠯ ᠨᠤᠲᠤᠭ ᠠ᠋ᠴᠠ ᠬᠦᠷᠦᠯᠴᠡᠨ ᠢᠷᠡᠭᠰᠡᠨ ᠲᠡᠭᠦᠨ ᠤ ᠢᠳᠡᠭᠡᠯᠲᠡᠨ ᠰᠦᠵᠢᠭᠲᠡᠨ ᠨᠠᠷ ᠲᠠᠢ ᠪᠠᠨ ᠪᠡᠭᠡᠵᠢᠩ ᠳ᠋ᠦ᠍ ᠮᠣᠩᠭᠣᠯ ᠤ᠋ᠨ ᠲᠤᠬᠠᠢ ᠶᠠᠷᠢᠯᠴᠠᠬᠤ ᠳ᠋ᠤ᠌ ᠬᠥᠮᠦᠰ ᠲᠦ᠍ ᠤᠷᠮ᠎ᠠ ᠵᠣᠷᠢᠭ ᠣᠷᠣᠭᠤᠯᠬᠤ ᠴᠢᠮᠡᠭᠡ ᠶᠡᠷᠦ ᠳ᠋ᠡᠭᠡᠨ ᠠᠯᠠᠭ᠎ᠠ ᠠᠵᠢ᠃ ᠳ᠋ᠢᠯᠦ᠎ᠠ ᠬᠤᠲᠤᠭᠲᠤ ᠣᠷᠣᠰᠴᠤᠳ ᠤ᠋ᠨ ᠯᠠᠮᠠ ᠶ᠋ᠢᠨ ᠱᠠᠰᠢᠨ ᠳ᠋ᠤ᠌ ᠬᠠᠨᠳᠤᠬᠤ ᠦᠵᠡᠯ ᠪᠣᠳᠣᠯᠭ᠎ᠠ ᠶ᠋ᠢ ᠨᠢ ᠮᠡᠳᠡᠳᠡᠭ ᠪᠥᠭᠡᠳ ᠣᠷᠣᠰ ᠤ᠋ᠨ ᠤᠯᠠᠭᠠᠨ ᠠᠷᠮᠢ ᠶᠡᠬᠡ ᠬᠦᠷᠢᠶ᠎ᠡ ᠳ᠋ᠦ᠍ ᠬᠦᠷᠴᠦ ᠢᠷᠡᠬᠦ ᠪᠡᠷ ᠨᠢ ᠬᠠᠯᠬ᠎ᠠ ᠠ᠋ᠴᠠ ᠳᠥᠷᠪᠡᠨ ᠵᠠᠢᠯᠠᠭᠰᠠᠨ ᠥᠩᠭᠡᠷᠡᠯᠲᠡ ᠲᠡᠢ ᠶᠦᠮ᠃ ᠡᠳᠦᠭᠡ ᠲᠡᠷᠡ ᠲᠥᠪᠡᠳ ᠦ᠋ᠨ ᠶᠠᠮᠠᠷ ᠨᠢᠭᠡᠨ ᠰᠦᠮ᠎ᠡ ᠬᠡᠢᠳ ᠲᠦ᠍ ᠬᠦᠷᠴᠦ᠂ ᠳᠠᠷᠠᠭᠠᠴᠢ ᠶ᠋ᠢᠨ ᠬᠤᠪᠢᠯᠭᠠᠨ ᠲᠣᠳᠣᠷᠠᠬᠤ ᠪᠣᠯᠲᠠᠯ᠎ᠠ ᠲᠡᠨᠳᠡ ᠪᠡᠨ ᠠᠮᠢᠳᠤᠷᠠᠬᠤ ᠪᠠᠷ ᠵᠣᠷᠢᠭ ᠰᠢᠭᠤᠳᠤᠭᠠᠳ ᠪᠠᠢᠭ᠎ᠠ ᠶᠤᠮ ᠭᠡᠨ᠎ᠡ᠃ 
       ᠲᠡᠭᠦᠨ ᠢ᠋ ᠬᠠᠮᠤᠭ ᠤ᠋ᠨ ᠰᠡᠭᠦᠯᠴᠢ ᠶ᠋ᠢᠨ ᠤᠳᠠᠭ᠎ᠠ ᠨᠠᠳᠠ ᠳᠡᠭᠡᠷ᠎ᠡ ᠠᠢᠯᠴᠢᠯᠠᠨ ᠬᠦᠷᠴᠦ ᠢᠷᠡᠬᠦ ᠳ᠋ᠦ᠍ ᠪᠢᠳᠡ ᠬᠣᠶᠠᠭᠤᠯᠠ ᠪᠠᠨ ᠡᠨᠡ ᠪᠣᠯ ᠡᠴᠦᠰ ᠦ᠋ᠨ ᠦ᠌ ᠰᠠᠯᠤᠯᠲᠠ ᠭᠡᠳᠡᠭ ᠢ᠋ ᠮᠡᠳᠡᠵᠦ ᠪᠠᠢᠯ᠎ᠠ᠃ ᠬᠠᠭᠠᠯᠭᠠᠨ ᠤ᠋ ᠳᠣᠣᠷ᠎ᠠ ᠲᠡᠷᠡ ᠨᠠᠳᠠ ᠳ᠋ᠤ᠌ ᠠᠵᠠ ᠵᠢᠷᠭᠠᠯ ᠤ᠋ᠨ ᠬᠦᠴᠦᠨ ᠣᠯᠭᠣᠬᠤ ᠪᠠᠷ ᠬᠣᠶᠠᠷ ᠭᠠᠷ ᠢ᠋ᠶ᠋ᠠᠨ ᠤᠳᠠᠭᠠᠨ ᠭᠡᠭᠴᠢ ᠡᠷᠭᠦᠭᠰᠡᠨ ᠪᠥᠭᠡᠳ ᠳᠠᠷᠠᠭ᠎ᠠ ᠨᠢ ᠲᠥᠪ ᠶᠡᠬᠡᠮᠰᠦᠭ ᠢ᠋ᠶ᠋ᠡᠷ ᠮᠡᠬᠦᠢᠨ ᠶᠣᠰᠣᠯᠠᠭᠠᠳ ᠪᠠᠶᠠᠷᠲᠠᠢ ᠪᠠᠷ: 
       — ᠠᠮᠤᠷᠬᠠᠨ ᠰᠠᠢᠨ! ᠠᠮᠤᠷᠬᠠᠨ ᠰᠠᠢᠨ! ᠭᠡᠵᠦ ᠬᠡᠯᠡᠭᠡᠳ ᠠᠶᠠᠷᠯᠠᠯ᠎ᠠ᠃ 
       ᠮᠥᠨ ᠲᠡᠭᠦᠨ ᠦ᠌ ᠬᠣᠯᠠᠳᠤᠨ ᠣᠳᠬᠤ ᠶ᠋ᠢ ᠳᠠᠭᠠᠯᠳᠤᠨ ᠰᠦᠷᠯᠢᠭ ᠰᠠᠢᠬᠠᠨ ᠰᠡᠷᠢᠭᠦᠬᠡᠨ ᠲᠠᠯ᠎ᠠ ᠨᠤᠲᠤᠭ ᠢ᠋ ᠨᠠᠳᠠ ᠲᠠᠢ ᠬᠣᠯᠪᠣᠨ ᠪᠠᠢᠭᠰᠠᠨ ᠬᠠᠮᠤᠭ ᠤ᠋ᠨ ᠰᠡᠭᠦᠯᠴᠢ ᠶ᠋ᠢᠨ ᠨᠢᠭᠡᠨ ᠰᠢᠷᠬᠡᠭ ᠤᠲᠠᠰᠤ ᠴᠤ᠌ ᠲᠠᠰᠤᠷᠠᠭᠰᠠᠨ ᠪᠢᠯᠡ᠃