ᠶᠢᠷᠲᠢᠨᠴᠦ ᠡᠭᠦᠳᠬᠦᠢ - ᠸᠠᠴᠢᠷᠪᠠᠲᠦ ᠶ᠋ᠢᠨ ᠳᠠᠰᠢᠪᠠᠯᠪᠠᠷ Ертөнц үүдэхүй - Очирбатын Дашбалбар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠢᠷᠲᠢᠨᠴᠦ ᠡᠭᠦᠳᠬᠦᠢ - ᠸᠠᠴᠢᠷᠪᠠᠲᠦ ᠶ᠋ᠢᠨ ᠳᠠᠰᠢᠪᠠᠯᠪᠠᠷ Ертөнц үүдэхүй - Очирбатын Дашбалбар

ᠶᠢᠷᠲᠢᠨᠴᠦ ᠡᠭᠦᠳᠬᠦᠢ - ᠸᠠᠴᠢᠷᠪᠠᠲᠦ ᠶ᠋ᠢᠨ ᠳᠠᠰᠢᠪᠠᠯᠪᠠᠷ Ертөнц үүдэхүй - Очирбатын Дашбалбар

2024-10-04

809

ᠶᠢᠷᠲᠢᠨᠴᠦ ᠡᠭᠦᠳᠬᠦᠢ


 ᠴᠢᠮ᠎ᠠ ᠠ᠋ᠴᠠ ᠦᠯᠦ ᠰᠢᠯᠲᠠᠭᠠᠯᠠᠨ ᠪᠦᠬᠦ ᠶᠠᠭᠤᠮ᠎ᠠ ᠣᠷᠣᠰᠢᠨ ᠪᠣᠢ 
 ᠴᠠᠭᠠᠳᠤ ᠨᠢᠭᠤᠴᠠ ᠪᠠᠨ ᠬᠠᠳᠠᠭᠠᠯᠠᠨ ᠰᠠᠨᠰᠠᠷ ᠤ᠋ᠨ ᠵᠣᠪᠠᠯᠠᠩ ᠡᠳ᠋ᠯᠡᠵᠦ ᠪᠣᠢ 
 ᠴᠢᠰ ᠬᠢᠲᠡᠯ᠎ᠡ ᠬᠡᠦᠬᠡᠳ ᠣᠷᠢᠯᠠᠬᠤ ᠳ᠋ᠤ᠌ ᠴᠢᠨᠦ ᠰᠡᠳᠬᠢᠯ ᠡᠪᠡᠳᠳᠡᠭ ᠤᠤ 
 ᠴᠢᠩᠭ᠎ᠠ ᠠᠳᠬᠤᠭᠰᠠᠨ ᠴᠢᠯᠠᠭᠤ ᠪᠠᠨ ᠣᠷᠬᠢᠵᠤ ᠭᠦᠶᠦᠳᠡᠭ ᠤᠤ 
 ᠴᠢᠮ᠎ᠠ ᠠ᠋ᠴᠠ ᠦᠯᠦ ᠰᠢᠯᠲᠠᠭᠠᠯᠠᠨ ᠪᠦᠬᠦ ᠶᠠᠭᠤᠮ᠎ᠠ ᠣᠷᠣᠰᠢᠨ ᠪᠣᠢ  

 ᠨᠣᠮ ᠤ᠋ᠨ ᠣᠷᠴᠢᠯᠠᠩ ᠬᠡᠢ ᠶᠦᠮ ᠤᠤ ᠪᠣᠳᠠᠲᠠᠢ ᠶᠤᠮ ᠤᠤ ᠴᠢ ᠮᠡᠳᠡᠬᠦ ᠦᠭᠡᠢ 
 ᠨᠣᠭᠣᠭᠠᠨ ᠨᠤᠭᠤ ᠳ᠋ᠤ᠌ ᠴᠠᠭᠠᠨ ᠮᠣᠷᠢ ᠰᠡᠭᠦᠯ ᠢ᠋ᠶ᠋ᠡᠨ ᠰᠢᠷᠪᠠᠨ ᠢᠳᠡᠰᠢᠯᠡᠨ᠎ᠡ 
 ᠨᠣᠬᠠᠢ ᠳᠡᠷᠭᠡᠳᠡᠭᠦᠷ ᠭᠦᠶᠦᠭᠡᠳ ᠥᠩᠭᠡᠷᠡᠬᠦ ᠳ᠋ᠦ᠍ ᠨᠢᠷᠤᠭᠤ ᠤᠷᠤᠭᠤ ᠵᠢᠷᠢᠰᠬᠢᠨ᠎ᠡ 
 ᠨᠢᠳᠤᠨᠤᠨ ᠪᠣᠯᠤᠨ ᠡᠨᠡ ᠵᠢᠯ ᠦ᠋ᠨ ᠬᠣᠭᠣᠷᠣᠨᠳᠣ ᠴᠢ ᠪᠢᠳᠡ ᠬᠠᠪᠴᠢᠭᠤᠯᠤᠭᠳᠠᠵᠠᠢ 
 ᠨᠣᠮ ᠤ᠋ᠨ ᠣᠷᠴᠢᠯᠠᠩ ᠬᠡᠢ ᠶᠦᠮ ᠤᠤ ᠪᠣᠳᠠᠲᠠᠢ ᠶᠤᠮ ᠤᠤ ᠪᠢ ᠮᠡᠳᠡᠬᠦ ᠦᠭᠡᠢ  

 ᠨᠠᠳᠠ ᠠ᠋ᠴᠠ ᠦᠯᠦ ᠰᠢᠯᠲᠠᠭᠠᠯᠠᠨ ᠪᠦᠬᠦ ᠶᠠᠭᠤᠮ᠎ᠠ ᠮᠥᠬᠥᠵᠦ ᠪᠣᠢ 
 ᠨᠠᠮᠤᠷ ᠤ᠋ᠨ ᠨᠠᠪᠴᠢᠰ ᠬᠡᠢᠰᠦᠨ ᠬᠠᠭᠠᠴᠠᠨ ᠣᠳᠬᠤᠢ ᠪᠠᠷ ᠰᠡᠷᠴᠢᠭᠢᠨᠡᠵᠦ 
 ᠨᠠᠷᠠᠨ ᠬᠣᠷᠸ᠎ᠠ ᠳ᠋ᠤ᠌ ᠲᠡᠭᠦᠷᠳᠡᠭᠰᠡᠨ ᠡᠪᠦᠭᠡᠨ ᠳᠡᠷᠡᠰᠦᠨ ᠦ᠌ ᠨᠥᠮᠥᠷᠢ ᠳ᠋ᠦ᠍ ᠠᠮᠠᠷᠠᠨ᠎ᠠ 
 ᠨᠠᠰᠤ ᠭᠡᠳᠡᠭ ᠨᠢ ᠰᠠᠯᠬᠢ ᠶᠤᠮ ᠤᠤ ᠬᠡᠢᠰᠦᠨ ᠠᠷᠢᠯᠵᠠᠢ ᠬᠡᠳᠦᠢᠨᠡᠢ᠁ 
 ᠨᠠᠳᠠ ᠠ᠋ᠴᠠ ᠦᠯᠦ ᠰᠢᠯᠲᠠᠭᠠᠯᠠᠨ ᠪᠦᠬᠦ ᠶᠠᠭᠤᠮ᠎ᠠ ᠮᠥᠬᠥᠵᠦ ᠪᠣᠢ  

 ᠲᠩᠷᠢ ᠡᠴᠡ ᠦᠯᠦ ᠰᠢᠯᠲᠠᠭᠠᠯᠠᠨ ᠪᠦᠬᠦ ᠶᠠᠭᠤᠮ᠎ᠠ ᠣᠷᠴᠢᠯᠳᠤᠵᠤ ᠪᠣᠢ 
 ᠲᠡᠷᠭᠡᠯ ᠰᠠᠷᠠᠨ ᠤᠷᠭᠤᠬᠤ ᠴᠠᠭ ᠲᠤ᠌ ᠬᠥᠨᠳᠡᠢ ᠲᠠᠯ᠎ᠠ ᠳ᠋ᠤ᠌ ᠭᠣᠣᠯ ᠤ᠋ᠳ ᠮᠥᠩᠭᠥᠷᠡᠵᠦ 
 ᠲᠡᠨᠳᠡ ᠬᠠᠳᠠᠨ ᠤ᠋ ᠢᠷᠣᠭᠠᠷ ᠨᠢᠭᠡ ᠴᠡᠴᠡᠭ ᠳᠡᠯᠪᠡᠭᠡ ᠪᠡᠨ ᠵᠠᠳᠠᠯᠤᠨ ᠴᠢᠴᠢᠭᠡᠨᠡᠨ᠎ᠡ 
 ᠲᠡᠮᠡᠭᠡ ᠪᠤᠢᠯᠠᠬᠤ ᠳ᠋ᠤ᠌ ᠲᠤᠯᠤᠭᠤᠳ ᠤ᠋ᠨ ᠳᠤᠮᠳᠠ ᠨᠣᠭᠣᠭᠠᠨ ᠰᠢᠷ᠎ᠠ ᠳᠣᠯᠭᠢᠶᠠᠨ ᠡᠭᠦᠰᠴᠦ 
 ᠲᠩᠷᠢ ᠡᠴᠡ ᠦᠯᠦ ᠰᠢᠯᠲᠠᠭᠠᠯᠠᠨ ᠪᠦᠬᠦ ᠶᠠᠭᠤᠮ᠎ᠠ ᠣᠷᠴᠢᠯᠳᠤᠵᠤ ᠪᠣᠢ  

 ᠬᠡᠨ ᠡᠴᠡ ᠴᠦ᠍ ᠦᠯᠦ ᠰᠢᠯᠲᠠᠭᠠᠯᠠᠨ ᠬᠠᠮᠤᠭ ᠶᠠᠭᠤᠮ᠎ᠠ ᠰᠦᠯᠡᠯᠡᠳᠦᠵᠦ᠍ ᠪᠣᠢ 
 ᠬᠡᠷᠢᠶ᠎ᠡ ᠦᠬᠦᠭᠰᠡᠨ ᠤᠬᠤᠨ᠎ᠠ ᠶ᠋ᠢᠨ ᠨᠢᠳᠦ ᠲᠣᠩᠰᠢᠬᠤ ᠳ᠋ᠠᠭᠠᠨ ᠨᠢᠭᠡ ᠣᠳᠣ ᠵᠠᠯᠭᠢᠵᠤ ᠪᠣᠢ 
 ᠬᠡᠭᠡᠷ᠎ᠡ ᠶ᠋ᠢᠨ ᠴᠡᠴᠡᠭ ᠲᠡᠭᠦᠬᠦ ᠳ᠋ᠦ᠍ ᠰᠥᠨᠢ ᠳᠤᠮᠳᠠ ᠵᠡᠭᠦᠳᠦᠯᠡᠳᠡᠭ ᠡᠪᠡᠳᠴᠢᠨ ᠲᠡᠢ ᠪᠣᠯᠬᠤ ᠪᠣᠢ 
 ᠬᠡᠪᠡᠷᠡᠭᠬᠡᠨ ᠡᠷᠪᠡᠬᠡᠢ ᠴᠢᠯᠠᠭᠤᠨ ᠤ᠋ ᠬᠡ ᠪᠣᠯᠵᠤ ᠰᠠᠶ᠎ᠠ ᠰᠠᠶ᠎ᠠ ᠵᠢᠯ ᠢ᠋ ᠲᠤᠭᠤᠯᠬᠤ ᠪᠣᠢ 
 ᠬᠡᠨ ᠡᠴᠡ ᠴᠦ᠍ ᠦᠯᠦ ᠰᠢᠯᠲᠠᠭᠠᠯᠠᠨ ᠬᠠᠮᠤᠭ ᠶᠠᠭᠤᠮ᠎ᠠ ᠰᠦᠯᠡᠯᠳᠦᠵᠦ ᠪᠣᠢ  

 ᠪᠢᠳᠡᠨ ᠡᠴᠡ ᠦᠯᠦ ᠰᠢᠯᠲᠠᠭᠠᠯᠠᠨ ᠬᠠᠮᠤᠭ ᠶᠠᠭᠤᠮ᠎ᠠ ᠡᠪᠳᠡᠷᠡᠵᠦ ᠪᠣᠢ 
 ᠪᠡᠭᠡᠷᠡᠭᠰᠡᠨ ᠲᠠᠭᠲᠠᠭ᠎ᠠ ᠶ᠋ᠢ ᠬᠦᠢᠲᠡᠨ ᠬᠣᠰᠢᠭᠤ ᠪᠠᠷ ᠰᠠᠯᠬᠢ ᠲᠠᠭᠠᠯᠠᠨ᠎ᠠ 
 ᠪᠡᠯᠪᠡᠰᠦᠨ ᠠᠪᠠᠭᠠᠢ ᠶ᠋ᠢ ᠬᠥᠨᠥᠭᠡᠯᠲᠦ ᠲᠤᠶᠠᠭ᠎ᠠ ᠪᠠᠷ ᠢ᠋ᠶ᠋ᠠᠨ ᠰᠠᠷᠠ ᠯᠠ ᠦᠯᠢᠶᠡᠨ᠎ᠡ 
 ᠪᠡᠷᠢ ᠴᠡᠴᠡᠭ ᠢ᠋ ᠬᠥᠭᠰᠢᠨ ᠦᠨᠢᠶ᠎ᠡ ᠬᠡᠪᠢᠵᠦ ᠣᠷᠬᠢᠨ᠎ᠠ 
 ᠪᠢᠳᠡᠨ ᠡᠴᠡ ᠦᠯᠦ ᠰᠢᠯᠲᠠᠭᠠᠯᠠᠨ ᠬᠠᠮᠤᠭ ᠶᠠᠭᠤᠮ᠎ᠠ ᠡᠪᠳᠡᠷᠡᠵᠦ ᠪᠣᠢ  

 ᠬᠥᠮᠦᠨ ᠡᠴᠡ ᠦᠯᠦ ᠰᠢᠯᠲᠠᠭᠠᠯᠠᠨ ᠣᠷᠴᠢᠯᠠᠩ ᠶᠢᠷᠲᠢᠨᠴᠦ ᠡᠭᠦᠳᠴᠦ ᠪᠣᠢ 
 ᠬᠦᠰᠡᠪᠡᠴᠦ ᠡᠰᠡ ᠬᠦᠰᠡᠪᠡᠴᠦ ᠲᠩᠷᠢ ᠰᠠᠭᠠᠷᠠᠯᠳᠤᠵᠤ ᠮᠣᠭᠠᠢ ᠭᠤᠤᠵᠢᠵᠤ ᠪᠣᠢ 
 ᠬᠦᠢᠯᠡᠨ ᠬᠣᠷᠸ᠎ᠠ ᠳ᠋ᠤ᠌ ᠮᠡᠯᠡᠬᠡᠢ ᠭᠤᠸᠠᠭᠯᠠᠵᠤ ᠵᠢᠭᠠᠰᠤ ᠳᠦᠷᠰᠦ ᠪᠡᠨ ᠰᠢᠬᠠᠵᠤ ᠪᠣᠢ 
 ᠬᠦᠢᠲᠡᠨ ᠰᠥᠨᠢ ᠪᠡᠷ ᠣᠳᠣᠳ ᠳᠡᠯᠪᠡᠷᠡᠵᠦ ᠭᠠᠯᠲᠤ ᠰᠢᠭᠤᠷᠭ᠎ᠠ ᠣᠷᠴᠢᠯᠠᠩ ᠳ᠋ᠤ᠌ ᠵᠠᠮᠬᠠᠷᠠᠵᠤ ᠪᠣᠢ
 ᠬᠥᠮᠦᠨ ᠡᠴᠡ ᠦᠯᠦ ᠰᠢᠯᠲᠠᠭᠠᠯᠠᠨ ᠣᠷᠴᠢᠯᠠᠩ ᠶᠢᠷᠲᠢᠨᠴᠦ ᠡᠭᠦᠳᠴᠦ ᠪᠣᠢ᠃