ᠢᠨᠵᠠᠨᠨᠠᠰᠢ - ᠸᠠᠴᠢᠷᠪᠠᠲᠦ ᠶ᠋ᠢᠨ ᠳᠠᠰᠢᠪᠠᠯᠪᠠᠷ Инжинаш - Очирбатын Дашбалбар
ᠢᠨᠵᠠᠨᠨᠠᠰᠢ
ᠰᠠᠷᠠᠨ ᠤ᠋ ᠳᠣᠣᠷ᠎ᠠ ᠬᠠᠮᠢᠭᠠᠰᠢ ᠪᠠᠨ ᠶᠠᠪᠤᠭᠰᠠᠨ ᠶᠤᠮ ᠪᠣᠯ ᠳᠠ?
ᠲᠡᠭᠦᠨ ᠢ᠋ ᠪᠢ ᠨᠠᠮᠤᠷ ᠠ᠋ᠴᠠ᠂ ᠦᠨᠳᠦᠰᠦᠨ ᠡᠴᠡ᠂ ᠡᠯᠢᠨ ᠬᠠᠯᠢᠬᠤ ᠬᠠᠷᠢᠶᠠᠴᠠᠢ ᠠ᠋ᠴᠠ
ᠲᠦᠷᠭᠡᠨ ᠤᠷᠤᠰᠬᠠᠯᠲᠤ ᠭᠣᠣᠯ ᠠ᠋ᠴᠠ᠂ ᠰᠥᠨᠢ ᠭᠡᠷᠡᠯᠲᠦ ᠴᠣᠬᠣ ᠠ᠋ᠴᠠ ᠡᠷᠢᠨᠡᠮ᠃
ᠭᠡᠭᠡᠨ ᠮᠡᠷᠭᠡᠨ ᠢᠨᠵᠠᠨᠨᠠᠰᠢ ᠶᠠᠮᠠᠷᠬᠠᠨ ᠴᠡᠴᠡᠭ ᠢ᠋ ᠲᠠᠭᠠᠯᠠᠵᠤ
ᠭᠡᠷᠡᠯᠲᠦ ᠲᠤᠶᠠᠭᠠᠨ ᠳᠣᠣᠷ᠎ᠠ ᠶᠠᠭᠤ ᠪᠣᠳᠣᠵᠤ ᠶᠠᠪᠤᠭᠰᠠᠨ ᠶᠤᠮ ᠪᠣᠯ ᠳᠠ?
ᠲᠡᠭᠦᠨ ᠢ᠋ ᠪᠢ ᠨᠣᠮ ᠠ᠋ᠴᠠ᠂ ᠬᠥᠮᠦᠨ ᠦ᠌ ᠬᠠᠷᠠᠴᠠ ᠠ᠋ᠴᠠ᠂ ᠥᠪᠡᠷ ᠦ᠋ᠨ ᠢ᠋ᠶ᠋ᠡᠨ ᠰᠡᠳᠬᠢᠯ ᠡᠴᠡ
ᠲᠡᠦᠬᠡ ᠶ᠋ᠢᠨ ᠰᠢᠪᠡᠨᠡᠭᠡ᠂ ᠡᠷᠲᠡᠨ ᠦ᠌ ᠪᠠᠯᠭᠠᠰᠤ᠂ ᠦᠳᠡᠰᠢ ᠶ᠋ᠢᠨ ᠦᠯᠢᠭᠡᠷ ᠡᠴᠡ ᠡᠷᠢᠨᠡᠮ᠃
ᠲᠡᠭᠦᠰ ᠤᠬᠠᠭᠠᠨᠲᠤ ᠢᠨᠵᠠᠨᠨᠠᠰᠢ ᠶᠠᠮᠠᠷ ᠪᠦᠰᠡᠭᠦᠢ ᠳ᠋ᠦ᠍ ᠲᠡᠰᠴᠦ
ᠲᠥᠷᠥᠯᠬᠢ ᠨᠤᠲᠤᠭ ᠤ᠋ᠨ ᠢ᠋ᠶ᠋ᠠᠨ ᠶᠠᠮᠠᠷ ᠰᠥᠨᠢ ᠶ᠋ᠢ ᠴᠡᠩᠭᠡᠭᠦᠯᠦᠭᠡ ᠪᠣᠯ?
ᠲᠡᠭᠦᠯᠳᠡᠷ ᠰᠢᠯᠦᠭ ᠦ᠋ᠨ ᠢ᠋ᠶ᠋ᠡᠨ ᠶᠠᠮᠠᠷ ᠮᠥᠷ ᠢ᠋ ᠲᠠᠷᠯᠠᠵᠤ
ᠲᠥᠷᠥᠭᠰᠡᠨ ᠭᠡᠷ ᠦ᠋ᠨ ᠢ᠋ᠶ᠋ᠡᠨ ᠶᠠᠮᠠᠷ ᠪᠠᠭᠤᠷᠢᠨ ᠳ᠋ᠤ᠌ ᠲᠣᠭᠯᠠᠭ᠎ᠠ ᠪᠣᠯ?
ᠮᠣᠩᠭᠣᠯ ᠬᠡᠯᠡᠨ ᠦ᠌ ᠡᠷᠳᠡᠨᠢ ᠦᠭᠡᠰ ᠦ᠋ᠨ ᠰᠠᠩ ᠳ᠋ᠤ᠌ ᠨᠤᠲᠤᠭᠯᠠᠵᠤ
ᠮᠣᠷᠢᠨ ᠬᠤᠭᠤᠷ ᠤ᠋ᠨ ᠡᠭᠡᠰᠢᠭ ᠡᠮᠵᠡᠭ ᠦᠨᠡᠨ ᠳ᠋ᠦ᠍ ᠨᠠᠢᠷᠰᠠᠵᠤ
ᠬᠥᠬᠡ ᠰᠤᠳᠤᠷ ᠤ᠋ᠨ ᠰᠤᠪᠤᠳᠤᠨ ᠦᠭᠡᠰ ᠢ᠋ ᠣᠨ ᠳᠠᠷᠠᠭᠠᠯᠠᠯ ᠳ᠋ᠤ᠌ ᠰᠢᠭᠢᠳᠬᠡᠵᠦ
ᠬᠥᠰᠢᠭᠡ ᠳᠤᠷᠠᠰᠬᠠᠯ ᠢ᠋ᠶ᠋ᠠᠨ ᠪᠠᠳᠮᠠᠷᠠᠭ᠎ᠠ ᠪᠠᠳᠠᠭ ᠢ᠋ᠶ᠋ᠠᠷ ᠪᠤᠰᠬᠠᠵᠠᠢ ᠁
ᠨᠠᠮᠤᠷ ᠤ᠋ᠨ ᠨᠠᠪᠴᠢ ᠰᠢᠭ᠋ ᠰᠢᠯᠦᠭ ᠨᠢ ᠢᠨᠵᠠᠨᠨᠠᠰᠢ ᠶ᠋ᠢᠨ ᠠᠮᠢᠰᠬᠤᠯ ᠲᠠᠢ
ᠨᠠᠳᠠ ᠳ᠋ᠤ᠌ ᠦᠭᠡ ᠦᠨᠦᠷᠯᠡᠵᠦ᠂ ᠠᠮᠲᠠᠯᠠᠭᠰᠠᠨ ᠮᠢᠨᠢ ᠠᠯᠠᠭᠠᠨ ᠤ᠋ ᠬᠡ ᠰᠢᠭ !
ᠡᠨᠡ ᠳᠡᠯᠡᠬᠡᠢ ᠳᠡᠭᠡᠷ᠎ᠡ ᠢᠷᠡᠭᠡᠳ ᠲᠡᠭᠦᠨ ᠦ᠌ ᠰᠢᠯᠦᠭ ᠢ᠋ ᠤᠩᠰᠢᠨ᠎ᠠ ᠭᠡᠳᠡᠭ
ᠡᠷᠳᠡᠨᠢ ᠶ᠋ᠢᠨ ᠴᠢᠯᠠᠭᠤᠨ ᠳᠡᠭᠡᠷ᠎ᠡ ᠰᠠᠭᠤᠭᠠᠳ ᠠᠯᠲᠠᠨ ᠠᠶᠠᠭᠠᠨ ᠠ᠋ᠴᠠ ᠤᠤᠭᠤᠬᠤ ᠮᠡᠲᠦ ᠠ᠋ !
