ᠬᠠᠲᠠᠨ ᠪᠠᠭᠠᠲᠤᠷ ᠮᠠᠭᠰᠤᠷᠵᠠᠪХадан баатар магсаржав
ᠬᠠᠲᠠᠨ ᠪᠠᠭᠠᠲᠤᠷ ᠮᠠᠭᠰᠤᠷᠵᠠᠪ-ᠲᠤᠩᠭᠠᠯᠠᠭ ᠲᠠᠮᠢᠷ
ᠬᠠᠲᠠᠨ ᠪᠠᠭᠠᠲᠤᠷ ᠮᠠᠭᠰᠤᠷᠵᠠᠪ
ᠮᠣᠩᠭᠣᠯ ᠤᠯᠤᠰ ᠤ᠋ᠨ ᠲᠥᠷᠥ᠂ ᠴᠡᠷᠢᠭ ᠦ᠋ᠨ ᠨᠡᠷᠡᠲᠦ ᠵᠢᠳᠬᠦᠯᠲᠡᠨ᠂ ᠴᠡᠷᠢᠭ ᠦ᠋ᠨ ᠳᠣᠮᠣᠭᠲᠤ ᠵᠠᠩᠵᠤᠨ
ᠲᠡᠷᠡᠪᠡᠷ 1878 ᠣᠨ ᠤ᠋ 6 ᠳ᠋ᠤᠭᠠᠷ ᠰᠠᠷ᠎ᠠ ᠶ᠋ᠢᠨ 10 ᠳ᠋ᠤ᠌ ᠰᠠᠢᠨ ᠨᠣᠶᠠᠨ ᠬᠠᠨ ᠠᠢᠮᠠᠭ ᠤ᠋ᠨ ᠲᠥᠰᠢᠶ᠎ᠡ ᠭᠦᠨ ᠭᠠᠨᠵᠤᠤᠷᠵᠠᠪ ᠤ᠋ᠨ ᠬᠣᠰᠢᠭᠤ /ᠥᠨᠥ ᠶ᠋ᠢᠨ ᠪᠤᠯᠠᠭᠠᠨ ᠠᠢᠮᠠᠭ ᠤ᠋ᠨ ᠬᠤᠲᠤᠭ-ᠥᠨᠳᠥᠷ ᠰᠤᠮᠤ ᠶ᠋ᠢᠨ ᠨᠤᠲᠤᠭ ᠥᠪᠥᠷ ᠴᠠᠭᠠᠨ ᠪᠤᠷᠭᠠᠰᠤ ᠭᠡᠳᠡᠭ ᠭᠠᠵᠠᠷ ᠲᠥᠷᠥᠭᠰᠡᠨ᠃ ᠪᠠᠭ᠎ᠠ ᠠ᠋ᠴᠠ ᠪᠠᠨ ᠪᠢᠴᠢᠭ ᠦᠰᠦᠭ ᠰᠤᠷᠴᠤ᠂ 11 ᠨᠠᠰᠤᠲᠠᠢ ᠳ᠋ᠠᠭᠠᠨ ᠵᠠᠰᠠᠭ ᠨᠣᠶᠠᠨ ᠭᠠᠨᠵᠤᠤᠷᠵᠠᠪ ᠤ᠋ᠨ ᠱᠠᠪᠢ ᠪᠣᠯᠵᠤ᠂ ᠬᠤᠰᠢᠭᠤᠨ ᠳ᠋ᠠᠭᠠᠨ ᠵᠠᠷᠤᠯᠭ᠎ᠠ᠂ ᠪᠢᠴᠢᠭᠡᠴᠢ ᠪᠡᠷ ᠠᠵᠢᠯᠯᠠᠵᠤ᠂ 1905᠂ 1911 ᠣᠨ ᠳ᠋ᠤ᠌ ᠬᠣᠪᠲᠣ ᠶ᠋ᠢᠨ ᠬᠠᠯᠬ᠎ᠠ ᠵᠢᠰᠡᠨ ᠳ᠋ᠦ᠍ ᠠᠯᠪᠠ ᠬᠠᠭᠠᠵᠤ ᠪᠠᠢᠪᠠ᠃
ᠰ ∙ ᠮᠠᠭᠰᠤᠷᠵᠠᠪ 1912 ᠣᠨ ᠳ᠋ᠤ᠌ ᠪᠠᠷᠭᠤ ᠶ᠋ᠢᠨ ᠵ∙ᠳᠠᠮᠳᠢᠨᠰᠦ᠋ᠷᠦᠩ ᠦ᠋ᠨ ᠬᠠᠮᠲᠤ ᠪᠠᠷᠠᠭᠤᠨ ᠬᠢᠵᠠᠭᠠᠷ ᠢ᠋ ᠲᠦᠪᠰᠢᠳᠬᠡᠨ ᠲᠣᠭᠲᠠᠭᠠᠬᠤ ᠴᠡᠷᠢᠭ ᠢ᠋ ᠳᠠᠢᠴᠢᠯᠠᠨ ᠵᠠᠬᠢᠷᠬᠤ ᠰᠠᠢᠳ ᠢ᠋ᠶ᠋ᠠᠷ ᠲᠣᠮᠢᠯᠠᠭᠳᠠᠵᠤ᠂ ᠬᠣᠪᠲᠣ ᠬᠣᠲᠠ ᠶ᠋ᠢ ᠴᠢᠯᠥᠭᠡᠯᠡᠬᠦ ᠪᠠᠢᠯᠳᠤᠭᠠᠨ ᠢ᠋ ᠤᠳᠤᠷᠢᠳᠤᠨ᠂ ᠢᠯᠠᠯᠲᠠ ᠪᠠᠢᠭᠤᠯᠤᠭᠰᠠᠨ ᠤᠴᠢᠷ ᠪᠣᠭᠳᠠ ᠬᠠᠭᠠᠨ ᠤ᠋ ᠵᠠᠷᠯᠢᠭ ᠢ᠋ᠶ᠋ᠠᠷ ᠲᠡᠭᠦᠨ ᠳ᠋ᠦ᠍ ᠬᠠᠳᠠᠨ ᠪᠠᠭᠠᠲᠤᠷ ᠴᠣᠯᠠ ᠱᠠᠩᠨᠠᠭᠰᠠᠨ᠃
ᠬᠠᠳᠠᠨ ᠪᠠᠭᠠᠲᠤᠷ ᠮᠠᠭᠰᠤᠷᠵᠠᠪ 1916 ᠣᠨ ᠳ᠋ᠤ᠌ ᠡᠮᠦᠨ᠎ᠡ ᠬᠢᠵᠠᠭᠠᠷ ᠢ᠋ ᠪᠠᠲᠤᠯᠠᠨ ᠲᠣᠬᠣᠨᠢᠭᠤᠯᠬᠤ ᠰᠠᠢᠳ᠂ 1917 ᠣᠨ ᠳ᠋ᠤ᠌ ᠵᠡᠭᠦᠨ ᠬᠢᠵᠠᠭᠠᠷ ᠢ᠋ ᠰᠡᠷᠭᠡᠢᠯᠡᠬᠦ ᠴᠡᠷᠢᠭ ᠢ᠋ ᠵᠠᠬᠢᠷᠬᠤ ᠰᠠᠢᠳ᠂ ᠪᠠᠷᠠᠭᠤᠨ ᠡᠮᠦᠨ᠎ᠡ ᠬᠢᠵᠠᠭᠠᠷ ᠢ᠋ ᠪᠠᠲᠤᠯᠠᠨ ᠰᠡᠷᠭᠡᠢᠯᠡᠬᠦ ᠴᠡᠷᠢᠭ ᠢ᠋ ᠵᠠᠬᠢᠷᠬᠤ ᠰᠠᠢᠳ᠂ 1919 ᠣᠨ ᠳ᠋ᠤ᠌ ᠤᠷᠢᠶᠠᠩᠬᠠᠢ ᠳ᠋ᠤ᠌ ᠰᠠᠭᠤᠵᠤ ᠬᠡᠷᠡᠭ ᠰᠢᠢᠳᠬᠡᠬᠦ ᠰᠠᠢᠳ ᠢ᠋ᠶ᠋ᠠᠷ ᠲᠣᠮᠢᠯᠠᠭᠳᠠᠵᠤ᠂ ᠬᠢᠯᠢ ᠬᠢᠵᠠᠭᠠᠷ ᠲᠤ᠌ ᠬᠠᠯᠠᠳᠠᠨ ᠲᠦᠷᠢᠮᠡᠬᠡᠢᠯᠡᠭᠰᠡᠨ ᠵᠡᠪᠰᠡᠭᠲᠦ ᠳᠡᠭᠡᠷᠡᠮᠴᠢᠳ᠂ ᠬᠠᠷᠢ ᠶ᠋ᠢᠨ ᠲᠦᠷᠢᠮᠡᠬᠡᠢᠯᠡᠭᠴᠢᠳ ᠢ᠋ ᠤᠰᠠᠳᠬᠠᠬᠤ ᠪᠠᠢᠯᠳᠤᠭᠠᠨ ᠢ᠋ ᠤᠳᠤᠷᠢᠳᠤᠭᠰᠠᠨ᠃
ᠬᠠᠳᠠᠨ ᠪᠠᠭᠠᠲᠤᠷ ᠮᠠᠭᠰᠤᠷᠵᠠᠪ 1919 ᠣᠨ ᠤ᠋ ᠰᠡᠭᠦᠯᠴᠢ ᠡᠴᠡ ᠵᠢᠯᠠᠬᠠᠨᠵᠠ ᠬᠤᠲᠤᠭᠲᠤ ᠳᠠᠮᠳᠢᠨᠪᠠᠽᠠᠷ᠂ ᠳ᠋ᠢᠯᠠᠪᠠ ᠬᠤᠲᠤᠭᠲᠤ ᠵᠠᠮᠰᠠᠷᠠᠨᠵᠠᠪ᠂ ᠬᠢᠴᠢᠶᠡᠩᠭᠦᠢ ᠪᠠᠭᠠᠲᠤᠷ ᠭᠣᠮᠪᠣ-ᠢᠳᠡᠰᠢᠨ ᠨᠠᠷ ᠤ᠋ᠨ ᠬᠠᠮᠲᠤ ᠡᠬᠡ ᠣᠷᠣᠨ ᠤ᠋ ᠪᠠᠨ ᠲᠤᠰᠠᠭᠠᠷ ᠲᠣᠭᠲᠠᠨᠢᠯ ᠢ᠋ ᠰᠡᠷᠭᠦᠭᠡᠬᠦ ᠨᠢᠭᠤᠴᠠ ᠦᠢᠯᠡ ᠠᠵᠢᠯᠯᠠᠭ᠎ᠠ ᠶᠠᠪᠤᠭᠤᠯᠬᠤ ᠶ᠋ᠢᠨ ᠬᠠᠮᠲᠤ 《ᠰᠢᠯᠢᠨ ᠠᠶᠠᠭ᠎ᠠ》᠂ 《ᠵᠢᠩᠴᠢᠨ》 ᠵᠡᠷᠭᠡ ᠨᠢᠭᠤᠴᠠ ᠨᠡᠷ᠎ᠡ ᠪᠡᠷ МАН ᠦ᠋ᠨ ᠦᠢᠯᠡ ᠠᠵᠢᠯᠯᠠᠭᠠᠨ ᠳ᠋ᠤ᠌ ᠣᠷᠣᠯᠴᠠᠵᠤ᠂ ᠵᠥᠪᠯᠡᠯᠲᠦ ᠣᠷᠣᠰ ᠤᠯᠤᠰ ᠡᠴᠡ ᠲᠤᠰᠠᠯᠠᠮᠵᠢ ᠭᠤᠶᠤᠭᠰᠠᠨ ᠪᠣᠭᠳᠠ ᠬᠠᠭᠠᠨ ᠤ᠋ ᠲᠠᠮᠠᠭ᠎ᠠ ᠲᠠᠢ ᠪᠢᠴᠢᠭ ᠢ᠋ ᠭᠠᠷᠭᠠᠭᠤᠯᠬᠤ ᠳ᠋ᠤ᠌ ᠴᠢᠬᠤᠯᠠ ᠡᠭᠦᠷᠭᠡ ᠭᠦᠢᠴᠡᠳᠬᠡᠭᠰᠡᠨ᠃
ᠬᠦᠷᠢᠶᠡᠨ ᠳ᠋ᠦ᠍ ᠪᠠᠢᠭᠰᠠᠨ ᠬᠢᠲᠠᠳ ᠤ᠋ᠨ ᠴᠡᠷᠢᠭ ᠦ᠋ᠨ ᠡᠷᠬᠡᠲᠡᠨ ᠨᠦ᠍ᠭᠦᠳ ᠮᠠᠭᠰᠤᠷᠵᠠᠪ ᠢ᠋ 1920 ᠣᠨ ᠤ᠋ 9 ᠳᠦᠭᠡᠷ ᠰᠠᠷ᠎ᠠ ᠶ᠋ᠢᠨ 12 ᠲᠤ᠌ ᠪᠠᠷᠢᠪᠴᠢᠯᠠᠨ ᠬᠣᠷᠢᠵᠠᠢ᠃ ᠪᠠᠷᠠᠨ ᠤᠩᠭᠧᠷᠨᠢ ᠴᠡᠷᠢᠭ ᠨᠡᠢᠰᠯᠡᠯ ᠬᠦᠷᠢᠶ᠎ᠡ ᠶ᠋ᠢ ᠴᠢᠯᠥᠭᠡᠯᠡᠬᠦ ᠳ᠋ᠦ᠍ ᠰ ∙ ᠮᠠᠭᠰᠤᠷᠵᠠᠪ ᠱᠣᠷᠣᠩ ᠡᠴᠡ ᠭᠠᠷᠴᠤ᠂ 1921 ᠣᠨ ᠤ᠋ 2 ᠳ᠋ᠤᠭᠠᠷ ᠰᠠᠷ᠎ᠠ ᠶ᠋ᠢᠨ 22 ᠲᠤ᠌ ᠮᠣᠩᠭᠣᠯ ᠤ᠋ᠨ ᠪᠦᠬᠦ ᠴᠡᠷᠢᠭ ᠦ᠋ᠨ ᠵᠠᠩᠵᠤᠨ ᠢ᠋ᠶ᠋ᠠᠷ ᠲᠣᠮᠢᠯᠠᠭᠳᠠᠵᠤ᠂ ᠵᠡᠭᠦᠨ ᠡᠮᠦᠨ᠎ᠡ ᠵᠦᠭ ᠲᠦ᠍ ᠵᠢᠭᠤᠲᠠᠭᠰᠠᠨ ᠬᠢᠲᠠᠳ ᠴᠡᠷᠢᠭ ᠢ᠋ ᠳᠠᠷᠤᠬᠤ ᠪᠠᠢᠯᠳᠤᠭᠠᠨ ᠢ᠋ ᠤᠳᠤᠷᠢᠳᠴᠠᠢ᠃ ᠬᠠᠳᠠᠨ ᠪᠠᠭᠠᠲᠤᠷ 1921 ᠣᠨ ᠤ᠋ 4 ᠳᠦᠭᠡᠷ ᠰᠠᠷ᠎ᠠ ᠶ᠋ᠢᠨ 21 ᠳ᠋ᠦ᠍ ᠪᠠᠷᠠᠭᠤᠨ ᠬᠣᠶᠠᠷ ᠠᠢᠮᠠᠭ ᠤ᠋ᠨ ᠴᠡᠷᠢᠭ ᠢ᠋ ᠳᠠᠢᠴᠢᠯᠠᠨ ᠵᠠᠬᠢᠷᠬᠤ ᠰᠠᠢᠳ ᠢ᠋ᠶ᠋ᠠᠷ ᠲᠣᠮᠢᠯᠠᠭᠳᠠᠵᠤ᠂ ᠮᠥᠨ ᠣᠨ ᠤ᠋ 7 ᠳ᠋ᠤᠭᠠᠷ ᠰᠠᠷ᠎ᠠ ᠶ᠋ᠢᠨ 20 ᠳ᠋ᠤ᠌ ᠤᠯᠢᠶᠠᠰᠤᠲᠠᠢ ᠳ᠋ᠤ᠌ ᠪᠣᠰᠤᠯᠭ᠎ᠠ ᠭᠠᠷᠭᠠᠵᠤ ᠸᠠᠩᠳᠣᠨᠣᠪ ᠨᠠᠷ ᠤ᠋ᠨ ᠴᠠᠭᠠᠨᠲᠠᠨ ᠢ᠋ ᠤᠰᠠᠳᠬᠠᠨ᠂ ᠡᠬᠡ ᠣᠷᠣᠨ ᠢ᠋ᠶ᠋ᠠᠨ ᠬᠠᠷᠢ ᠶ᠋ᠢᠨ ᠲᠦᠷᠢᠮᠡᠬᠡᠢᠯᠡᠭᠴᠢᠳ ᠡᠴᠡ ᠴᠢᠯᠥᠭᠡᠯᠡᠬᠦ ᠵᠡᠪᠰᠡᠭᠲᠦ ᠲᠡᠮᠡᠴᠡᠯ ᠢ᠋ᠶ᠋ᠡᠨ ᠡᠬᠢᠯᠡᠭᠦᠯᠦᠭᠰᠡᠨ᠃
ᠬᠠᠳᠠᠨ ᠪᠠᠭᠠᠲᠤᠷ ᠮᠠᠭᠰᠤᠷᠵᠠᠪ 1921 ᠣᠨ ᠤ᠋ 6 ᠳ᠋ᠤᠭᠠᠷ ᠰᠠᠷ᠎ᠠ ᠶ᠋ᠢᠨ 5 ᠳ᠋ᠤ᠌ ᠴᠡᠷᠢᠭ ᠦ᠋ᠨ ᠶᠠᠮᠤᠨ ᠤ᠋ ᠳᠡᠳ᠋ ᠰᠠᠢᠳ᠂ ᠮᠥᠨ ᠣᠨ ᠤ᠋ ᠨᠠᠮᠤᠷ ᠬᠣᠪᠲᠣ ᠶ᠋ᠢᠨ ᠵᠡᠷᠭᠡ ᠭᠠᠵᠠᠷ ᠡᠭᠦᠷᠯᠡᠭᠰᠡᠨ ᠳᠠᠢᠰᠤᠨ ᠢ᠋ ᠬᠢᠳᠤᠨ ᠠᠷᠢᠯᠭᠠᠬᠤ ᠪᠠᠷ ᠮᠣᠷᠳᠠᠭᠤᠯᠬᠤ ᠪᠦᠬᠦ ᠴᠡᠷᠢᠭ ᠢ᠋ ᠵᠠᠬᠢᠷᠬᠤ ᠶᠡᠬᠡ ᠵᠠᠩᠵᠤᠨ ᠤ᠋ ᠲᠤᠰᠢᠶᠠᠯ ᠳ᠋ᠤ᠌ ᠲᠣᠮᠢᠯᠠᠭᠳᠠᠵᠤ ᠪᠠᠷᠠᠭᠤᠨ ᠬᠢᠵᠠᠭᠠᠷ ᠢ᠋ ᠴᠠᠭᠠᠨᠲᠠᠨ ᠡᠴᠡ ᠴᠢᠯᠥᠭᠡᠯᠡᠬᠦ ᠪᠠᠢᠯᠳᠤᠭᠠᠨ ᠢ᠋ ᠤᠳᠤᠷᠢᠳᠤᠭᠰᠠᠨ᠃ ᠲᠡᠭᠦᠨ ᠦ᠌ ᠭᠠᠪᠢᠶ᠎ᠠ ᠶ᠋ᠢ ᠠᠷᠠᠳ ᠤ᠋ᠨ ᠵᠠᠰᠠᠭ ᠤ᠋ᠨ ᠭᠠᠵᠠᠷ ᠡᠴᠡ ᠥᠨᠳᠥᠷ ᠦᠨᠡᠯᠡᠵᠦ ᠴᠢᠨ ᠸᠠᠩ ᠤ᠋ᠨ ᠵᠡᠷᠭᠡ ᠰᠢᠷ᠎ᠠ ᠬᠦᠷᠮ᠎ᠡ ᠱᠠᠩᠨᠠᠵᠤ᠂ ᠬᠠᠳᠠᠨ ᠪᠠᠭᠠᠲᠤᠷ ᠴᠣᠯᠠᠨ ᠳᠡᠭᠡᠷ᠎ᠡ ᠨᠢ 《ᠠᠷᠠᠳ ᠤ᠋ᠨ》 ᠬᠡᠮᠡᠬᠦ ᠴᠣᠯᠠ ᠨᠡᠮᠡᠵᠡᠢ᠃ ᠮᠥᠨ ᠲᠡᠭᠦᠨ ᠢ᠋ 1922 ᠣᠨ ᠳ᠋ᠤ᠌ ᠵᠥᠪᠯᠡᠯᠲᠦ ᠵᠠᠰᠠᠭ ᠤ᠋ᠨ ᠭᠠᠵᠠᠷ ᠡᠴᠡ ᠴᠡᠷᠢᠭ ᠦ᠋ᠨ ᠭᠠᠪᠢᠶᠠᠨ ᠤ᠋ ᠤᠯᠠᠭᠠᠨ ᠲᠤᠭ ᠤ᠋ᠨ ᠣᠳᠣᠨ᠂ 1926 ᠣᠨ ᠳ᠋ᠤ᠌ БНМАУ ᠶ᠋ᠢᠨ ᠴᠡᠷᠢᠭ ᠦ᠋ᠨ ᠭᠠᠪᠢᠶᠠᠨ ᠤ᠋ ᠨᠢᠭᠡᠳᠦᠭᠡᠷ ᠵᠡᠷᠭᠡ ᠶ᠋ᠢᠨ ᠣᠳᠣᠨ ᠢ᠋ᠶ᠋ᠠᠷ ᠱᠠᠩᠨᠠᠭᠰᠠᠨ᠃
ᠬᠠᠳᠠᠨ ᠪᠠᠭᠠᠲᠤᠷ ᠰ ∙ ᠮᠠᠭᠰᠤᠷᠵᠠᠪ 1922 ᠣᠨ ᠡᠴᠡ ᠴᠡᠷᠢᠭ ᠦ᠋ᠨ ᠶᠠᠪᠤᠳᠠᠯ ᠤ᠋ᠨ ᠶᠠᠮᠤ (ᠴᠡᠷᠢᠭ ᠦ᠋ᠨ ᠶᠠᠪᠤᠳᠠᠯ ᠤ᠋ᠨ ᠶᠠᠮᠤ) ᠶ᠋ᠢᠨ ᠳᠡᠳ᠋ ᠰᠠᠢᠳ᠂ ᠰᠠᠢᠳ᠂ ᠪᠦᠬᠦ ᠴᠡᠷᠢᠭ ᠦ᠋ᠨ ᠵᠥᠪᠯᠡᠯ (БЦЗ) ᠦ᠋ᠨ ᠭᠡᠰᠢᠭᠦᠨ ᠢ᠋ᠶ᠋ᠡᠷ ᠠᠵᠢᠯᠯᠠᠵᠤ ᠪᠠᠢᠪᠠ᠃
ᠠᠷᠠᠳ ᠤ᠋ᠨ ᠬᠠᠳᠠᠨ ᠪᠠᠭᠠᠲᠤᠷ ᠮᠠᠭᠰᠤᠷᠵᠠᠪ 1927 ᠣᠨ ᠤ᠋ 9 ᠰᠠᠷ᠎ᠠ ᠶ᠋ᠢᠨ 3 ᠳ᠋ᠤ᠌ 49 ᠨᠠᠰᠤᠨ ᠳ᠋ᠠᠭᠠᠨ ᠬᠦᠨᠳᠦ ᠡᠪᠡᠳᠴᠢᠨ ᠢ᠋ᠶ᠋ᠡᠷ ᠲᠠᠭᠠᠯᠠᠯ ᠲᠡᠭᠦᠰᠪᠡ᠃ ᠲᠡᠭᠦᠨ ᠦ᠌ ᠱᠠᠷᠢᠯ ᠢ᠋ ᠪᠤᠯᠠᠭᠠᠨ ᠠᠢᠮᠠᠭ ᠤ᠋ᠨ ᠬᠤᠲᠤᠭ-ᠥᠨᠳᠥᠷ ᠰᠤᠮᠤ ᠶ᠋ᠢᠨ ᠨᠤᠲᠤᠭ ᠳᠤᠮᠳᠠ ᠬᠠᠢᠯᠠᠩᠲᠠᠢ ᠶ᠋ᠢᠨ ᠡᠬᠢ ᠵᠢᠷᠭᠠᠯᠠᠩᠲᠤ ᠠᠭᠤᠯᠠ ᠶ᠋ᠢᠨ ᠥᠪᠥᠷ ᠲᠦ᠍ ᠪᠤᠩᠬᠤᠯᠠᠨ ᠣᠷᠣᠰᠢᠭᠤᠯᠤᠭᠰᠠᠨ᠃ ᠮᠣᠩᠭᠣᠯ ᠠᠷᠠᠳ ᠤ᠋ᠨ ᠬᠤᠪᠢᠰᠬᠠᠯᠲᠤ ᠨᠠᠮ ᠤ᠋ᠨ ᠲᠥᠪ ᠬᠣᠷᠢᠶᠠᠨ ᠤ᠋ ᠲᠣᠭᠲᠠᠭᠠᠯ ᠢ᠋ᠶ᠋ᠠᠷ 1970 ᠣᠨ ᠳ᠋ᠤ᠌ ᠪᠤᠯᠠᠭᠠᠨ ᠠᠢᠮᠠᠭ ᠤ᠋ᠨ ᠲᠥᠪ ᠲᠦ᠍ ᠪᠤᠩᠬᠤᠨ ᠪᠠᠢᠭᠤᠯᠵᠤ᠂ ᠰ ∙ ᠮᠠᠭᠰᠤᠷᠵᠠᠪ ᠤ᠋ᠨ ᠱᠠᠷᠢᠯ ᠢ᠋ ᠰᠢᠯᠵᠢᠭᠦᠯᠦᠨ ᠬᠦᠨᠳᠦᠳᠬᠡᠯᠲᠡᠢ ᠪᠡᠷ ᠣᠷᠣᠰᠢᠭᠤᠯᠤᠭᠰᠠᠨ᠃ ᠮᠥᠨ ᠬᠣᠪᠲᠣ ᠬᠣᠲᠠ ᠳ᠋ᠠᠬᠢ ᠵᠡᠪᠰᠡᠭᠲᠦ ᠬᠦᠴᠦᠨ ᠦ᠌ 123 ᠳ᠋ᠤᠭᠠᠷ ᠠᠩᠭᠢ᠂ ᠪᠤᠯᠠᠭᠠᠨ ᠠᠢᠮᠠᠭ ᠤ᠋ᠨ ᠬᠤᠲᠤᠭ-ᠥᠨᠳᠥᠷ ᠰᠤᠮᠤ ᠶ᠋ᠢᠨ ᠶᠡᠷᠦᠩᠬᠡᠢ ᠪᠣᠯᠪᠠᠰᠤᠷᠠᠯ ᠤ᠋ᠨ ᠳᠤᠮᠳᠠ ᠰᠤᠷᠭᠠᠭᠤᠯᠢ ᠶ᠋ᠢ ᠠᠷᠠᠳ ᠤ᠋ᠨ ᠬᠠᠳᠠᠨ ᠪᠠᠭᠠᠲᠤᠷ ᠰ ∙ ᠮᠠᠭᠰᠤᠷᠵᠠᠪ ᠤ᠋ᠨ ᠨᠡᠷᠡᠮᠵᠢᠲᠦ ᠪᠣᠯᠭᠠᠭᠰᠠᠨ᠃ (ᠭ ∙ ᠮᠢᠭᠮᠠᠷᠰᠠᠮᠪᠤᠤ)
