ᠱᠥᠯᠥᠷᠬᠡᠭ ᠬᠤᠤᠱᠤᠤᠷ ᠬᠢᠬᠦ ᠠᠷᠭ᠎ᠠШөлөрхөг хуушуур хийх арга
ᠱᠥᠯᠥᠷᠬᠡᠭ ᠬᠤᠤᠱᠤᠤᠷ ᠬᠢᠬᠦ ᠠᠷᠭ᠎ᠠ
ᠵᠠ᠂ ᠰᠡᠭᠦᠯ ᠦ᠋ᠨ ᠦᠶ᠎ᠡ ᠳ᠋ᠦ᠍ ᠮᠠᠨ ᠤ᠋ ᠭᠡᠷ ᠲᠦ᠍ ᠨᠡᠯᠢᠶᠡᠳ ᠲᠦᠷᠦᠭᠦᠨ ᠳ᠋ᠦ᠍ ᠪᠣᠯᠤᠭᠠᠳ ᠪᠠᠢᠭ᠎ᠠ ᠱᠥᠯᠥᠷᠬᠡᠭ ᠬᠤᠤᠱᠤᠤᠷ ᠢ᠋ ᠣᠳᠣ ᠬᠡᠷᠬᠢᠨ ᠶᠠᠭᠠᠬᠢᠵᠤ ᠪᠣᠯᠤᠭᠰᠠᠨ ᠪᠣᠢ᠂ ᠬᠠᠭᠠᠷᠠᠬᠤ ᠦᠭᠡᠢ ᠪᠡᠷ ᠱᠥᠯᠥᠷᠬᠡᠭ᠂ ᠱᠥᠯᠥᠷᠬᠡᠭ ᠪᠣᠯᠬᠤ ᠪᠣᠢ ᠭᠡᠳᠡᠭ ᠠᠷᠭ᠎ᠠ ᠲᠸᠨᠢᠭ᠌ᠯᠤᠬᠢ ᠪᠠᠨ ᠲᠠ ᠨᠠᠷ ᠲᠠᠢ ᠬᠤᠪᠢᠶᠠᠯᠴᠠᠶ᠎ᠠ᠃
ᠵᠠ᠂ ᠡᠨᠡ ᠬᠤᠤᠱᠤᠤᠷ ᠲᠤ ᠪᠣᠯ ᠬᠡᠦᠬᠡᠳ ᠦ᠋ᠳ ᠮᠠᠰᠢ ᠳᠤᠷᠠᠲᠠᠢ᠂ ᠡᠰᠡᠪᠡᠯ᠄《ᠡᠵᠢ ᠠ᠋᠂ ᠲᠠ ᠬᠤᠤᠱᠤᠤᠷ ᠢ᠋ᠶ᠋ᠠᠨ ᠬᠢᠭᠡᠳ ᠥᠭᠭᠦᠭᠡᠴᠢ᠂ ᠬᠤᠤᠱᠤᠤᠷ ᠢ᠋ᠶ᠋ᠠᠨ ᠬᠢᠭᠡᠳ ᠥᠭᠭᠦᠭᠡᠴᠢ!》 ᠭᠡᠵᠦ ᠭᠤᠶᠤᠳᠠᠭ᠃ ᠲᠡᠭᠡᠬᠦ ᠪᠡᠷ ᠢ᠋ᠶ᠋ᠡᠨ ᠭᠣᠶᠣ ᠱᠥᠯᠥᠷᠬᠡᠭ ᠪᠣᠯᠤᠭᠰᠠᠨ ᠪᠠᠢᠭ᠎ᠠ ᠪᠢᠵᠡ⁈
ᠵᠠ᠂ ᠬᠢᠳᠡᠭ ᠠᠷᠭ᠎ᠠ ᠨᠢ ᠶᠡᠷᠦ ᠪᠣᠯ ᠶᠠᠭᠠᠬᠢᠵᠤ ᠬᠤᠤᠱᠤᠤᠷ ᠢ᠋ᠶ᠋ᠠᠨ ᠬᠢᠳᠡᠭ ᠪᠣᠢ᠂ ᠲᠡᠷᠡ ᠵᠠᠷᠴᠢᠮ ᠢ᠋ᠶ᠋ᠠᠷ ᠵᠢᠭᠠᠬᠠᠨ ᠰᠢᠶᠠᠨᠼᠢ (ᠰᠢᠮᠡᠰᠦ᠂ ᠰᠢᠮᠡᠰᠦ— ᠰᠢᠶᠠᠨᠼᠢ ᠶ᠋ᠢᠨ ᠮᠣᠩᠭᠣᠯ ᠨᠡᠷᠡᠢᠳᠦᠯ᠂ ᠰᠢᠮ᠎ᠡ ᠲᠡᠵᠢᠭᠡᠯ ᠲᠡᠢ ᠭᠡᠰᠡᠨ ᠤᠳᠬ᠎ᠠ ᠲᠠᠢ) ᠪᠠᠨ ᠪᠡᠯᠡᠳᠬᠡᠭᠡᠳ᠂ ᠲᠡᠭᠦᠨ ᠳ᠋ᠦ᠍ ᠳᠠᠪᠤᠰᠤ᠂ ᠫᠢᠷᠵᠢ᠂ ᠰᠣᠩᠭᠢᠨ᠎ᠠ ᠪᠠᠷ ᠢ᠋ᠶ᠋ᠠᠨ ᠠᠮᠲᠠᠯᠠᠵᠤ ᠥᠭᠭᠦᠭᠡᠳ᠂ ᠬᠠᠷᠢᠨ ᠰᠢᠶᠠᠨᠼᠢ (ᠰᠢᠮᠡᠰᠦ᠂ ᠰᠢᠮᠡᠰᠦ— ᠰᠢᠶᠠᠨᠼᠢ ᠶ᠋ᠢᠨ ᠮᠣᠩᠭᠣᠯ ᠨᠡᠷᠡᠢᠳᠦᠯ᠂ ᠰᠢᠮ᠎ᠡ ᠲᠡᠵᠢᠭᠡᠯ ᠲᠡᠢ ᠭᠡᠰᠡᠨ ᠤᠳᠬ᠎ᠠ ᠲᠠᠢ) ᠳ᠋ᠤ᠌ ᠵᠢᠭᠠᠬᠠᠨ ᠱᠥᠯᠥ ᠬᠢᠭᠡᠳ ᠥᠭᠬᠦ ᠬᠡᠷᠡᠭᠲᠡᠢ᠃ ᠲᠡᠭᠡᠬᠦ ᠶᠦᠮ ᠪᠣᠯ ᠮᠠᠰᠢ ᠭᠣᠶᠣ ᠱᠥᠯᠥᠷᠬᠡᠭ ᠠᠮᠲᠠᠯᠢᠭ ᠪᠣᠯᠳᠠᠭ᠃ ᠵᠠ᠂ ᠢᠩᠭᠢᠭᠡᠳ ᠪᠡᠯᠡᠳᠬᠡᠭᠰᠡᠨ ᠦ᠌ ᠪᠡᠨ ᠳᠠᠷᠠᠭ᠎ᠠ ᠭᠤᠯᠢᠷ ᠢ᠋ᠶ᠋ᠠᠨ ᠰᠠᠢᠬᠠᠨ ᠵᠢᠭᠤᠷᠠᠨ᠎ᠠ᠂ ᠭᠤᠯᠢᠷ ᠢ᠋ᠶ᠋ᠠᠨ ᠵᠢᠭᠠᠬᠠᠨ ᠠᠮᠠᠷᠠᠴᠢᠬᠠᠪᠠᠯ ᠶᠡᠬᠡ ᠵᠦᠭᠡᠷ᠂ ᠵᠠ ᠠᠮᠠᠷᠠᠭᠠᠬᠤ᠂ ᠠ᠁ ᠨᠢᠭᠡ ᠬᠠᠲᠠᠭᠤ ᠪᠢᠰᠢ ᠳᠡ᠂ ᠪᠠᠰᠠ ᠰᠢᠩᠭᠡᠨ ᠪᠢᠰᠢ ᠲᠣᠬᠢᠷᠠᠭᠤᠯᠵᠤ ᠵᠢᠭᠤᠷᠠᠭᠠᠳ᠂ ᠴᠢᠮᠬᠢᠬᠦ ᠶᠠᠪᠤᠴᠠ ᠳ᠋ᠤ᠌ ᠪᠠᠰᠠ ᠶᠡᠬᠡ ᠬᠦᠴᠢᠷ ᠪᠠᠢᠭ᠎ᠠ᠂ ᠴᠢᠮᠬᠢᠬᠦ ᠳ᠋ᠦ᠍ ᠪᠡᠨ ᠣᠳᠣ ᠬᠡᠢ ᠶ᠋ᠢ ᠨᠢ ᠭᠠᠷᠭᠠᠬᠤ ᠦᠭᠡᠢ ᠪᠡᠷ ᠵᠦᠭᠡᠷ ᠰᠢᠭᠤᠳ ᠴᠢᠮᠬᠢᠭᠡᠳ ᠲᠠᠯᠪᠢᠴᠢᠬᠠᠨ᠎ᠠ᠃
ᠵᠠ᠂ ᠲᠡᠭᠡᠭᠡᠳ ᠰᠢᠷᠠᠬᠤ ᠳ᠋ᠤ᠌ ᠪᠠᠨ ᠲᠣᠰᠣ ᠪᠠᠨ ᠣᠳᠣ ᠪᠠᠭ᠎ᠠ ᠭᠠᠯ ᠳᠡᠭᠡᠷ᠎ᠡ ᠰᠠᠢᠬᠠᠨ ᠬᠠᠯᠠᠭᠠᠭᠠᠳ᠂ ᠨᠢᠭᠡ ᠲᠠᠯ᠎ᠠ ᠶ᠋ᠢ ᠨᠢ ᠪᠦᠲᠦᠨ ᠰᠢᠷᠭᠠᠯᠲᠤᠲᠠᠯᠠ ᠪᠣᠯᠭᠣᠭᠰᠠᠨ ᠤ᠋ ᠪᠠᠨ ᠳᠠᠷᠠᠭ᠎ᠠ ᠪᠠᠷ ᠨᠥᠭᠦᠭᠡ ᠲᠠᠯ᠎ᠠ ᠤᠷᠤᠭᠤ ᠰᠠᠢᠬᠠᠨ ᠡᠷᠭᠢᠭᠦᠯᠬᠦ ᠶᠦᠮ ᠪᠣᠯᠪᠠᠯ ᠬᠤᠤᠱᠤᠤᠷ ᠨᠢ ᠬᠠᠭᠠᠷᠠᠬᠤ ᠠᠶᠤᠯ ᠦᠭᠡᠢ ᠪᠠᠢᠳᠠᠭ ᠪᠠᠢᠭ᠎ᠠ᠂ ᠵᠠ᠂ ᠬᠤᠤᠱᠤᠤᠷ ᠨᠢ ᠪᠣᠯᠵᠤ ᠪᠠᠢᠭ᠎ᠠ ᠶᠠᠪᠤᠴᠠ ᠳ᠋ᠤ᠌ ᠪᠠᠨ ᠢᠩᠭᠢᠭᠡᠳ ᠪᠣᠯᠤᠭᠠᠳ ᠢᠷᠡᠬᠦ ᠪᠡᠷ ᠢ᠋ᠶ᠋ᠡᠨ ᠫᠦᠮᠪᠡᠢᠭᠡᠳ᠂ ᠲᠡᠭᠡᠭᠡᠳ ᠭᠤᠯᠢᠷ ᠨᠢ ᠢᠩᠭᠢᠵᠦ ᠬᠠᠭᠠᠷᠠᠭᠠᠳ ᠱᠥᠯᠥ ᠨᠢ ᠭᠣᠭᠣᠵᠢᠭᠠᠳ ᠫᠢᠰ ᠫᠠᠰ ᠭᠡᠳ ᠬᠡᠩᠰᠢᠭᠦᠦ ᠭᠠᠷᠭᠠᠭᠠᠳ ᠪᠠᠢᠳᠠᠭ᠃ ᠵᠠ᠂ ᠢᠩᠭᠢᠵᠦ ᠪᠣᠯᠭᠣᠬᠤ ᠳ᠋ᠤ᠌ ᠬᠡᠩᠰᠢᠭᠦᠦ ᠴᠦ᠍ ᠭᠠᠷᠬᠤ ᠦᠭᠡᠢ ᠶᠡᠬᠡ ᠠᠶᠠᠲᠠᠢᠬᠠᠨ᠃ ᠵᠠ᠂ ᠪᠠᠰᠠ ᠣᠳᠣ ᠭᠠᠯ ᠢ᠋ᠶ᠋ᠠᠨ ᠶᠡᠬᠡ ᠰᠠᠢᠬᠠᠨ ᠲᠣᠬᠢᠷᠠᠭᠤᠯᠤᠨ᠎ᠠ᠂ ᠪᠠᠭ᠎ᠠ ᠭᠠᠯ ᠶᠠᠭᠠᠬᠢᠬᠤ ᠳ᠋ᠤ᠌ ᠰᠢᠶᠠᠨᠼᠢ(ᠰᠢᠮᠡᠰᠦ᠂ ᠰᠢᠮᠡᠰᠦ— ᠰᠢᠶᠠᠨᠼᠢ ᠶ᠋ᠢᠨ ᠮᠣᠩᠭᠣᠯ ᠨᠡᠷᠡᠢᠳᠦᠯ᠂ ᠰᠢᠮ᠎ᠡ ᠲᠡᠵᠢᠭᠡᠯ ᠲᠡᠢ ᠭᠡᠰᠡᠨ ᠤᠳᠬ᠎ᠠ ᠲᠠᠢ) ᠮᠠᠨᠢ ᠣᠳᠣ ᠮᠠᠰᠢ ᠰᠠᠢᠨ ᠪᠣᠯᠢᠴᠢᠬᠠᠳᠠᠭ᠂ ᠬᠡᠷᠪᠡ ᠣᠳᠣ ᠡᠢᠮᠦ ᠬᠠᠯᠠᠭᠤᠨ ᠭᠠᠯ ᠢ᠋ᠶ᠋ᠠᠷ ᠪᠣᠯᠭᠣᠬᠤ ᠶᠤᠮ ᠪᠣᠯᠪᠠᠯ ᠭᠠᠳᠠᠨᠠᠬᠢ ᠨᠢ ᠲᠥᠯᠥᠭᠳᠡᠭᠡᠳ᠂ ᠰᠢᠶᠠᠨᠼᠢ(ᠰᠢᠮᠡᠰᠦ᠂ ᠰᠢᠮᠡᠰᠦ— ᠰᠢᠶᠠᠨᠼᠢ ᠶ᠋ᠢᠨ ᠮᠣᠩᠭᠣᠯ ᠨᠡᠷᠡᠢᠳᠦᠯ᠂ ᠰᠢᠮ᠎ᠡ ᠲᠡᠵᠢᠭᠡᠯ ᠲᠡᠢ ᠭᠡᠰᠡᠨ ᠤᠳᠬ᠎ᠠ ᠲᠠᠢ) ᠮᠠᠨᠢ ᠪᠣᠯᠬᠤ ᠦᠭᠡᠢ᠂ ᠣᠳᠣ ᠲᠦᠭᠦᠬᠡᠢ ᠬᠡᠷᠡᠭ ᠪᠠᠰᠠ ᠵᠢᠭᠠᠬᠠᠨ ᠡᠢᠮᠦ ᠮᠠᠭᠠᠳᠯᠠᠯ ᠲᠠᠢ ᠪᠠᠢᠭ᠎ᠠ ᠰᠢᠦ!
ᠢᠩᠭᠢᠭᠡᠳ ᠣᠳᠣ ᠰᠢᠷᠠᠬᠤ ᠶᠠᠪᠤᠴᠠ ᠳ᠋ᠤ᠌ ᠪᠠᠨ ᠲᠣᠰᠣ ᠪᠠᠨ ᠵᠥᠪ ᠰᠣᠩᠭᠣᠬᠤ ᠶ᠋ᠢ ᠪᠣᠳᠣᠭᠠᠷᠠᠢ! ᠨᠢᠭᠡ ᠶᠡᠬᠡ ᠲᠣᠰᠣᠨ ᠳ᠋ᠤ᠌ ᠰᠢᠷᠠᠬᠤ ᠱᠠᠭᠠᠷᠳᠠᠯᠭ᠎ᠠ ᠥᠬᠡᠢ᠂ ᠵᠦᠭᠡᠷ ᠣᠳᠣ ᠭᠣᠶᠣ ᠰᠡᠭᠦᠯ ᠦ᠋ᠨ ᠲᠣᠰᠣᠨ ᠳ᠋ᠤ᠌ ᠶᠤᠮ ᠤᠤ᠂ ᠡᠰᠡᠪᠡᠯ ᠠᠸᠸᠺᠸᠲ ᠸᠠᠯᠢᠨ ᠳ᠋ᠤ᠌ ᠶᠤᠮ ᠤᠤ᠂ ᠡᠰᠡᠪᠡᠯ ᠰᠢᠷ᠎ᠠ ᠲᠣᠰᠣᠨ ᠳ᠋ᠤ᠌ ᠭᠣᠶᠣ ᠰᠢᠷᠠᠵᠤ ᠪᠣᠯᠤᠨ᠎ᠠ᠃
ᠵᠠ᠂ ᠢᠩᠭᠢᠭᠡᠳ ᠤᠷᠭᠤᠮᠠᠯ ᠤ᠋ᠨ ᠲᠣᠰᠣ ᠪᠢᠲᠡᠭᠡᠢ ᠬᠡᠷᠡᠭᠯᠡᠭᠡᠷᠡᠢ! ᠤᠷᠭᠤᠮᠠᠯ ᠤ᠋ᠨ ᠲᠣᠰᠣ ᠪᠣᠯᠪᠠᠯ ᠬᠠᠯᠠᠭᠤᠨ ᠭᠠᠯ ᠳᠡᠭᠡᠷ᠎ᠡ᠂ ᠲᠡᠷᠡ ᠠᠽᠢ ᠲᠣᠰᠣ ᠬᠣᠣᠷᠲᠤ ᠬᠠᠪᠤᠳᠠᠷ ᠡᠭᠦᠰᠬᠡᠳᠡᠭ ᠪᠠᠢᠭ᠎ᠠ ᠰᠢᠦ!
ᠵᠠ᠂ ᠢᠩᠭᠢᠭᠡᠳ ᠠᠮᠵᠢᠯᠲᠠ ᠬᠦᠰᠡᠶ᠎ᠡ!
ᠦᠰᠦᠭ ᠠᠮᠢᠯᠠᠭᠤᠯᠤᠭᠴᠢ᠄ ᠮᠥᠩᠬᠡ ᠭᠠᠯ
ᠦᠰᠦᠭ ᠬᠠᠲᠠᠭᠴᠢ᠄ ᠮᠥᠩᠬᠡ ᠭᠠᠯ
ᠬᠢᠨᠠᠭᠴᠢ᠄ ᠣᠳᠬᠠᠨᠰᠤ᠎ᠠ
