ᠵᠣᠷᠢᠭᠲᠤ ᠪᠠᠭᠠᠲᠤᠷ ᠲᠣᠭᠲᠠᠬᠤ Зоригт баатар тогтох ᠴᠤᠤᠲᠤ ᠬᠥᠮᠥᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠣᠷᠢᠭᠲᠤ ᠪᠠᠭᠠᠲᠤᠷ ᠲᠣᠭᠲᠠᠬᠤ Зоригт баатар тогтох

ᠵᠣᠷᠢᠭᠲᠤ ᠪᠠᠭᠠᠲᠤᠷ ᠲᠣᠭᠲᠠᠬᠤ Зоригт баатар тогтох

ᠠᠩᠭᠢᠯᠠᠯ:ᠴᠤᠤᠲᠤ ᠬᠥᠮᠥᠰ
2022-07-11

857

ᠡᠩᠬᠡᠪᠢᠯᠢᠭᠲᠦ ᠶ᠋ᠢᠨ ᠲᠣᠭᠲᠠᠬᠤ
1863 – 1922 ᠣᠨ ᠤ᠋ 1 ᠰᠠᠷ᠎ᠠ
ᠲᠥᠷᠥᠭᠰᠡᠨ ᠭᠠᠵᠠᠷ ᠮᠠᠨᠵᠤ ᠴᠢᠨ ᠤᠯᠤᠰ᠂ ᠥᠪᠥᠷ ᠮᠣᠩᠭᠣᠯ᠂ ᠭᠣᠷᠯᠣᠰ ᠬᠣᠰᠢᠭᠤ᠂
ᠨᠠᠰᠤ ᠪᠠᠷᠠᠭᠰᠠᠨ ᠭᠠᠵᠠᠷ ᠪᠣᠭᠳᠠ ᠬᠠᠭᠠᠨᠲᠤ ᠮᠣᠩᠭᠣᠯ ᠤᠯᠤᠰ᠂ ᠨᠡᠢᠰᠯᠡᠯ ᠬᠦᠷᠢᠶ᠎ᠡ
ᠡᠬᠡ ᠣᠷᠣᠨ ᠪᠣᠭᠳᠠ ᠬᠠᠭᠠᠨᠲᠤ ᠮᠣᠩᠭᠣᠯ ᠤᠯᠤᠰ
ᠠᠵᠢᠯᠯᠠᠭ᠎ᠠ/ᠰᠠᠯᠪᠤᠷᠢ ᠪᠣᠭᠳᠠ ᠬᠠᠭᠠᠨᠲᠤ ᠮᠣᠩᠭᠣᠯ ᠤᠯᠤᠰ ᠤ᠋ᠨ ᠠᠷᠮᠢ
ᠠᠯᠪᠠᠨ ᠡᠭᠦᠷᠭᠡ ᠶ᠋ᠢᠨ ᠣᠨ ᠵᠢᠯ ᠦ᠋ᠳ 1911-1920 ᠣᠨ

ᠴᠣᠯᠠ ᠭᠠᠪᠢᠶ᠎ᠠ
ᠴᠡᠷᠢᠭ ᠦ᠋ᠨ ᠤᠳᠤᠷᠢᠳᠬᠤ ᠠᠯᠪᠠᠨ ᠲᠤᠰᠢᠶᠠᠯ ᠬᠣᠪᠲᠣ ᠶ᠋ᠢ ᠴᠢᠯᠥᠭᠡᠯᠡᠬᠦ ᠪᠠᠢᠯᠳᠤᠭᠠᠨ ᠳ᠋ᠤ᠌ ᠵᠠᠩᠵᠤᠨ᠂
ᠲᠠᠪᠤᠨ ᠵᠠᠮ ᠤ᠋ᠨ ᠪᠠᠢᠯᠳᠤᠭᠠᠨ ᠳ᠋ᠤ᠌ ᠵᠠᠩᠵᠤᠨ

ᠲᠡᠢᠨ ᠲᠤᠯᠤᠯᠳᠤᠭᠠᠨ ᠨᠤᠭᠤᠳ

ᠬᠣᠪᠲᠣ ᠶ᠋ᠢ ᠴᠢᠯᠥᠭᠡᠯᠡᠬᠦ ᠪᠠᠢᠯᠳᠤᠭᠠᠨ
ᠲᠠᠪᠤᠨ ᠵᠠᠮ ᠤ᠋ᠨ ᠪᠠᠢᠯᠳᠤᠭᠠᠨ

ᠱᠠᠩᠨᠠᠯ ᠤ᠋ᠳ

ᠪᠣᠭᠳᠠ ᠬᠠᠭᠠᠨᠲᠤ ᠮᠣᠩᠭᠣᠯ ᠤᠯᠤᠰ ᠤ᠋ᠨ ᠪᠠᠭᠠᠲᠤᠷ
ᠪᠣᠭᠳᠠ ᠬᠠᠭᠠᠨᠲᠤ ᠮᠣᠩᠭᠣᠯ ᠤᠯᠤᠰ ᠤ᠋ᠨ ᠬᠦᠩ
ᠡᠩᠬᠡᠪᠢᠯᠢᠭᠲᠦ ᠶ᠋ᠢᠨ ᠲᠣᠭᠲᠠᠬᠤ ᠪᠤᠶᠤ ᠲᠣᠭᠲᠠᠬᠤ ᠨᠢ ᠮᠣᠩᠭᠣᠯ ᠤ᠋ᠨ ᠦᠨᠳᠦᠰᠦᠨ ᠦ᠌ ᠲᠤᠰᠠᠭᠠᠷ ᠲᠣᠭᠲᠠᠨᠢᠯ ᠤ᠋ᠨ ᠲᠥᠯᠥᠭᠡ ᠲᠤᠤᠱᠲᠠᠢ ᠲᠡᠮᠡᠴᠡᠭᠴᠢ᠂ ᠮᠠᠨᠵᠤ ᠶ᠋ᠢᠨ ᠳᠠᠷᠤᠯᠠᠯ ᠡᠴᠡ ᠮᠣᠩᠭᠣᠯ ᠢ᠋ ᠴᠢᠯᠥᠭᠡᠯᠡᠬᠦ ᠲᠡᠮᠡᠴᠡᠯ ᠳ᠋ᠦ᠍ ᠵᠡᠪᠰᠡᠭ ᠪᠠᠷᠢᠨ ᠪᠣᠰᠴᠤ ᠲᠡᠮᠡᠴᠡᠭᠰᠡᠨ ᠴᠡᠷᠢᠭ ᠦ᠋ᠨ ᠵᠠᠩᠵᠤᠨ ᠬᠥᠮᠦᠨ᠃ ᠪᠣᠭᠳᠠ ᠬᠠᠭᠠᠨᠲᠤ ᠮᠣᠩᠭᠣᠯ ᠤᠯᠤᠰ ᠪᠠᠢᠭᠤᠯᠤᠭᠳᠠᠭᠰᠠᠨ ᠤ᠋ ᠳᠠᠷᠠᠭ᠎ᠠ ᠬᠣᠪᠲᠣ ᠶ᠋ᠢ ᠴᠢᠯᠥᠭᠡᠯᠡᠬᠦ ᠪᠠᠢᠯᠳᠤᠭᠠᠨ ᠪᠣᠯᠤᠨ ᠳᠤᠮᠳᠠᠳᠤ ᠢᠷᠭᠡᠨ ᠤᠯᠤᠰ ᠤ᠋ᠨ ᠲᠦᠷᠢᠮᠡᠬᠡᠢᠯᠡᠯ ᠦ᠋ᠨ ᠡᠰᠡᠷᠡᠭ ᠬᠢᠭᠰᠡᠨ ᠲᠠᠪᠤᠨ ᠵᠠᠮ ᠤ᠋ᠨ ᠪᠠᠢᠯᠳᠤᠭᠠᠨ ᠳ᠋ᠤ᠌ ᠴᠡᠷᠢᠭ ᠤᠳᠤᠷᠢᠳᠤᠨ ᠣᠷᠣᠯᠴᠠᠵᠤ ᠣᠨᠴᠠ ᠭᠠᠷᠮᠠᠭᠠᠢ ᠭᠠᠪᠢᠶ᠎ᠠ ᠨᠤᠭᠤᠳ ᠢ᠋ ᠪᠠᠢᠭᠤᠯᠤᠭᠰᠠᠨ ᠠᠪᠢᠶᠠᠰᠯᠢᠭ ᠴᠡᠷᠢᠭ ᠦ᠋ᠨ ᠺᠣᠮᠠᠨᠳᠠᠯᠠᠭᠴᠢ ᠪᠠᠢᠭᠰᠠᠨ ᠪᠠᠢᠨ᠎ᠠ᠃

ᠨᠠᠮᠲᠠᠷ
ᠵᠢᠷᠢᠮ ᠴᠢᠭᠤᠯᠭᠠᠨ ᠤ᠋ ᠭᠣᠷᠯᠣᠰ ᠬᠤᠰᠢᠭᠤᠨ ᠳ᠋ᠤ᠌ 1863 ᠣᠨ ᠳ᠋ᠤ᠌ ᠲᠥᠷᠥᠵᠡᠢ᠃ 1894 ᠣᠨ ᠳ᠋ᠤ᠌ ᠮᠠᠨᠵᠤᠤᠷ ᠤ᠋ᠨ ᠲᠡᠮᠦᠷ ᠵᠠᠮ ᠤ᠋ᠨ ᠣᠷᠴᠢᠮ ᠪᠣᠯᠤᠭᠰᠠᠨ ᠬᠢᠲᠠᠳ᠂ ᠶᠠᠫᠣᠨ ᠤ᠋ ᠪᠠᠢᠯᠳᠤᠭᠠᠨ ᠳ᠋ᠤ᠌ ᠬᠢᠲᠠᠳ ᠤ᠋ᠳ ᠢᠯᠠᠭᠳᠠᠵᠤ᠂ ᠲᠡᠨᠳᠡ ᠡᠴᠡ ᠵᠢᠭᠤᠲᠠᠭᠰᠠᠨ ᠴᠡᠷᠢᠭ ᠦ᠋ᠳ ᠡᠯᠳᠡᠪ ᠨᠡᠷ᠎ᠡ ᠬᠣᠴᠢ ᠪᠦᠬᠦᠢ ᠳᠡᠭᠡᠷᠡᠮᠴᠢᠳ ᠦ᠋ᠨ ᠣᠯᠠᠨ ᠵᠢᠵᠢᠭ ᠪᠦᠯᠦᠭ ᠪᠣᠯᠤᠨ ᠪᠤᠲᠠᠷᠠᠴᠢ ᠵᠢᠷᠢᠮ ᠦ᠋ᠨ ᠴᠢᠭᠤᠯᠭᠠᠨ ᠳᠠᠶᠠᠭᠠᠷ ᠳᠡᠭᠡᠷᠡᠮ ᠲᠣᠨᠣᠭᠤᠯ ᠬᠢᠵᠦ᠂ ᠠᠮᠤᠷ ᠵᠠᠶᠠᠭ᠎ᠠ ᠦᠵᠡᠭᠦᠯᠬᠦ ᠪᠡᠨ ᠪᠣᠯᠢᠭᠰᠠᠨ ᠨᠢ ᠢᠳᠡᠷ ᠵᠠᠯᠠᠭᠤ 31 ᠨᠠᠰᠤᠲᠠᠢ ᠲᠠᠢᠵᠢ ᠡᠷ᠎ᠡ ᠶ᠋ᠢᠨ ᠭᠦᠨ ᠵᠢᠪᠡᠭᠦᠴᠡᠯ ᠢ᠋ ᠲᠥᠷᠥᠭᠦᠯᠵᠡᠢ᠃ ᠡᠢᠮᠦ ᠶ᠋ᠢᠨ ᠤᠴᠢᠷ ᠰᠠᠨᠠᠭ᠎ᠠ ᠨᠡᠢᠯᠡᠭᠰᠡᠨ ᠰᠠᠢᠨ ᠨᠥᠬᠥᠳ ᠦ᠋ᠨ ᠬᠠᠮᠲᠤ ᠵᠡᠪᠰᠡᠭᠯᠡᠨ ᠪᠣᠰᠴᠤ᠂ ᠣᠷᠣᠬᠤ ᠣᠷᠣᠨ ᠦᠭᠡᠢ ᠳᠡᠭᠡᠷᠡᠮᠴᠢᠳ ᠦ᠋ᠨ ᠡᠰᠡᠷᠡᠭ ᠲᠡᠮᠡᠴᠡᠵᠦ ᠡᠬᠢᠯᠡᠭᠰᠡᠨ ᠨᠢ ᠠᠭᠠᠵᠢᠮ ᠢ᠋ᠶ᠋ᠠᠷ ᠭᠦᠨᠵᠡᠭᠡᠢᠷᠡᠵᠦ ᠮᠠᠨᠵᠤ᠂ ᠬᠢᠲᠠᠳ ᠤ᠋ᠨ ᠡᠵᠡᠯᠡᠨ ᠲᠦᠷᠢᠮᠡᠬᠡᠢᠯᠡᠭᠴᠢᠳ ᠦ᠋ᠨ ᠡᠰᠡᠷᠡᠭ ᠲᠡᠮᠡᠴᠡᠭᠰᠡᠨ ᠪᠣᠰᠤᠯᠭ᠎ᠠ ᠪᠣᠯᠵᠤ ᠬᠤᠪᠢᠷᠠᠭᠰᠠᠨ ᠶᠤᠮ᠃ ᠬᠢᠲᠠᠳ ᠲᠦᠷᠢᠮᠡᠬᠡᠢᠴᠢ ᠨᠦ᠍ᠭᠦᠳ ᠦ᠋ᠨ ᠡᠰᠡᠷᠡᠭ ᠵᠡᠪᠰᠡᠭᠲᠦ ᠲᠡᠮᠡᠴᠡᠯ ᠡᠭᠦᠰᠬᠡᠵᠦ᠂ ᠢᠯᠠᠩᠭᠤᠶ᠎ᠠ 1906-1910 ᠣᠨ ᠳ᠋ᠤ᠌ ᠢᠳᠡᠪᠬᠢᠵᠢᠵᠦ᠂ 23 (100 ᠰᠢᠬᠢᠷ ᠭᠡᠳᠡᠭ) ᠤᠳᠠᠭ᠎ᠠ ᠪᠠᠢᠯᠳᠤᠵᠠᠢ᠃ 1907 ᠣᠨ ᠳ᠋ᠤ᠌ ᠪᠠᠷᠢᠭᠳᠠᠭᠰᠠᠨ ᠴᠤ᠌᠂ ᠤᠷᠭᠤᠨ ᠮᠤᠯᠲᠤᠷᠠᠵᠤ ᠴᠢᠳᠠᠵᠠᠢ᠃

ᠲᠤᠰᠠᠭᠠᠷ ᠲᠣᠭᠲᠠᠨᠢᠯ ᠤ᠋ᠨ ᠲᠡᠮᠡᠴᠡᠯ
ᠲᠣᠭᠲᠠᠬᠤ ᠲᠠᠢᠵᠢ ᠶ᠋ᠢᠨ ᠴᠡᠷᠢᠭ 1906-1910 ᠣᠨ ᠳ᠋ᠤ᠌ ᠰᠣᠯᠣᠨ ᠠᠭᠤᠯᠠᠨ ᠳ᠋ᠤ᠌ ᠬᠥᠮᠦᠨ ᠳᠠᠪᠠᠭᠤ ᠳᠠᠢᠰᠤᠨ ᠲᠠᠢ ᠤᠳᠠᠭ᠎ᠠ ᠳᠠᠷᠠᠭ᠎ᠠ ᠲᠤᠯᠭᠠᠷᠠᠨ ᠨᠢᠴᠤᠭᠠᠵᠤ᠂ ᠲᠤᠯᠤᠯᠳᠤᠨ ᠢᠯᠠᠵᠤ ᠪᠠᠢᠭᠰᠠᠨ ᠬᠡᠳᠦᠢ ᠴᠦ᠍᠂ ᠣᠨ ᠴᠠᠭ ᠤᠯᠠᠷᠢᠬᠤ ᠳᠣᠳᠣᠮ ᠣᠷᠣᠨ ᠨᠤᠲᠤᠭ ᠲᠠᠭᠠᠨ ᠣᠷᠣᠰᠢᠨ ᠲᠣᠭᠲᠠᠨᠢᠬᠤ ᠳ᠋ᠤ᠌ ᠬᠡᠴᠡᠭᠦᠦ ᠪᠣᠯᠵᠤ ᠢᠷᠡᠭᠰᠡᠨ ᠪᠠᠢᠨ᠎ᠠ᠃ ᠥᠪᠡᠷ ᠦ᠋ᠨ 50 ᠣᠷᠴᠢᠮ ᠴᠡᠷᠢᠭ ᠢ᠋ ᠲᠡᠷᠢᠭᠦᠯᠡᠨ ᠰᠡᠴᠡᠨ ᠬᠠᠨ ᠠᠢᠮᠠᠭ ᠤ᠋ᠨ ᠨᠤᠲᠤᠭ᠂ ᠶᠥᠭᠦᠵᠡᠷ ᠦ᠋ᠨ ᠬᠡᠢᠳ ᠦ᠋ᠨ ᠨᠤᠲᠤᠭ ᠢ᠋ᠶ᠋ᠠᠷ ᠣᠷᠣᠵᠤ ᠢᠷᠡᠬᠦ ᠳ᠋ᠦ᠍ ᠬᠦᠷᠢᠶᠡᠨ ᠦ᠌ ᠰᠠᠢᠳ ᠳᠠᠷᠬᠠᠨ ᠴᠢᠨ ᠸᠠᠩ ᠫᠦᠨᠴᠢᠭᠰᠡᠷᠡᠩ ᠴᠡᠷᠢᠭ ᠮᠣᠷᠳᠠᠭᠤᠯᠤᠨ ᠲᠣᠰᠴᠤ ᠪᠠᠢᠯᠳᠤᠭᠰᠠᠨ ᠭᠤᠨᠢᠭᠲᠤ ᠲᠡᠦᠬᠡ ᠪᠣᠢ᠃ ᠴᠣᠬᠣᠮ ᠬᠠᠳᠠᠨ ᠤ᠋ ᠵᠠᠪᠰᠠᠷ ᠬᠠᠪᠴᠢᠭᠤᠯᠤᠭᠰᠠᠨ ᠬᠠᠯᠢᠭᠤᠨ ᠤ᠋ ᠵᠤᠯᠵᠠᠭ᠎ᠠ ᠰᠢᠭ᠋ ᠪᠣᠯᠤᠭᠰᠠᠨ ᠲᠣᠭᠲᠠᠬᠤ ᠲᠠᠢᠵᠢ ᠣᠷᠣᠰ ᠤ᠋ᠨ ᠨᠤᠲᠤᠭ ᠲᠤ᠌ ᠣᠢ ᠶ᠋ᠢᠨ ᠭᠠᠷᠴᠤ ᠴᠢᠲ᠋ᠠ ᠬᠣᠲᠠ ᠶ᠋ᠢᠨ ᠵᠠᠬᠢᠷᠤᠭᠴᠢ ᠲᠠᠢ ᠠᠭᠤᠯᠵᠠᠵᠤ ᠳᠡᠭᠡᠳᠦ ᠦᠳᠡ ᠶ᠋ᠢᠨ ᠬᠠᠷᠠᠭᠤᠨ ᠠᠲᠠᠢ ᠳ᠋ᠤ᠌ ᠳᠦᠷᠢ ᠲᠥᠪᠬᠢᠨᠡᠭᠡ ᠳ᠋ᠦ᠍ ᠪᠠᠢᠵᠠᠢ᠃ ᠭᠡᠲᠡᠯ᠎ᠡ ᠲᠡᠭᠦᠨ ᠦ᠌ ᠣᠯᠠᠨ ᠵᠢᠯ ᠦ᠋ᠨ ᠬᠦᠰᠡᠯ ᠮᠥᠷᠥᠭᠡᠳᠦᠯ ᠪᠡᠶᠡᠯᠡᠭᠳᠡᠵᠦ ᠮᠣᠩᠭᠣᠯ ᠤᠯᠤᠰ ᠲᠤᠰᠠᠭᠠᠷ ᠲᠣᠭᠲᠠᠨᠢᠵᠤ᠂ ᠣᠯᠠᠨ᠎ᠠ ᠡᠷᠭᠦᠭᠳᠡᠭᠰᠡᠨ ᠲᠥᠷᠥ ᠪᠡᠨ ᠮᠠᠨᠳᠤᠭᠤᠯᠵᠤ᠂ ᠣᠷᠣᠢ ᠶ᠋ᠢᠨ ᠳᠡᠭᠡᠳᠦ ᠬᠠᠮᠢᠭ᠎ᠠ ᠪᠠᠨ ᠵᠠᠯᠠᠭᠰᠠᠨ ᠳ᠋ᠤ᠌ ᠪᠠᠶᠠᠷᠯᠠᠬᠤ ᠶ᠋ᠢᠨ ᠶᠡᠬᠡ ᠪᠡᠷ ᠪᠠᠬᠠᠷᠬᠠᠵᠤ ᠳᠠᠢᠴᠢᠨ ᠨᠥᠬᠥᠳ ᠲᠡᠭᠡᠨ ᠳᠠᠭᠠᠭᠤᠯᠤᠨ ᠳᠠᠪᠬᠢᠨ ᠢᠷᠡᠭᠰᠡᠨ ᠨᠢ ᠡᠨᠡ ᠶᠤᠮ ᠰᠠᠨᠵᠢ᠃ ᠡᠢᠨᠬᠦ ᠴᠣᠭᠴᠢᠨ ᠳᠤᠭᠠᠩ ᠳ᠋ᠤ᠌ ᠮᠠᠨᠳᠠᠯ ᠡᠷᠭᠦᠵᠦ ᠪᠠᠢᠬᠤ ᠳ᠋ᠤ᠌ ᠨᠢ ᠢᠯᠳᠦᠨ ᠳ᠋ᠡᠭᠡᠨ ᠴᠢᠰᠤ ᠲᠠᠢ ᠬᠥᠮᠦᠨ ᠢᠷᠡᠪᠡ ᠭᠡᠵᠦ ᠪᠣᠭᠳᠠ ᠬᠠᠭᠠᠨ ᠪᠣᠳᠣᠭᠰᠠᠨ ᠨᠢ ᠦᠭᠡᠢ᠃ ᠬᠠᠷᠢᠨ ᠴᠦ᠍ ᠡᠷᠬᠡ ᠴᠢᠯᠥᠭᠡ᠂ ᠲᠤᠰᠠᠭᠠᠷ ᠲᠣᠭᠲᠠᠨᠢᠯ ᠤ᠋ᠨ ᠲᠥᠯᠥᠭᠡ ᠠᠮᠢ ᠬᠠᠢᠷ᠎ᠠ ᠦᠭᠡᠢ ᠲᠡᠮᠡᠴᠡᠭᠴᠢ ᠲᠣᠭᠲᠠᠬᠤ ᠲᠠᠢᠵᠢ ᠶ᠋ᠢ ᠲᠡᠷᠢᠭᠦᠨ ᠵᠡᠷᠭᠡ ᠵᠢᠩᠰᠡ᠂ ᠲᠣᠭᠣᠰ ᠤ᠋ᠨ ᠤᠲᠤᠭ᠎ᠠ᠂ ᠵᠣᠷᠢᠭᠲᠤᠪᠠᠭᠠᠲᠤᠷ ᠴᠣᠯᠠ ᠱᠠᠩᠨᠠᠭᠰᠠᠨ ᠪᠠᠢᠨ᠎ᠠ᠃
ᠮᠥᠨ ᠬᠦ᠌ 1912 ᠣᠨ ᠳ᠋ᠤ᠌ ᠪᠤᠷᠢᠶᠠᠳ ᠤ᠋ᠨ ᠨᠤᠲᠤᠭ ᠡᠴᠡ ᠲᠡᠭᠦᠨ ᠦ᠌ ᠡᠬᠡᠨᠡᠷ ᠬᠡᠦᠬᠡᠳ ᠢ᠋ ᠠᠪᠴᠢᠷᠠᠵᠤ᠂ ᠤᠯᠤᠰ ᠤ᠋ᠨ ᠰᠠᠩ ᠡᠴᠡ ᠬᠠᠰᠢᠶ᠎ᠠ ᠪᠠᠢᠰᠢᠩ ᠬᠤᠳᠠᠯᠳᠤᠨ ᠠᠪᠴᠤ ᠥᠭᠭᠦᠭᠰᠡᠨ ᠲᠡᠳᠦᠢ ᠦᠭᠡᠢ ᠴᠡᠷᠢᠭ ᠦ᠋ᠨ ᠶᠠᠮᠤᠨ ᠤ᠋ ᠳᠡᠰ ᠲᠦᠰᠢᠮᠡᠯ ᠢ᠋ᠶ᠋ᠡᠷ ᠲᠣᠮᠢᠯᠠᠵᠠᠢ᠃ ᠶᠡᠷᠦ ᠨᠢ ᠣᠷᠣᠢ ᠶ᠋ᠢᠨ ᠳᠡᠭᠡᠳᠦ ᠪᠣᠭᠳᠠ ᠬᠠᠭᠠᠨ ᠤ᠋ ᠲᠡᠷᠢᠭᠦᠯᠡᠵᠦ ᠪᠠᠢᠭᠰᠠᠨ ᠣᠯᠠᠨ᠎ᠠ ᠡᠷᠭᠦᠭᠳᠡᠭᠰᠡᠨ ᠲᠥᠷᠥ 1911 ᠣᠨ ᠤ᠋ ᠦᠨᠳᠦᠰᠦᠨ ᠦ᠌ ᠡᠷᠬᠡ ᠴᠢᠯᠥᠭᠡᠨ ᠦ᠌ ᠬᠥᠳᠡᠯᠭᠡᠭᠡᠨ ᠳ᠋ᠦ᠍ ᠭᠠᠷ ᠪᠡᠶ᠎ᠡ ᠣᠷᠣᠯᠴᠠᠨ ᠵᠢᠳᠬᠦᠭᠰᠡᠨ ᠥᠪᠥᠷ ᠮᠣᠩᠭᠣᠯ ᠤ᠋ᠨ ᠡᠬᠡ ᠣᠷᠣᠨᠴᠢ ᠨᠡᠷᠡᠲᠦ ᠴᠠᠭ ᠤ᠋ᠨ ᠴᠠᠭ ᠲᠤ᠌ ᠭᠠᠷ ᠢ᠋ᠶ᠋ᠠᠨ ᠰᠤᠩᠭᠠᠵᠤ ᠪᠠᠢᠭᠰᠠᠨ ᠶᠤᠮ᠃
1912 ᠣᠨ ᠳ᠋ᠤ᠌ ᠪᠣᠭᠳᠠ ᠬᠠᠭᠠᠨ ᠤ᠋ ᠴᠡᠷᠢᠭ ᠪᠠᠷᠠᠭᠤᠨ ᠬᠢᠵᠠᠭᠠᠷ ᠬᠣᠪᠲᠣ ᠶ᠋ᠢ ᠳᠠᠭᠠᠷᠢᠬᠤ ᠦᠶ᠎ᠡ ᠳ᠋ᠦ᠍ ᠲᠣᠭᠲᠠᠬᠤ ᠥᠪᠡᠷ ᠦ᠋ᠨ ᠬᠠᠷᠢᠶᠠᠲᠤ ᠴᠡᠷᠢᠭ ᠢ᠋ᠶ᠋ᠡᠨ ᠲᠣᠮᠢᠯᠠᠨ ᠮᠠᠭᠰᠤᠷᠵᠠᠪ᠂ ᠳᠠᠮᠳᠢᠨᠰᠦ᠋ᠷᠦᠩ ᠳ᠋ᠦ᠍ ᠲᠤᠰᠠᠯᠠᠭᠤᠯᠵᠠᠢ᠃
ᠳᠤᠷᠠᠳᠤᠨ ᠪᠦᠬᠦᠢ ᠮᠠᠭᠰᠤᠷᠵᠠᠪ᠂ ᠲᠣᠭᠲᠠᠬᠤ᠂ ᠳᠠᠮᠳᠢᠨᠰᠦ᠋ᠷᠦᠩ ᠭᠤᠷᠪᠠ ᠶ᠋ᠢᠨ ᠵᠢᠷᠤᠮ ᠲᠠᠢ ᠶᠠᠪᠤᠯᠴᠠᠵᠤ ᠪᠠᠢᠭᠰᠠᠨ ᠲᠤᠬᠠᠢ ᠤᠯᠠᠮᠵᠢᠯᠠᠯ ᠶᠠᠷᠢᠶ᠎ᠠ ᠠᠷᠠᠳ ᠤ᠋ᠨ ᠳᠤᠮᠳᠠ ᠣᠯᠠᠨ ᠳᠡᠯᠭᠡᠷᠡᠵᠡᠢ᠃ ᠲᠡᠭᠦᠨ ᠡᠴᠡ ᠨᠢᠭᠡ ᠶ᠋ᠢ ᠥᠭᠦᠯᠡᠪᠡᠯ ―ᠲᠣᠭᠲᠠᠬᠤ᠂ ᠮᠠᠩᠯᠠᠢᠪᠠᠭᠠᠲᠤᠷ ᠳᠠᠮᠳᠢᠨᠰᠦ᠋ᠷᠦᠩ ᠲᠡᠢ ᠬᠦᠵᠢ ᠵᠤᠯᠠ ᠪᠠᠷᠢᠯᠴᠠᠨ ᠲᠣᠭᠲᠠᠬᠤ ᠠᠬ᠎ᠠ ᠨᠢ᠂ ᠳᠠᠮᠳᠢᠨᠰᠦ᠋ᠷᠦᠩ ᠳᠡᠭᠦᠦ ᠨᠢ ᠪᠣᠯᠵᠤ ᠶᠡᠬᠡ ᠯᠡ ᠳᠣᠲᠣᠨᠣ ᠨᠠᠢᠵᠠ ᠪᠠᠢᠵᠠᠢ᠃ ᠨᠢᠭᠡᠨ ᠡᠳᠦᠷ ᠮᠠᠩᠯᠠᠢᠪᠠᠭᠠᠲᠤᠷ ᠳᠠᠮᠳᠢᠨᠰᠦ᠋ᠷᠦᠩ ᠡᠴᠡ ᠡᠨᠡ ᠪᠡᠶ᠎ᠡ ᠪᠡᠨ ᠪᠢ  ᠬᠥᠯᠥᠨ ᠪᠤᠢᠷ ᠤ᠋ᠨ ᠠᠷᠠᠳ ᠲᠦᠮᠡᠨ ᠦ᠌ ᠲᠥᠯᠥᠭᠡ ᠵᠢᠳᠬᠦᠵᠦ ᠪᠠᠢᠭᠠᠳ ᠦᠬᠦᠨ᠎ᠡ ᠭᠡᠵᠦ ᠪᠣᠳᠣᠳᠠᠭ ᠭᠡᠬᠦ ᠳ᠋ᠦ᠍ ᠲᠣᠭᠲᠠᠬᠤ ᠶᠡᠬᠡ ᠯᠡ ᠰᠠᠢᠰᠢᠶᠠᠵᠤ ᠡᠷ᠎ᠡ ᠬᠥᠮᠦᠨ ᠲᠡᠢᠮᠦ ᠪᠠᠢᠬᠤ ᠶᠣᠰᠣᠲᠠᠢ᠂ ᠬᠠᠷᠢᠨ ᠪᠣᠭᠳᠠ ᠶ᠋ᠢᠨ ᠬᠡᠷᠬᠡᠮ ᠱᠠᠩᠨᠠᠯ ᠡᠷᠬᠡ ᠲᠤᠰᠢᠶᠠᠯ ᠳ᠋ᠤ᠌ ᠰᠢᠨᠤᠬᠠᠢᠷᠠᠵᠤ ᠲᠡᠷᠡ ᠰᠠᠢᠨ ᠵᠣᠷᠢᠯᠲᠠ ᠪᠠᠨ ᠮᠠᠷᠲᠠᠪᠠᠯ ᠲᠤᠰᠠ ᠦᠭᠡᠢ ᠰᠢᠦ ᠬᠡᠮᠡᠵᠡᠢ᠃ ᠮᠠᠩᠯᠠᠢᠪᠠᠭᠠᠲᠤᠷ ᠳᠠᠮᠳᠢᠨᠰᠦ᠋ᠷᠦᠩ ᠪᠢ ᠬᠡᠷᠬᠢᠪᠡᠴᠦ ᠴᠢᠩᠭᠢᠬᠦ ᠦᠭᠡᠢ᠃ ᠬᠡᠷᠪᠡ ᠡᠨᠡ ᠵᠣᠷᠢᠯᠭ᠎ᠠ ᠪᠠᠨ ᠠᠯᠳᠠᠪᠠᠰᠤ ᠬᠣᠢᠲᠤ ᠲᠥᠷᠥᠯ ᠳ᠋ᠡᠭᠡᠨ ᠤᠷᠲᠤ ᠡᠴᠡ ᠤᠷᠲᠤ ᠴᠢᠬᠢᠲᠡᠢ ᠡᠯᠵᠢᠭᠡ ᠪᠣᠯᠤᠨ᠎ᠠ ᠭᠡᠮᠡᠨ ᠠᠮᠠ ᠠᠯᠳᠠᠵᠤ ᠪᠠᠢᠭᠰᠠᠨ ᠬᠡᠮᠡᠮᠦᠢ᠃

ᠬᠤᠪᠢ ᠶ᠋ᠢᠨ ᠠᠮᠢᠳᠤᠷᠠᠯ
ᠪᠠᠭᠠᠲᠤᠷ ᠲᠣᠭᠲᠠᠬᠤ ᠶ᠋ᠢᠨ ᠦᠵᠡᠯ ᠢ᠋ᠶ᠋ᠡᠷ ᠬᠥᠮᠦᠵᠢᠭᠰᠡᠨ᠂ ᠡᠷᠭᠦᠮᠡᠯ ᠬᠦᠦ ᠨᠢ ᠪᠣᠯᠬᠤ ᠨᠡᠷᠡᠲᠦ ᠵᠣᠬᠢᠶᠠᠯᠴᠢ᠂ ᠲᠥᠷᠥ ᠨᠡᠢᠭᠡᠮ ᠦ᠋ᠨ ᠵᠢᠳᠬᠦᠯᠲᠡᠨ ᠰ ∙ ᠪᠤᠶᠠᠨᠨᠡᠮᠡᠬᠦ ᠮᠣᠩᠭᠣᠯ ᠲᠤᠭᠤᠷᠭᠠᠲᠠᠨ ᠢ᠋ ᠨᠢᠭᠡᠳᠬᠡᠬᠦ ᠦᠢᠯᠡᠰ ᠲᠦ᠍ ᠢᠳᠡᠪᠬᠢᠯᠡᠨ ᠵᠢᠳᠬᠦᠵᠦ ᠶᠠᠪᠤᠭᠰᠠᠨ ᠭᠠᠪᠢᠶᠠᠲᠠᠨ ᠪᠢᠯᠡ᠃