ᠰᠢᠵᠢᠷᠲᠦᠬᠦ ᠠᠷᠪᠠᠨ ᠰᠠᠷ᠎ᠠ - ᠪᠤᠶᠠᠨᠰᠠᠩ Шижиртүү арван сар-Буянсан ᠦᠯᠢᠭᠡᠷ ᠬᠣᠯᠪᠣᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠵᠢᠷᠲᠦᠬᠦ ᠠᠷᠪᠠᠨ ᠰᠠᠷ᠎ᠠ - ᠪᠤᠶᠠᠨᠰᠠᠩ Шижиртүү арван сар-Буянсан

ᠰᠢᠵᠢᠷᠲᠦᠬᠦ ᠠᠷᠪᠠᠨ ᠰᠠᠷ᠎ᠠ - ᠪᠤᠶᠠᠨᠰᠠᠩ Шижиртүү арван сар-Буянсан

2024-09-29

1554

ᠰᠢᠵᠢᠷᠲᠦᠬᠦ ᠠᠷᠪᠠᠨ ᠰᠠᠷ᠎ᠠ

        ᠬᠣᠯᠪᠣᠭ᠎ᠠ 

   ᠦᠭᠡ᠄ ᠬᠡᠷᠡᠢᠳ ᠭᠧᠯᠢᠭᠰᠠᠩᠪᠤᠤ 
   ᠬᠤᠭᠤᠷᠴᠢᠨ᠄ ᠪᠤᠶᠠᠨᠰᠠᠩ 

ᠠᠶᠠᠰ ᠤ᠋ᠨ ᠰᠠᠯᠬᠢᠨ ᠰᠢᠪᠡᠨᠡᠭᠡᠳ ᠪᠠᠢᠨ᠎ᠠ 
ᠠᠭᠠᠭ ᠲᠠᠢ ᠤᠯᠠᠷᠢᠯ ᠲᠠᠩᠰᠤᠭ ᠯᠠ ᠪᠠᠢᠨ᠎ᠠ 
ᠠᠶᠠᠯᠭᠤ ᠳᠠᠭᠤᠤ ᠳᠤᠭᠤᠯᠳᠠᠭᠠᠳ ᠪᠠᠢᠨ᠎ᠠ 
ᠠᠷᠪᠠᠨ ᠰᠠᠷ᠎ᠠ ᠪᠠᠨ ᠪᠡᠯᠭᠡᠯᠡᠭᠡᠳ ᠪᠠᠢᠨ᠎ᠠ 

ᠠᠯᠠᠭ ᠡᠭᠦᠯᠡ ᠬᠥᠪᠦᠯᠵᠡᠭᠡᠳ ᠪᠠᠢᠨ᠎ᠠ 
ᠠᠯᠤᠰ ᠬᠢᠵᠠᠭᠠᠷ ᠢ᠋ ᠵᠣᠷᠢᠭᠠᠳ ᠪᠠᠢᠨ᠎ᠠ 
ᠠᠶᠤᠤᠯᠢᠬᠠᠢ ᠵᠢᠷᠦᠬᠡ ᠳᠣᠭᠳᠣᠯᠤᠭᠠᠳ ᠪᠠᠢᠨ᠎ᠠ 
ᠠᠯᠳᠠᠩᠬᠠᠨ ᠮᠥᠴᠡ ᠨᠦ᠍ᠭᠦᠳ ᠢ᠋ ᠰᠢᠯᠦᠭᠯᠡᠮᠡᠷ ᠪᠠᠢᠨ᠎ᠠ 

ᠵᠠᠭᠠᠳᠠᠰᠤ ᠲᠩᠷᠢ ᠶ᠋ᠢᠨ ᠭᠦᠨ ᠢ᠋ᠶ᠋ᠡᠷ
ᠣᠳᠣᠳ ᠲᠦᠭᠡᠨ ᠰᠦᠮᠡᠯᠵᠡᠭᠰᠡᠨ
ᠵᠠᠬ᠎ᠠ ᠶ᠋ᠢᠨ ᠬᠦᠢᠲᠡᠨ ᠤᠷᠤᠰᠬᠠᠯ ᠢ᠋ᠶ᠋ᠠᠷ
ᠤᠰᠤᠨ ᠨᠢ ᠵᠠᠢᠷᠲᠤᠭᠰᠠᠨ ᠠᠷᠪᠠᠨ ᠰᠠᠷ᠎ᠠ

ᠵᠠᠢᠳᠠᠭᠤ ᠭᠠᠵᠠᠷ ᠤ᠋ᠨ ᠬᠣᠯᠠ ᠠ᠋ᠴᠠ 
ᠭᠡᠷ ᠨᠤᠲᠤᠭ ᠢ᠋ᠶ᠋ᠠᠨ ᠰᠠᠨᠠᠭᠠᠳ
ᠵᠠᠵᠢᠨ ᠪᠤᠭᠤᠷᠤᠯ ᠨᠠᠰᠤᠲᠠᠨ ᠢ᠋ᠶ᠋ᠠᠨ
ᠵᠢᠷᠦᠬᠡ ᠮᠢᠨᠢ ᠡᠨᠡᠷᠢᠳᠡᠭ ᠠᠷᠪᠠᠨ ᠰᠠᠷ᠎ᠠ

ᠬᠢᠷᠠᠭᠤ ᠨᠠᠪᠴᠢᠨ ᠳ᠋ᠤ᠌ ᠤᠨᠠᠭᠠᠳ
ᠬᠣᠷᠪᠣᠢᠵᠤ ᠰᠢᠷᠠᠯᠠᠵᠤ ᠬᠠᠲᠠᠭᠠᠳ
ᠬᠠᠢᠯᠠᠰᠤ ᠤᠯᠢᠶᠠᠰᠤᠨ ᠮᠣᠳᠣᠳ ᠨᠢ
ᠨᠠᠪᠴᠢᠰ ᠵᠤᠯᠭᠠᠷᠠᠬᠤ ᠠᠷᠪᠠᠨ ᠰᠠᠷ᠎ᠠ

ᠠᠷᠭᠠᠳᠠᠨ ᠤᠷᠤᠰᠬᠤ ᠭᠣᠣᠯ ᠨᠢ
ᠠᠷᠠᠯ ᠨᠢ ᠴᠠᠩᠲᠤᠵᠤ ᠴᠠᠷᠴᠠᠭᠰᠠᠨ
ᠠᠲᠠᠷ ᠤ᠋ᠨ ᠨᠣᠭᠣᠭᠠᠨ ᠪᠡᠯᠴᠢᠭᠡᠷ ᠨᠢ
ᠠᠯᠠᠭᠯᠠᠨ ᠰᠢᠷᠭᠠᠯᠲᠤᠭᠰᠠᠨ ᠠᠷᠪᠠᠨ ᠰᠠᠷ᠎ᠠ

ᠥᠨᠳᠥᠷ ᠠᠭᠤᠯᠠ ᠶ᠋ᠢᠨ ᠬᠦᠪᠲᠦᠯ ᠨᠢ
ᠥᠩᠭᠡ ᠵᠢᠰᠦ ᠨᠢ ᠪᠤᠭᠤᠷᠤᠯᠳᠠᠭᠠᠳ
ᠡᠭᠡᠯᠵᠢᠯᠡᠬᠦ ᠤᠯᠠᠷᠢᠯ ᠤ᠋ᠨ ᠵᠢᠮ᠎ᠡ ᠪᠡᠷ
ᠡᠪᠦᠯ ᠪᠠᠷᠠᠳᠠᠭᠰᠠᠨ ᠠᠷᠪᠠᠨ ᠰᠠᠷ᠎ᠠ

ᠦᠬᠡᠷ ᠮᠠᠯ ᠤ᠋ᠨ ᠰᠦᠷᠦᠭ ᠨᠢ
ᠦᠰᠦ ᠨᠢ ᠭᠢᠯᠲᠠᠭᠠᠨᠠ ᠲᠠᠷᠭᠤᠯᠠᠭᠠᠳ
ᠥᠨᠳᠥᠷ ᠤᠨᠠᠯᠲᠠ ᠲᠠᠢ ᠲᠠᠷᠢᠶ᠎ᠠ ᠨᠢ
ᠥᠳᠬᠡᠨ ᠰᠢᠷᠭᠠᠯ ᠠᠷᠪᠠᠨ ᠰᠠᠷ᠎ᠠ

ᠨᠡᠭᠦᠳᠡᠯ ᠦ᠋ᠨ ᠣᠯᠠᠨ ᠰᠢᠪᠠᠭᠤᠳ ᠨᠢ
ᠬᠠᠯᠢᠨ ᠡᠷᠭᠢᠯᠳᠦᠨ ᠬᠣᠷᠭᠣᠳᠠᠭᠠᠳ
ᠨᠠᠭᠤᠷ ᠱᠠᠩᠳᠠ ᠮᠡᠯᠮᠡᠷᠡᠭᠡᠳ
ᠭᠠᠯᠠᠭᠤᠳ ᠢ᠋ᠶ᠋ᠠᠨ ᠮᠡᠯᠮᠡᠢᠳᠡᠭᠰᠡᠨ ᠠᠷᠪᠠᠨ ᠰᠠᠷ᠎ᠠ

ᠮᠠᠩᠨᠤᠭ ᠲᠠᠯ᠎ᠠ ᠶ᠋ᠢᠨ ᠬᠠᠳᠤᠯᠠᠩ ᠳ᠋ᠤ᠌ 
ᠮᠠᠰᠢᠨᠴᠢᠯᠠᠯᠲᠠ ᠬᠥᠳᠡᠯᠭᠡᠭᠦᠷ ᠨᠢ ᠲᠦᠷᠴᠢᠭᠢᠨᠡᠭᠡᠳ
ᠮᠠᠯ ᠤ᠋ᠨ ᠪᠣᠷᠳᠣᠭ᠎ᠠ ᠪᠠᠨ ᠨᠥᠭᠡᠴᠡᠯᠡᠭᠰᠡᠨ
ᠮᠠᠰᠢ ᠬᠥᠭᠵᠢᠶᠡᠨ ᠲᠡᠢ ᠠᠷᠪᠠᠨ ᠰᠠᠷ᠎ᠠ

ᠡᠷᠳᠡᠨᠢ ᠰᠢᠰᠢ ᠶ᠋ᠢᠨ ᠲᠠᠷᠢᠶ᠎ᠠ ᠨᠢ
ᠡᠯᠪᠡᠭ ᠬᠤᠷᠢᠶᠠᠯᠲᠠ ᠪᠠᠷ ᠪᠢᠯᠬᠠᠭᠠᠳ
ᠡᠷᠭᠢᠭᠦᠯᠭᠡ ᠮᠠᠰᠢᠨ ᠨᠤᠭᠤᠳ ᠨᠢ ᠳᠠᠪᠬᠢᠯᠳᠤᠭᠠᠳ
ᠡᠳᠦᠷᠵᠢᠨ ᠶᠠᠭᠠᠷᠠᠯᠲᠠᠢ ᠠᠷᠪᠠᠨ ᠰᠠᠷ᠎ᠠ

ᠤᠨᠤᠭ᠎ᠠ ᠮᠣᠷᠢᠳ ᠨᠢ ᠰᠤᠭᠳᠠᠢᠵᠤ
ᠤᠶᠠᠭ᠎ᠠ ᠴᠢᠮᠡᠨ ᠭᠠᠯᠪᠢᠷᠠᠭᠠᠳ
ᠤᠨᠤᠭᠠᠳ ᠬᠣᠯᠠ ᠮᠣᠷᠳᠠᠬᠤ ᠳ᠋ᠤ᠌
ᠣᠪᠣᠭ᠎ᠠ ᠬᠡᠢᠮᠣᠷᠢ ᠲᠠᠢ ᠠᠷᠪᠠᠨ ᠰᠠᠷ᠎ᠠ

ᠤᠯᠠᠭᠠᠨ ᠨᠠᠷᠠᠨ ᠤ᠋ ᠲᠤᠶᠠᠭ᠎ᠠ
ᠣᠷᠴᠢᠯᠠᠩ ᠳᠡᠯᠡᠬᠡᠢ ᠶ᠋ᠢ ᠭᠡᠢᠭᠦᠯᠵᠦ
ᠣᠯᠠᠨ ᠲᠦᠮᠡᠨ ᠦ᠌ ᠤᠷᠢᠶ᠎ᠠ ᠲᠠᠢ 
ᠤᠯᠤᠰ ᠪᠠᠢᠭᠤᠯᠤᠭᠳᠠᠭᠰᠠᠨ ᠠᠷᠪᠠᠨ ᠰᠠᠷ᠎ᠠ

ᠠᠽᠢᠶ᠎ᠠ ᠶ᠋ᠢᠨ ᠨᠢᠷᠤᠭᠤᠨ ᠳ᠋ᠤ᠌ ᠬᠥᠭᠵᠢᠭᠰᠡᠨ
ᠭᠦᠷᠦᠨ ᠦ᠌ ᠮᠠᠨᠳᠤᠯ ᠢ᠋ᠶ᠋ᠠᠨ ᠪᠠᠬᠠᠷᠬᠠᠶ᠎ᠠ
ᠠᠯᠲᠠᠨ ᠨᠠᠮᠤᠷ ᠤ᠋ᠨ ᠥᠩᠭᠡ ᠬᠡᠮᠨᠡᠵᠦ
ᠠᠶᠠᠭᠠᠨ ᠤ᠋ ᠳᠡᠭᠡᠵᠢ ᠪᠡᠨ ᠡᠷᠭᠦᠶ᠎ᠡ

ᠠᠢᠰᠤᠢ ᠴᠠᠭ ᠮᠥᠴᠡ ᠨᠦ᠍ᠭᠦᠳ ᠦ᠋ᠨ
ᠠᠶᠠᠨ ᠤ᠋ ᠳᠥᠷᠥᠭᠡ ᠶ᠋ᠢ ᠮᠢᠯᠢᠶᠠᠶ᠎ᠠ
ᠠᠩᠬᠢᠷᠯᠠᠨ ᠰᠢᠵᠢᠷᠲᠦᠬᠦ ᠨᠤᠲᠤᠭ ᠤ᠋ᠨ ᠢ᠋ᠶ᠋ᠠᠨ
ᠠᠬᠢᠯᠲᠠ ᠲᠠᠪᠰᠢᠯᠲᠠ ᠶ᠋ᠢ ᠵᠥᠩᠨᠡᠶ᠎ᠡ!

          20232᠂9᠂15

   ᠦᠰᠦᠭ ᠠᠮᠢᠯᠠᠭᠤᠯᠤᠭᠴᠢ᠄ ᠤᠷᠠᠨᠴᠢᠮᠡᠭ
   ᠦᠰᠦᠭ ᠬᠠᠳᠠᠭᠴᠢ᠄ᠴᠡᠴᠡᠭ
   ᠬᠢᠨᠠᠭᠴᠢ᠄ ᠣᠳᠬᠠᠨᠰᠣ᠎ᠠ