ᠨᠢᠷᠤᠭᠤᠨ ᠶᠠᠰᠤᠨ ᠤ᠋ ᠬᠡᠯᠡᠯᠭᠡ ᠲᠠᠢᠯᠪᠤᠷᠢНуруун ясны хэллэг тайлбар
ᠨᠢᠷᠤᠭᠤᠨ ᠶᠠᠰᠤᠨ ᠤ᠋ ᠬᠡᠯᠡᠯᠭᠡ ᠲᠠᠢᠯᠪᠤᠷᠢ
1᠂ ᠬᠠᠨ ᠭᠠᠷᠤᠳᠢ ᠶ᠋ᠢᠨ ᠳᠠᠯᠠᠪᠴᠢ
2᠂ ᠠᠯᠲᠠᠨ ᠬᠠᠩᠭᠠᠢ ᠶ᠋ᠢᠨ ᠨᠢᠷᠤᠭᠤ
3᠂ ᠬᠠᠲᠤᠨ ᠬᠥᠮᠦᠨ ᠦ᠌ ᠰᠠᠭᠤᠳᠠᠯ
4᠂ ᠰᠠᠢᠨ ᠡᠷ᠎ᠡ ᠶ᠋ᠢᠨ ᠮᠠᠩᠨᠠᠢ
5᠂ ᠤᠷᠠᠨ ᠬᠥᠮᠦᠨ ᠦ᠌ ᠬᠢᠮᠤᠰᠤ
6᠂ ᠬᠦᠷᠬᠢᠷ᠎ᠡ ᠶ᠋ᠢᠨ ᠬᠥᠨᠳᠡᠢ
7᠂ ᠬᠣᠩ ᠬᠡᠷᠢᠶ᠎ᠡ ᠶ᠋ᠢᠨ ᠬᠣᠰᠢᠭᠤ
8᠂ ᠬᠤᠷᠳᠤᠨ ᠮᠣᠷᠢᠨ ᠤ᠋ ᠰᠣᠶᠣᠭ᠎ᠠ ᠵᠠ ᠶᠠᠭ ᠯᠠ ᠮᠥᠨ᠃
ᠵᠠ! ᠬᠤᠷ᠎ᠠ ᠳ᠋ᠤ᠌ ᠬᠤᠮᠢᠯᠲᠠ ᠦᠭᠡᠢ ᠰᠠᠯᠬᠢᠨ ᠳ᠋ᠤ᠌ ᠳᠠᠢᠪᠢᠯᠲᠠ ᠦᠭᠡᠢ ᠶᠢᠷᠲᠢᠨᠴᠦ ᠶ᠋ᠢ ᠭᠠᠲᠤᠯᠵᠤ ᠪᠠᠢᠭᠰᠠᠨ ᠢ᠋ᠶ᠋ᠠᠷ ᠢ᠋ᠶ᠋ᠠᠨ ᠬᠠᠨ ᠭᠠᠷᠤᠳᠢ ᠶ᠋ᠢᠨ ᠳᠠᠯᠠᠪᠴᠢ ᠨᠡᠷ᠎ᠡ ᠶ᠋ᠢ ᠣᠯᠵᠠᠢ᠃
ᠠᠷᠤ ᠠ᠋ᠴᠠ ᠨᠢ ᠠᠢᠷᠠᠭ ᠰᠦ ᠭᠠᠷᠴᠤ ᠡᠪᠦᠷ ᠡᠴᠡ ᠨᠢ ᠥᠭᠡᠬᠦ ᠲᠣᠰᠣ ᠭᠠᠷᠴᠤ ᠪᠠᠢᠭᠰᠠᠨ ᠢ᠋ᠶ᠋ᠠᠷ ᠢ᠋ᠶ᠋ᠠᠨ ᠠᠯᠲᠠᠢ ᠬᠠᠩᠭᠠᠢ ᠶ᠋ᠢᠨ ᠨᠢᠷᠤᠭᠤᠨ ᠨᠡᠷ᠎ᠡ ᠶ᠋ᠢ ᠣᠯᠵᠠᠢ᠃
ᠲᠦᠮᠡᠨ ᠴᠡᠷᠢᠭ ᠦ᠋ᠨ ᠲᠦᠷᠦᠭᠦᠦ ᠪᠣᠯᠵᠤ ᠮᠢᠩᠭᠠᠨ ᠴᠡᠷᠢᠭ ᠦ᠋ᠨ ᠮᠠᠩᠯᠠᠢ ᠪᠣᠯᠵᠤ ᠶᠠᠪᠤᠭᠰᠠᠨ ᠠ᠋ᠴᠠ ᠰᠠᠢᠨ ᠡᠷ᠎ᠡ ᠶ᠋ᠢᠨ ᠮᠠᠩᠨᠠᠢ ᠶ᠋ᠢᠨ ᠨᠡᠷ᠎ᠡ ᠶ᠋ᠢ ᠣᠯᠵᠠᠢ᠃
ᠮᠢᠩᠭᠠᠨ ᠴᠡᠷᠢᠭ ᠮᠢᠲᠠᠷᠠᠰᠢ ᠦᠭᠡᠢ ᠲᠦᠮᠡᠨ ᠴᠡᠷᠢᠭ ᠲᠦᠭᠳᠡᠷᠡᠰᠢ ᠦᠭᠡᠢ ᠥᠭᠰᠥᠵᠦ ᠤᠷᠤᠭᠤᠳᠠᠵᠤ ᠪᠠᠢᠭᠰᠠᠨ ᠢ᠋ᠶ᠋ᠠᠷ ᠢ᠋ᠶ᠋ᠠᠨ ᠬᠦᠷᠬᠢᠷ᠎ᠡ ᠶ᠋ᠢᠨ ᠬᠥᠨᠳᠡᠢ ᠶ᠋ᠢᠨ ᠨᠡᠷ᠎ᠡ ᠶ᠋ᠢ ᠣᠯᠵᠠᠢ᠃
ᠢᠷᠡᠬᠦ ᠬᠠᠭᠠᠨ ᠤ᠋ ᠰᠢᠷᠡᠭᠡ ᠶ᠋ᠢ ᠤᠭᠲᠤᠨ ᠰᠡᠢᠯᠵᠦ ᠶᠠᠪᠤᠬᠤ ᠬᠠᠭᠠᠨ ᠤ᠋ ᠰᠢᠷᠡᠭᠡ ᠶ᠋ᠢ ᠳᠠᠭᠠᠨ ᠰᠡᠢᠯᠵᠦ ᠪᠠᠢᠭᠰᠠᠨ ᠢ᠋ᠶ᠋ᠠᠷ ᠢ᠋ᠶ᠋ᠠᠨ ᠤᠷᠠᠨ ᠬᠥᠮᠦᠨ ᠦ᠌ ᠬᠢᠮᠤᠰᠤᠨ ᠨᠡᠷ᠎ᠡ ᠶ᠋ᠢ ᠣᠯᠵᠠᠢ᠃
ᠳᠠᠭᠠᠷᠢᠨ ᠢ᠋ ᠮᠡᠳᠡᠵᠦ ᠳᠠᠪᠠᠭ᠎ᠠ ᠳᠠᠪᠠᠵᠤ ᠤᠯᠠᠢ ᠮᠡᠳᠡᠵᠦ ᠠᠭᠤᠯᠠ ᠳᠠᠪᠠᠵᠤ ᠪᠠᠢᠭᠰᠠᠨ ᠢ᠋ᠶ᠋ᠠᠷ ᠢ᠋ᠶ᠋ᠠᠨ ᠬᠣᠩ ᠬᠡᠷᠢᠶ᠎ᠡ ᠬᠤᠰᠢᠭᠤᠨ ᠨᠡᠷ᠎ᠡ ᠶ᠋ᠢ ᠣᠯᠵᠠᠢ᠃
ᠬᠤᠳᠠᠷᠭ᠎ᠠ ᠦᠭᠡᠢ ᠪᠡᠷ ᠬᠤᠯᠠᠨ ᠭᠦᠢᠴᠡᠵᠦ ᠣᠯᠣᠩ ᠦᠭᠡᠢ ᠪᠡᠷ ᠣᠭᠣᠨᠣ ᠭᠦᠢᠴᠡᠵᠦ ᠪᠠᠢᠭᠰᠠᠨ ᠢ᠋ᠶ᠋ᠠᠷ ᠢ᠋ᠶ᠋ᠠᠨ ᠰᠠᠢᠨ ᠮᠣᠷᠢᠨ ᠰᠣᠶᠣᠭ᠎ᠠ ᠨᠡᠷ᠎ᠡ ᠶ᠋ᠢ ᠣᠯᠵᠠᠢ᠃
ᠵᠠ ᠡᠭᠦᠨ ᠢ᠋ ᠬᠠᠷ᠎ᠠ ᠬᠥᠮᠦᠨ ᠦᠵᠡᠵᠦ ᠠᠯᠠᠭᠰᠠᠨ ᠶᠤᠮ ᠪᠠᠢᠨ᠎ᠠ᠂ ᠲᠥᠬᠥᠭᠡᠷᠡᠭᠰᠡᠨ ᠶᠦᠮ ᠪᠠᠢᠨ᠎ᠠ᠂ ᠬᠠᠷᠠᠴᠤ ᠨᠢ ᠢᠳᠡᠭᠰᠡᠨ ᠶᠦᠮ ᠪᠠᠢᠨ᠎ᠠ᠂ ᠬᠠᠷ᠎ᠠ ᠨᠣᠬᠠᠢ ᠳ᠋ᠤ᠌ ᠬᠠᠶᠠᠵᠤ ᠥᠭᠬᠦ ᠴᠠᠭ ᠨᠢ ᠪᠣᠯᠵᠠᠢ᠃
ᠦᠰᠦᠭ ᠠᠮᠢᠯᠠᠭᠤᠯᠤᠭᠴᠢ ᠬᠠᠳᠠᠭᠴᠢ᠄ ᠬᠡᠷᠡᠢᠳ ᠨᠠᠷᠠᠰᠤ
ᠬᠢᠨᠠᠭᠴᠢ᠄ ᠪᠦᠷᠭᠦᠳ᠂ ᠪᠦᠷᠢᠨ᠎ᠡ᠂ ᠰ᠂ ᠳᠣᠷᠣᠨ᠎ᠠ᠂ ᠰᠣᠳᠣᠪᠢᠯᠢᠭ᠌
