ᠠᠷᠢᠭᠤᠨ ᠴᠠᠭᠠᠨ ᠬᠠᠳᠠᠭ-ᠪᠠᠶᠠᠨ᠌ᠠᠡᠭᠤᠯᠠАригун цагаан хадаг- Баян-уул
ᠠᠷᠢᠭᠤᠨ ᠴᠠᠭᠠᠨ ᠬᠠᠳᠠᠭ
ᠵᠧ
ᠠᠰᠢᠳᠠ ᠶ᠋ᠢᠨ ᠭᠤᠷᠪᠠᠨ ᠪᠡᠯᠭᠡ ᠶ᠋ᠢᠨ ᠣᠬᠢ ᠪᠣᠯᠬᠤ
ᠠᠷᠢᠭᠤᠨ ᠴᠠᠭᠠᠨ ᠬᠠᠳᠠᠭ ᠡᠨᠡ ᠪᠣᠯᠪᠠᠰᠤ
ᠤᠷᠭᠤᠬᠤ ᠨᠠᠷᠠᠨ ᠤ᠋ ᠲᠡᠷᠡ ᠡᠮᠦᠨ᠎ᠡ ᠵᠦᠭ ᠲᠦ᠍
ᠤᠬᠠᠭᠠᠨᠲᠤ ᠶᠡᠬᠡ ᠨᠠᠩᠭᠢᠶᠠᠳ ᠤ᠋ᠨ ᠬᠥᠮᠦᠨ ᠠᠷᠠᠳ
ᠤᠷᠠᠨ ᠡᠷᠳᠡᠮ ᠢ᠋ᠶ᠋ᠡᠷ ᠬᠦᠷᠢ ᠶ᠋ᠢᠨ ᠰᠢᠷᠬᠡᠭ ᠢ᠋ ᠰᠦᠯᠵᠢᠵᠦ
ᠤᠷᠢᠳᠤ ᠡᠷᠲᠡ ᠬᠠᠳᠠᠭ ᠡᠭᠦᠨ ᠢ᠋ ᠡᠭᠦᠳᠦᠭᠰᠡᠨ ᠶᠦᠮ᠃
ᠨᠠᠷᠢᠨ ᠮᠢᠨᠳᠠᠰᠤᠨ ᠰᠢᠷᠬᠡᠭ ᠢ᠋ ᠰᠣᠩᠭᠣᠵᠤ ᠬᠢᠭᠰᠡᠨ
ᠨᠠᠪᠴᠢ ᠴᠡᠴᠡᠭ ᠦ᠋ᠨ ᠭᠣᠶᠣᠯᠠᠯ ᠢ᠋ ᠤᠷᠠᠯᠠᠵᠤ ᠰᠦᠯᠵᠢᠭᠰᠡᠨ
ᠨᠠᠷᠠᠨ ᠰᠠᠷᠠᠨ ᠲᠢᠲᠢᠮ ᠦ᠋ᠨ ᠲᠥᠪ ᠳᠤᠮᠳᠠ
ᠨᠠᠮᠵᠤ ᠸᠠᠩᠳᠡᠩ ᠦᠰᠦᠭ ᠦ᠋ᠨ ᠪᠡᠯᠭᠡ ᠵᠣᠬᠢᠶᠠᠵᠤ
ᠨᠠᠭᠠᠨ᠎ᠠ ᠴᠠᠭᠠᠨ᠎ᠠ ᠵᠠᠬ᠎ᠠ ᠬᠥᠪᠡᠭᠡ ᠲᠣᠭᠣᠷᠢᠨ
ᠨᠠᠢ᠍ᠮᠠᠨ ᠥᠯᠵᠡᠢ ᠲᠡᠮᠳᠡᠭ ᠦ᠋ᠨ ᠬᠡ ᠪᠡᠯᠭᠡᠳᠡᠭᠰᠡᠨ
ᠡᠭᠦᠯᠡᠨ ᠬᠡ ᠶ᠋ᠢᠨ ᠳᠤᠮᠳᠠ ᠥᠯᠵᠡᠢ ᠵᠠᠩᠭᠢᠶᠠᠲᠠᠢ
ᠡᠭᠦᠳᠡᠨ ᠡᠩ ᠦ᠋ᠨ ᠲᠣᠭᠣᠷᠢᠨ ᠠᠯᠤᠬᠠᠨ ᠬᠥᠪᠡᠭᠡᠲᠡᠢ
ᠬᠣᠶᠠᠷ ᠦᠵᠦᠭᠦᠷ ᠲᠠᠯ᠎ᠠ ᠮᠢᠨᠳᠠᠰᠤᠨ ᠰᠠᠴᠤᠭᠲᠠᠢ
ᠬᠣᠣᠰ ᠠᠯᠲᠠ ᠰᠤᠩᠭᠠᠮᠠ ᠤᠷᠲᠤ ᠬᠡᠮᠵᠢᠶᠡᠲᠡᠢ
ᠲᠣᠭᠣᠰᠣ ᠦᠯᠦ ᠲᠣᠭᠲᠠᠬᠤ ᠬᠤᠷᠴᠠ ᠥᠩᠭᠡᠲᠡᠢ
ᠲᠣᠰᠣ ᠦᠯᠦ ᠨᠡᠪᠲᠡᠷᠡᠬᠦ ᠰᠠᠢᠨ ᠴᠢᠨᠠᠷᠲᠠᠢ
ᠪᠤᠷᠲᠠᠭ ᠦᠯᠦ ᠨᠠᠭᠠᠯᠳᠤᠬᠤ ᠴᠡᠪᠡᠷ ᠥᠩᠭᠡᠲᠦ
ᠪᠤᠵᠠᠷ ᠦᠯᠦ ᠬᠠᠯᠳᠠᠬᠤ ᠠᠷᠢᠭᠤᠨ ᠴᠢᠨᠠᠷᠲᠠᠢ
ᠬᠤᠷᠮᠤᠰᠲᠠ ᠲᠡᠭᠷᠢ ᠶ᠋ᠢᠨ ᠠᠷᠢᠭᠤᠨ ᠭᠬᠢᠪ ᠭᠡᠮᠡᠨ
ᠬᠤᠨ ᠴᠠᠭᠠᠨ ᠥᠩᠭᠡ ᠶ᠋ᠢ ᠪᠡᠯᠭᠡ ᠵᠣᠬᠢᠶᠠᠵᠤ
ᠮᠥᠩᠬᠡ ᠲᠥᠷᠥ ᠶ᠋ᠢᠨ ᠬᠦᠨᠳᠦ ᠪᠡᠯᠡᠭ ᠭᠡᠮᠡᠨ
ᠮᠥᠩᠭᠥᠨ ᠴᠠᠭᠠᠨ ᠥᠩᠭᠡ ᠶ᠋ᠢ ᠲᠡᠮᠳᠡᠭ ᠪᠣᠯᠭᠠᠵᠤ
ᠠᠷᠢᠭᠤᠨ ᠴᠠᠭᠠᠨ ᠬᠠᠳᠠᠭ ᠡᠭᠦᠨ ᠢ᠋ ᠪᠢᠳᠡ
ᠠᠰᠢᠳᠠ ᠶ᠋ᠢᠨ ᠪᠡᠯᠡᠭ ᠪᠣᠯᠭᠠᠳᠠᠭ ᠤ᠋ᠨ ᠤᠴᠢᠷ ᠡᠨᠡ ᠪᠢᠯᠡ
ᠥᠯᠵᠡᠢᠲᠦ ᠬᠠᠳᠠᠭ ᠡᠭᠦᠨ ᠢ᠋ ᠳᠡᠯᠭᠡᠨ ᠪᠠᠷᠢᠭᠠᠳ
ᠥᠨᠳᠥᠷ ᠡᠷᠭᠦᠵᠦ ᠳᠡᠪᠰᠢᠭᠦᠯᠦᠨ ᠪᠡᠯᠡᠭᠯᠡᠮᠦ!
ᠥᠨᠢᠷ ᠮᠣᠩᠭᠣᠯ ᠤ᠋ᠨ ᠬᠦᠨᠳᠦᠲᠦ ᠪᠡᠯᠡᠭ ᠬᠡᠮᠡᠵᠦ
ᠥᠷᠥᠰᠢᠶᠡᠨ ᠳᠠᠭᠠᠯᠠᠪᠠᠰᠤ ᠬᠦᠯᠢᠶᠡᠨ ᠠᠪᠬᠤ ᠠᠵᠢᠶᠠᠮᠤ!
ᠦᠰᠦᠭ ᠠᠮᠢᠯᠠᠭᠤᠯᠤᠭᠴᠢ᠄ ᠪᠠᠶᠠᠨ᠌ᠠᠡᠭᠤᠯᠠ