ᠭᠣᠶᠣᠬᠠᠨ ᠳᠠ-ᠬᠣᠯᠪᠣᠭ᠎ᠠ-ᠪᠤᠶᠠᠨᠰᠠᠩГоёхон да-холбоо-Буянсан
ᠭᠣᠶᠣᠬᠠᠨ ᠳᠠ
(ᠬᠣᠯᠪᠣᠭ᠎ᠠ)
ᠦᠭᠡ᠄ ᠬᠡᠷᠡᠢᠳ ᠭᠧᠯᠢᠬᠰᠠᠩᠪᠤᠤ
ᠬᠤᠭᠤᠷᠴᠢᠨ᠄ ᠪᠤᠶᠠᠨᠰᠠᠩ
ᠬᠣᠨᠢᠨ ᠴᠠᠭᠠᠨ ᠡᠭᠦᠯᠡᠨ ᠡᠴᠡ
ᠬᠤᠷ᠎ᠠ ᠪᠠᠭᠤᠬᠤ ᠨᠢ ᠭᠣᠶᠣᠬᠠᠨ ᠳᠠ
ᠬᠣᠩᠭᠣᠷ ᠨᠤᠲᠤᠭ ᠤ᠋ᠨ ᠪᠠᠢᠭᠠᠯᠢ ᠪᠠᠨ
ᠬᠤᠭᠤᠷᠳᠠᠨ ᠶᠠᠷᠢᠬᠤ ᠳ᠋ᠤ᠌ ᠭᠣᠶᠣᠬᠠᠨ ᠳᠠ
ᠨᠤᠭᠤ ᠶ᠋ᠢᠨ ᠨᠣᠭᠣᠭ᠎ᠠ ᠰᠤᠭᠤᠷᠠᠵᠤ
ᠨᠣᠮᠢᠨ ᠳᠠᠪᠠᠯᠭᠠᠯᠠᠬᠤ ᠨᠢ ᠭᠣᠶᠣᠬᠠᠨ ᠳᠠ
ᠨᠣᠭᠣᠭᠠᠷᠠᠬᠤ ᠵᠤᠨ ᠤ᠋ ᠦᠵᠡᠮᠵᠢ ᠶ᠋ᠢ
ᠨᠣᠣᠷᠠᠭᠯᠠᠵᠤ ᠰᠢᠯᠦᠭᠯᠡᠬᠦ ᠨᠢ ᠭᠣᠶᠣᠬᠠᠨ ᠳᠠ
ᠠᠭᠤᠯᠠ ᠶ᠋ᠢᠨ ᠵᠢᠮᠢᠰ ᠪᠣᠯᠪᠠᠰᠤᠷᠠᠵᠤ
ᠤᠯᠠᠢᠵᠤ ᠰᠢᠷᠠᠯᠠᠬᠤ ᠨᠢ ᠭᠣᠶᠣᠬᠠᠨ ᠳᠠ
ᠠᠭᠤᠳᠠᠮ ᠲᠠᠯ᠎ᠠ ᠶ᠋ᠢ ᠨᠣᠭᠲᠣᠯᠠᠭᠰᠠᠨ
ᠤᠷᠤᠰᠬᠠᠯ ᠭᠣᠣᠯ ᠭᠣᠶᠣᠬᠠᠨ ᠳᠠ
ᠨᠠᠭᠤᠷ ᠴᠥᠭᠥᠷᠥᠮ ᠨᠢ ᠮᠡᠯᠮᠡᠯᠵᠡᠭᠰᠡᠨ
ᠨᠣᠭᠣᠭᠠᠨ ᠪᠦᠷᠢᠳᠦ ᠨᠢ ᠭᠣᠶᠣᠬᠠᠨ ᠳᠠ
ᠨᠤᠭᠤᠰᠤ ᠭᠠᠯᠠᠭᠤᠳ ᠤ᠋ᠨ ᠳᠡᠭᠳᠡᠭᠡᠬᠡᠶ᠋ᠢᠳ ᠨᠢ
ᠨᠦᠷᠭᠢᠶᠡᠨ ᠱᠤᠤᠭᠢᠶᠠᠨ ᠨᠢ ᠭᠣᠶᠣᠬᠠᠨ ᠳᠠ
ᠲᠠᠪᠤᠨ ᠬᠣᠰᠢᠭᠤ ᠮᠠᠯ ᠨᠢ
ᠲᠠᠷᠭᠤ ᠬᠦᠴᠦ ᠲᠡᠢ ᠨᠢ ᠭᠣᠶᠣᠬᠠᠨ ᠳᠠ
ᠲᠠᠪᠤᠨ ᠲᠠᠷᠢᠶ᠎ᠠ ᠬᠠᠯᠢᠭᠤᠷᠠᠭᠠᠳ
ᠲᠠᠩᠰᠤᠭ ᠬᠤᠷᠢᠶᠠᠯᠲᠠ ᠲᠠᠢ ᠭᠣᠶᠣᠬᠠᠨ ᠳᠠ
ᠰᠠᠭᠠᠯᠢ ᠶ᠋ᠢᠨ ᠦᠨᠢᠶᠡᠳ ᠦ᠋ᠨ ᠳᠠᠯᠠᠩ ᠠ᠋ᠴᠠ
ᠰᠠᠳᠠᠷᠠᠬᠤ ᠰᠦ ᠨᠢ ᠭᠣᠶᠣᠬᠠᠨ ᠳᠠ
ᠰᠠᠭᠤᠯᠠᠭ᠎ᠠ ᠳᠦᠭᠦᠷᠡᠩ ᠮᠡᠯᠮᠡᠷᠡᠭᠦᠯᠵᠦ
ᠰᠠᠴᠤᠯᠢ ᠡᠷᠭᠦᠬᠦ ᠨᠢ ᠭᠣᠶᠣᠬᠠᠨ ᠳᠠ
ᠬᠠᠭᠤᠷᠠᠢ ᠠᠮᠤ ᠶ᠋ᠢᠨ ᠬᠣᠯᠢᠴᠠ
ᠬᠤᠷᠤᠳ ᠲᠣᠰᠣ ᠨᠢ ᠰᠢᠮ᠎ᠡ ᠲᠠᠢ ᠳᠠ
ᠲᠡᠵᠢᠭᠡᠯ ᠰᠠᠢᠲᠠᠢ ᠤᠮᠳᠠ
ᠲᠠᠷᠠᠭ ᠠᠢᠷᠠᠭ ᠨᠢ ᠭᠣᠶᠣᠬᠠᠨ ᠳᠠ
ᠨᠠᠷᠠ ᠬᠤᠷ᠎ᠠ ᠲᠡᠩᠴᠡᠭᠰᠡᠨ
ᠨᠠᠯᠠᠭᠠᠷ ᠨᠠᠮᠤᠷ ᠭᠣᠶᠣᠬᠠᠨ ᠳᠠ
ᠨᠠᠰᠤᠲᠠᠢ ᠨᠢᠯᠬ᠎ᠠ ᠪᠠᠷ ᠢ᠋ᠶ᠋ᠠᠨ ᠡᠷᠡᠭᠦᠯ
ᠨᠡᠢᠭᠡᠮ ᠦ᠋ᠨ ᠵᠢᠰᠦ ᠨᠢ ᠭᠣᠶᠣᠬᠠᠨ ᠳᠠ
ᠣᠪᠣᠭ᠎ᠠ ᠬᠠᠢᠷᠬᠠᠨ ᠢ᠋ ᠬᠣᠯᠪᠣᠭᠰᠠᠨ
ᠤᠨᠢᠶᠠᠷ ᠵᠡᠷᠭᠡᠯᠭᠡᠨ ᠨᠢ ᠭᠣᠶᠣᠬᠠᠨ ᠳᠠ
ᠣᠷᠣᠭᠰᠠᠨ ᠪᠣᠷᠣᠭᠠᠨ ᠤ᠋ ᠳᠠᠷᠠᠭ᠎ᠠ
ᠣᠭᠲᠠᠷᠭᠤᠢ ᠰᠣᠯᠣᠩᠭᠠᠷᠠᠬᠤ ᠨᠢ ᠭᠣᠶᠣᠬᠠᠨ ᠳᠠ
ᠥᠭᠭᠢᠶᠡᠮᠦᠷ ᠨᠠᠮᠤᠷ ᠤ᠋ᠨ ᠤᠯᠠᠷᠢᠯ ᠳ᠋ᠤ᠌
ᠥᠨᠢᠷ ᠬᠤᠷᠢᠶᠠᠯᠲᠠ ᠲᠠᠢ ᠨᠢ ᠭᠣᠶᠣᠬᠠᠨ ᠳᠠ
ᠦᠷᠡᠵᠢᠯᠲᠦ ᠰᠦᠷᠦᠭ ᠨᠢ ᠪᠥᠮᠪᠥᠯᠵᠡᠭᠡᠳ
ᠥᠩᠰᠢᠭ ᠬᠠᠷᠠᠭᠳᠠᠬᠤ ᠨᠢ ᠭᠣᠶᠣᠬᠠᠨ ᠳᠠ
ᠥᠲᠥᠨ ᠵᠢᠭᠦᠷ ᠲᠡᠢ ᠭᠠᠯᠠᠭᠤᠳ ᠨᠢ
ᠥᠨᠳᠥᠷ ᠳᠡᠭᠦᠯᠢᠬᠦ ᠨᠢ ᠭᠣᠶᠣᠬᠠᠨ ᠳᠠ
ᠦᠵᠡᠮᠵᠢᠲᠦ ᠨᠤᠲᠤᠭ ᠤ᠋ᠨ ᠣᠭᠲᠠᠷᠭᠤᠢ
ᠥᠩ ᠥᠷᠭᠡᠨ ᠨᠢ ᠭᠣᠶᠣᠬᠠᠨ ᠳᠠ
ᠥᠩᠭᠡ ᠪᠦᠷᠢ ᠶ᠋ᠢᠨ ᠴᠡᠴᠡᠭ ᠨᠢ
ᠬᠠᠩᠬᠤᠯᠤᠨ ᠳᠡᠯᠭᠡᠷᠡᠬᠦ ᠨᠢ ᠭᠣᠶᠣᠬᠠᠨ ᠳᠠ
ᠦᠨᠳᠦᠰᠦᠲᠡᠨ ᠶᠠᠰᠤᠲᠠᠨ ᠪᠦᠬᠦᠨ ᠢ᠋ᠶ᠋ᠡᠷ
ᠬᠠᠮᠲᠤ ᠪᠠᠷ ᠴᠡᠴᠡᠭᠯᠡᠬᠦ ᠨᠢ ᠭᠣᠶᠣᠬᠠᠨ ᠳᠠ
ᠥᠷᠯᠥᠭ ᠤᠯᠤᠰ ᠤ᠋ᠨ ᠨᠥᠮᠥᠷᠢ ᠳ᠋ᠦ᠍
ᠡᠩᠬᠡ ᠲᠠᠢᠪᠤᠩ ᠭᠣᠶᠣᠬᠠᠨ ᠳᠠ
ᠥᠷᠨᠢᠭᠦᠨ ᠠᠮᠢᠳᠤᠷᠠᠯ ᠤ᠋ᠨ ᠬᠠᠢᠷ᠎ᠠ ᠳ᠋ᠤ᠌
ᠡᠰᠡᠨᠢᠨ ᠵᠢᠷᠭᠠᠬᠤ ᠨᠢ ᠭᠣᠶᠣᠬᠠᠨ ᠳᠠ
2023.8.8
ᠦᠰᠦᠭ ᠠᠮᠢᠯᠠᠭᠤᠯᠤᠭᠴᠢ᠄ ᠪᠠᠶᠠᠨᠴᠡᠴᠡᠭ
ᠦᠰᠦᠭ ᠬᠠᠲᠠᠭᠴᠢ᠄ ᠰᠣᠳᠣ
ᠬᠢᠨᠠᠭᠴᠢ᠄ ᠣᠳᠬᠠᠨᠰᠣ᠎ᠠ
