1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠭᠦᠰᠦᠨ ᠢᠷᠦᠭᠡᠯ -ᠬᠡᠷᠡᠢᠳ ᠪᠠ᠊ ᠬᠡᠢᠷᠦᠪ ᠴ᠂ ᠬᠠᠰᠪᠢᠯᠢᠭ᠌ᠲᠦ ᠠᠷᠪᠢᠨᠪᠠᠶᠠᠷ Шүүсэн ерөөл-Хэрэйд Б·Хийрүб Ц·Хасбилэгт Арвинбаяр

ᠰᠢᠭᠦᠰᠦᠨ ᠢᠷᠦᠭᠡᠯ -ᠬᠡᠷᠡᠢᠳ ᠪᠠ᠊ ᠬᠡᠢᠷᠦᠪ ᠴ᠂ ᠬᠠᠰᠪᠢᠯᠢᠭ᠌ᠲᠦ ᠠᠷᠪᠢᠨᠪᠠᠶᠠᠷ Шүүсэн ерөөл-Хэрэйд Б·Хийрүб Ц·Хасбилэгт Арвинбаяр

2024-09-23

4092

ᠰᠢᠭᠦᠰᠦᠨ ᠢᠷᠦᠭᠡᠯ

   ᠬᠣᠨᠵᠢᠨ ᠢᠷᠥᠭᠡᠯᠴᠢᠨ᠄ ᠬᠡᠷᠡᠢᠳ ᠪᠠ᠊  ᠬᠡᠢᠷᠦᠪ 
ᠤᠸᠮ ᠰᠠᠢᠨ ᠠᠮᠤᠭᠤᠯᠠᠩ ᠲᠠᠨ ᠪᠣᠯᠲᠤᠭᠠᠢ!
ᠤᠯᠠᠮ ᠰᠠᠢᠨ ᠵᠢᠷᠭᠠᠯᠠᠩ ᠲᠠᠨ ᠪᠣᠯᠲᠤᠭᠠᠢ!
ᠡᠰᠡᠷᠸ᠎ᠠ ᠬᠠᠨ ᠲᠠᠯ᠎ᠠ ᠨᠡᠷᠡᠲᠦ ᠭᠠᠵᠠᠷ ᠳᠡᠭᠡᠷ᠎ᠡ 
ᠡᠷᠳᠡᠨᠢ ᠶ᠋ᠢᠨ ᠴᠠᠭᠠᠨ ᠭᠡᠷ ᠶᠦ᠍ᠭᠡᠨ ᠪᠠᠷᠢᠵᠤ 
ᠡᠷᠬᠡ ᠬᠦᠨᠳᠦᠲᠦ ᠨᠣᠶᠠᠳ ᠲᠦᠰᠢᠮᠡᠳ ᠢ᠋ᠶ᠋ᠡᠨ ᠵᠠᠯᠠᠵᠤ 
ᠡᠷᠬᠢᠮ ᠣᠯᠠᠨ ᠭᠡᠢᠴᠢᠨ ᠵᠣᠴᠢᠳ ᠢ᠋ᠶ᠋ᠠᠨ ᠤᠷᠢᠵᠤ 
ᠵᠠᠯᠭᠠᠮᠵᠢ ᠪᠠᠷ ᠵᠠᠭᠠᠨ ᠶᠡᠬᠡ ᠲᠤᠯᠭ᠎ᠠ ᠪᠠᠨ ᠲᠤᠯᠵᠤ 
ᠵᠠᠩᠵᠤᠨ ᠶᠡᠬᠡ ᠲᠣᠭᠣᠭ᠎ᠠ ᠶᠣᠭ᠎ᠠ ᠪᠠᠨ ᠲᠠᠯᠪᠢᠵᠤ 
ᠽᠠᠨᠳᠠᠨ ᠨᠡᠷᠡᠲᠦ ᠲᠦᠯᠡᠭᠡ ᠶᠦ᠍ᠭᠡᠨ ᠲᠦᠯᠡᠵᠦ
ᠰᠡᠩᠳᠡᠩ ᠨᠡᠷᠡᠲᠦ ᠰᠢᠯᠡᠭᠡᠪᠦᠷ ᠢ᠋ᠶ᠋ᠡᠨ ᠪᠠᠷᠢᠵᠤ
ᠰᠢᠯ ᠪᠣᠯᠣᠷ ᠤ᠋ᠨ ᠤᠰᠤ ᠶᠤᠭᠠᠨ ᠴᠢᠳᠬᠤᠵᠤ
ᠰᠢᠬᠢᠷ ᠠᠳᠠᠯᠢ ᠠᠮᠲᠠ ᠶᠤᠭᠠᠨ ᠣᠷᠬᠢᠵᠤ
ᠪᠥᠩ ᠨᠡᠷᠡᠲᠦ ᠲᠣᠭᠣᠭᠠᠨ ᠤ᠋ ᠪᠠᠨ ᠳᠣᠲᠣᠷ᠎ᠠ
ᠪᠦᠲᠦᠨ ᠪᠦᠲᠦᠨ ᠬᠣᠨᠢᠨ ᠰᠢᠭᠦᠰᠦ ᠪᠡᠨ
ᠪᠣᠷᠣᠯᠠᠭᠤᠯᠵᠤ ᠪᠣᠯᠭᠣᠭᠠᠳ
ᠲᠢᠭ ᠨᠡᠷᠡᠲᠦ ᠤᠯᠠᠭᠠᠨ ᠽᠠᠨᠳᠠᠨ ᠵᠠᠭᠠᠮᠠᠯ ᠳ᠋ᠠᠭᠠᠨ
ᠥᠷᠥᠨ ᠵᠠᠰᠠᠵᠤ
ᠲᠡᠩᠰᠡᠨ ᠪᠣᠯᠣᠳ ᠮᠥᠩᠭᠥᠨ ᠬᠤᠢ ᠲᠠᠢ
ᠡᠪᠡᠷ ᠡᠰᠢᠲᠦ ᠬᠢᠲᠤᠭ᠎ᠠ ᠪᠠᠷ ᠢ᠋ᠶ᠋ᠠᠨ
ᠳᠥᠷᠪᠡᠨ ᠮᠥᠴᠢ ᠳᠣᠯᠣᠭᠠᠨ ᠬᠡᠰᠡᠭ ᠡᠴᠡ ᠨᠢ
ᠳᠡᠭᠡᠵᠢᠯᠡᠨ ᠠᠪᠴᠤ
ᠲᠡᠭᠷᠢ ᠪᠤᠷᠬᠠᠨ ᠳ᠋ᠠᠭᠠᠨ ᠡᠷᠭᠦᠨ ᠰᠠᠴᠤᠵᠤ
ᠤᠭᠤᠷᠠᠭ ᠰᠡᠭᠦᠯ ᠱᠠᠭ᠎ᠠ ᠴᠢᠮᠥᠭᠡ ᠶ᠋ᠢ ᠨᠢ
ᠣᠭᠲᠣᠯᠤᠨ ᠠᠪᠴᠤ
ᠡᠵᠡᠨ ᠪᠣᠭᠳᠠ ᠴᠢᠩᠭᠢᠰ ᠬᠠᠭᠠᠨ ᠳ᠋ᠠᠭᠠᠨ
ᠡᠷᠭᠦᠵᠦ ᠢᠷᠥᠭᠡᠬᠦ ᠳ᠋ᠡᠭᠡᠨ
ᠲᠣᠢᠭ ᠪᠦᠬᠦᠨ ᠴᠢᠨᠢ ᠲᠣᠰᠣ ᠲᠠᠢ
ᠲᠣᠭᠣᠭ᠎ᠠ ᠪᠦᠬᠦᠨ ᠴᠢᠨᠢ ᠥᠩᠭᠡ ᠲᠡᠢ
ᠬᠤᠷᠢᠮ ᠴᠢᠨᠢ ᠬᠤᠪᠢ ᠲᠠᠢ
ᠬᠤᠷᠠᠭᠰᠠᠨ ᠣᠯᠠᠨ ᠪᠦᠭᠦᠳᠡᠭᠡᠷ ᠢ᠋ᠶ᠋ᠡᠨ
ᠬᠤᠪᠢ ᠲᠡᠭᠦᠰ ᠴᠡᠩᠭᠡᠨ ᠵᠢᠷᠭᠠᠬᠤ ᠶ᠋ᠢᠨ
ᠪᠡᠯᠭᠡ ᠲᠡᠢ ᠪᠣᠯᠲᠤᠭᠠᠢ!
ᠲᠡᠷᠡ ᠪᠡᠯᠭᠡ ᠪᠡᠷ ᠪᠣᠯᠲᠤᠭᠠᠢ!
2. ᠬᠣᠨᠵᠢᠨ ᠢᠷᠥᠭᠡᠯᠴᠢᠨ᠄ ᠴ᠂ᠬᠠᠰᠪᠢᠯᠢᠭ᠌ᠲᠦ
ᠬᠥᠬᠡ ᠮᠥᠩᠬᠡ ᠲᠩᠷᠢ ᠶ᠋ᠢᠨ ᠤᠨᠢᠶᠠᠷ ᠦᠵᠡᠭᠰᠡᠨ
ᠬᠥᠷᠥᠰᠥᠲᠦ ᠠᠯᠲᠠᠨ ᠳᠡᠯᠡᠬᠡᠢ ᠶ᠋ᠢᠨ ᠲᠡᠵᠢᠭᠡᠯ
ᠬᠣᠨᠢᠨ ᠤ᠋ ᠪᠠᠨ ᠪᠦᠲᠦᠨ ᠰᠢᠭᠦᠰᠦ ᠪᠡᠨ ᠲᠠᠯᠪᠢᠨ᠎ᠠ
ᠬᠤᠷᠢᠮ ᠤ᠋ᠨ ᠪᠦᠬᠦᠯᠢ ᠢᠳᠡᠭᠡᠨ ᠢ᠋ᠶ᠋ᠡᠨ ᠳᠡᠪᠰᠢᠭᠦᠯᠵᠦ ᠪᠠᠢᠨ᠎ᠠ᠂
ᠮᠠᠯ ᠰᠦᠷᠦᠭ ᠦ᠋ᠨ ᠮᠢᠨᠢ ᠳᠡᠭᠡᠵᠢ ᠪᠣᠯᠤᠭᠰᠠᠨ
ᠮᠠᠨ ᠤ᠋ ᠡᠨᠡ ᠬᠣᠨᠢ ᠭᠡᠭᠴᠢ ᠪᠣᠯᠪᠠᠰᠤ
ᠡᠩ ᠤᠷᠢᠳᠠ ᠡᠷᠲᠡ ᠨᠢᠭᠡᠨ ᠴᠠᠭ ᠳᠤ
ᠡᠵᠡᠨ ᠪᠣᠭᠳᠠ ᠴᠢᠩᠭᠢᠰ ᠬᠠᠭᠠᠨ ᠤ᠋ ᠦᠶ᠎ᠡ ᠳ᠋ᠦ᠍
ᠠᠯᠲᠠᠢ ᠬᠠᠩᠭᠠᠢ ᠶ᠋ᠢᠨ ᠠᠷᠤ ᠳ᠋ᠤ᠌
ᠠᠯᠠᠭᠲᠠᠢ ᠪᠠᠶᠠᠨ ᠤ᠋ ᠬᠣᠲᠠ ᠳ᠋ᠤ᠌ 
ᠠᠷᠭᠠᠯᠵᠢᠨ ᠴᠠᠭᠠᠨ ᠬᠤᠴᠠᠨ ᠠ᠋ᠴᠠ ᠡᠭᠦᠰᠴᠦ
ᠬᠣᠷᠭᠣᠯᠵᠢᠨ ᠴᠠᠭᠠᠨ ᠬᠣᠨᠢᠨ ᠠ᠋ᠴᠠ ᠭᠠᠷᠤᠭᠰᠠᠨ
ᠲᠤᠩ ᠴᠠᠭᠠᠨ ᠬᠤᠷᠠᠭ᠎ᠠ ᠭᠡᠭᠴᠢ ᠪᠣᠯᠪᠠᠰᠤ
ᠲᠤᠷᠤᠭ ᠪᠦᠳᠦᠭᠦᠨ ᠪᠡᠶ᠎ᠡ ᠲᠡᠢ
ᠲᠤᠯᠭᠠᠭᠤᠷᠢ ᠳᠥᠷᠪᠡᠨ ᠲᠤᠭᠤᠷᠠᠢ ᠲᠠᠢ
ᠬᠠᠨ᠎ᠠ ᠶ᠋ᠢᠨ ᠴᠢᠨᠡᠭᠡᠨ ᠪᠡᠶ᠎ᠡ ᠲᠡᠢ
ᠬᠠᠪᠬᠠᠭ  ᠤᠨ ᠴᠢᠨᠡᠭᠡᠨ ᠰᠡᠭᠦᠯ ᠲᠡᠢ
ᠬᠣᠷᠢᠨ ᠵᠢᠷᠭᠤᠭᠠᠨ ᠬᠠᠪᠢᠰᠤ ᠲᠠᠢ
ᠬᠣᠲᠣᠭᠣᠷ ᠨᠠᠢ᠍ᠮᠠᠨ ᠨᠢᠷᠤᠭᠤ ᠲᠠᠢ
ᠮᠠᠩᠨᠠᠢ ᠳᠡᠭᠡᠷ᠎ᠡ ᠪᠡᠨ ᠰᠠᠷᠠ ᠲᠠᠢ
ᠰᠠᠷᠠᠨ ᠳᠡᠭᠡᠷ᠎ᠡ ᠪᠡᠨ ᠨᠠᠷᠠ ᠲᠠᠢ
ᠮᠠᠨ ᠤ᠋ ᠡᠨᠡ ᠬᠣᠨᠢᠨ ᠰᠢᠭᠦᠰᠦ ᠪᠡᠨ
ᠣᠯᠠᠨ ᠰᠠᠭᠠᠲᠠᠭᠰᠠᠨ ᠲᠠᠨᠠᠷ ᠲᠠᠭᠠᠨ
ᠡᠷᠭᠦᠨ ᠪᠠᠷᠢᠵᠤ ᠪᠠᠢᠨ᠎ᠠ ᠂
ᠡᠪᠳᠡᠭᠰᠡᠨ ᠦ᠌ ᠳᠠᠷᠠᠭ᠎ᠠ
ᠡᠷᠢᠶᠡᠯᠡᠯ ᠦᠭᠡᠢ ᠵᠣᠭᠣᠭᠯᠠᠨ
ᠡᠩᠬᠡ ᠠᠮᠤᠷ ᠴᠡᠩᠭᠡᠨ ᠵᠢᠷᠭᠠᠬᠤ ᠶ᠋ᠢᠨ
ᠪᠡᠯᠭᠡ ᠲᠡᠢ ᠪᠣᠯᠲᠤᠭᠠᠢ!
ᠲᠡᠷᠡ ᠪᠡᠯᠭᠡ ᠪᠡᠷ ᠪᠣᠯᠲᠤᠭᠠᠢ!
3᠂ ᠬᠣᠨᠵᠢᠨ ᠢᠷᠥᠭᠡᠯᠴᠢᠨ᠄ ᠠᠷᠪᠢᠨᠪᠠᠶᠠᠷ 
ᠡᠨᠡ ᠴᠣᠬᠣᠮ ᠳ᠋ᠤ᠌ ᠪᠠᠨ ᠪᠣᠯ ᠲᠡᠨᠳᠡ ᠰᠥᠭᠥᠳᠴᠢᠬᠡᠵᠦ ᠢᠷᠦᠭᠡᠳᠡᠭ ᠶᠦᠮ᠂ ᠡᠨᠡ ᠳᠣᠲᠣᠷ᠎ᠠ ᠪᠠᠨ ᠪᠣᠯ ᠴᠠᠭᠠᠨ ᠢᠳᠡᠭᠡ ᠪᠡᠨ ᠪᠠᠷᠢᠵᠤ ᠪᠠᠢᠳᠠᠭ ᠶᠤᠮ᠂ ᠲᠠᠨ ᠳᠡᠭᠡᠷ᠎ᠡ ᠪᠡᠨ ( ᠬᠡᠪᠢᠰ᠂ ᠣᠯᠪᠣᠭ ᠂ ᠴᠠᠭᠠᠨ ᠢᠰᠡᠭᠡᠢ ᠳᠡᠭᠡᠷ᠎ᠡ) ᠢᠩᠭᠢᠵᠦ ᠰᠥᠭᠥᠳᠴᠢᠬᠡᠵᠦ ᠰᠠᠭᠤᠭᠠᠳ ᠢᠩᠭᠢᠭᠡᠳ ᠣᠳᠣ ᠪᠠᠷᠢᠵᠤ ᠢᠷᠥᠭᠡᠳᠡᠭ ᠡᠢᠮᠦ ᠨᠢᠭᠡ ᠶᠣᠰᠣ ᠪᠠᠢᠬᠤ᠂ ᠡᠨᠡ ᠰᠢᠭᠦᠰᠦᠨ ᠳᠡᠭᠡᠷ᠎ᠡ ᠪᠡᠨ ᠪᠣᠯ ᠣᠳᠣ ᠲᠣᠷᠭ᠎ᠠ ᠪᠠᠰᠠ ᠠᠯᠲᠠ ᠮᠥᠩᠭᠥᠨ ᠭᠠᠷᠠᠬ᠎ᠠ ᠂ ᠵᠠ ᠲᠡᠭᠡᠪᠡᠯ ᠬᠤᠪᠠᠨ ᠴᠠᠭᠠᠨ ᠯᠣᠩᠬᠣ ᠲᠠᠢ ᠠᠷᠢᠬᠢ ᠠᠷᠠᠵᠠ ᠬᠣᠣᠷᠠᠵᠠ ᠣᠳᠣ ᠠᠯᠢᠪᠠ ᠪᠦᠷ ᠰᠠᠢᠬᠠᠨ ᠠᠮᠲᠠᠲᠤ ᠢᠳᠡᠭᠡᠨ ᠢ᠋ ᠪᠦᠷᠢᠨ ᠪᠦᠷᠢᠯᠳᠦᠭᠦᠯᠦᠭᠰᠡᠨ ᠪᠠᠢᠳᠠᠭ ᠶᠤᠮ᠃ ᠢᠩᠭᠢᠭᠰᠡᠨ ᠤᠴᠢᠷ ᠠ᠋ᠴᠠ ᠣᠳᠣ ᠳᠠᠶᠠᠭᠠᠷ  ᠲᠤ ᠪᠣᠯ᠄《ᠵᠠ ᠳᠡᠭᠡᠵᠢ ᠪᠦᠷᠢᠳᠪᠡ ᠤᠤ?》 ᠭᠡᠵᠦ ᠠᠰᠠᠭᠤᠬᠤ ᠳ᠋ᠤ᠌《ᠪᠦᠷᠢᠳᠦᠭᠰᠡᠨ ᠪᠠᠢᠨ᠎ᠠ》 ᠭᠡᠪᠡᠯ ᠵᠠ ᠲᠡᠭᠡᠪᠡᠯ ᠣᠳᠣ᠄《ᠵᠣᠷᠢᠭ ᠮᠡᠳᠡᠭᠦᠯᠦᠶ᠎ᠡ》 ᠭᠡᠵᠦ ᠢᠩᠭᠢᠵᠦ ᠬᠡᠯᠡᠭᠡᠳ ᠲᠡᠨᠳᠡ ᠪᠡᠨ( ᠬᠡᠪᠢᠰ᠂ ᠣᠯᠪᠣᠭ ᠂ ᠴᠠᠭᠠᠨ ᠢᠰᠡᠭᠡᠢ ᠳᠡᠭᠡᠷ᠎ᠡ) ᠨᠢᠭᠡ ᠮᠥᠷᠭᠥᠴᠢᠬᠡᠭᠡᠳ ᠢᠩᠭᠢᠭᠡᠳ ᠢᠷᠦᠭᠡᠳᠡᠭ ᠡᠢᠮᠦ ᠨᠢᠭᠡ ᠢᠷᠦᠭᠡᠯ ᠪᠠᠢᠨ᠎ᠠ ᠂ ᠪᠢ ᠡᠭᠦᠨ ᠢ᠋ ᠵᠢᠭᠠᠬᠠᠨ ᠢᠷᠥᠭᠡᠶ᠎ᠡ᠂ ᠭᠡᠪᠡᠴᠦ ᠣᠳᠣ ᠪᠣᠯ ᠶᠠᠭᠠᠬᠢᠨ᠎ᠠ ᠬᠠᠭᠤᠴᠢᠨ ᠨᠢᠭᠡ ᠶ᠋ᠢ ᠪᠠᠰᠠ ᠣᠳᠣᠬᠢ ᠶ᠋ᠢᠨ ᠰᠣᠶᠣᠯ ᠳ᠋ᠤ᠌ ᠪᠠᠰᠠ ᠬᠠᠨᠳᠤᠭᠤᠯᠬᠤ ᠬᠡᠷᠡᠭᠲᠡᠢ ᠪᠠᠢᠨ᠎ᠠ ᠰᠢᠦ ᠳᠡ᠂ ᠲᠡᠷᠡ ᠨᠢᠭᠡ ᠶ᠋ᠢ ᠪᠠᠰᠠ ᠬᠦᠨᠳᠦᠳᠬᠡᠬᠦ ᠬᠡᠷᠡᠭᠲᠡᠢ ᠪᠠᠢᠨ᠎ᠠ ᠰᠢᠦ ᠳᠡ!
ᠤᠸᠮ ᠰᠠᠢᠨ ᠠᠮᠤᠭᠤᠯᠠᠩ ᠲᠠᠨ ᠪᠣᠯᠲᠤᠭᠠᠢ!
ᠤᠷᠭᠤᠬᠤ ᠶ᠋ᠢᠨ ᠰᠠᠢᠬᠠᠨ
ᠤᠳᠤᠮᠪᠠᠷᠠ ᠯᠢᠩᠬᠤ᠎ᠠ ᠴᠡᠴᠡᠭ ᠪᠣᠯᠪᠠᠰᠤ
ᠨᠠᠷᠠᠨ ᠤ᠋ ᠢᠯᠴᠢᠨ ᠤ᠋ ᠤᠨᠢᠶᠠᠷ ᠲᠠᠭᠠᠨ ᠤᠷᠭᠤᠳᠠᠭ
ᠤᠴᠠᠷᠠᠬᠤ ᠶ᠋ᠢᠨ ᠰᠠᠢᠬᠠᠨ
ᠤᠷᠤᠭ ᠢᠷᠭᠡᠨ ᠲᠥᠷᠥᠯ ᠪᠣᠯᠪᠠᠰᠤ
ᠤᠷᠢᠳᠠ ᠶ᠋ᠢᠨ ᠰᠠᠢᠨ
ᠪᠤᠶᠠᠨ ᠢᠷᠦᠭᠡᠯ ᠦ᠋ᠨ ᠬᠦᠴᠦᠨ ᠢ᠋ᠶ᠋ᠡᠷ
ᠤᠴᠠᠷᠠᠳᠠᠭ ᠭᠡᠨ᠎ᠡ᠂
ᠠᠯᠲᠠᠨ ᠠᠭᠤᠯᠠ ᠶ᠋ᠢᠨ ᠴᠢᠨᠠᠷ ᠲᠠᠢ
ᠠᠷᠤᠨ ᠳ᠋ᠠᠭᠠᠨ ᠡᠭᠦᠷᠦᠭᠰᠡᠨ ᠠᠪᠤ
ᠡᠷᠳᠡᠨᠢ ᠶ᠋ᠢᠨ ᠥᠯᠥᠭᠡᠢ ᠶ᠋ᠢᠨ ᠴᠢᠨᠠᠷᠲᠠᠢ
ᠡᠪᠦᠷ ᠲᠡᠭᠡᠨ ᠲᠡᠪᠡᠷᠢᠭᠰᠡᠨ ᠡᠵᠢ
ᠠᠷᠢᠭᠤᠨ ᠯᠢᠩᠬᠤ᠎ᠠ ᠶ᠋ᠢᠨ ᠴᠢᠨᠠᠷᠲᠠᠢ
ᠠᠬᠠᠢ ᠪᠡᠷᠭᠡᠳ ᠲᠠᠨᠠᠷ ᠲᠠᠭᠠᠨ
ᠠᠢᠯᠠᠳᠬᠠᠨ ᠪᠠᠷᠢᠵᠤ ᠪᠠᠢᠬᠤ ᠶ᠋ᠢᠨ
ᠮᠠᠩᠯᠠᠢ ᠵᠣᠷᠢᠭ ᠤ᠋ᠨ ᠤᠴᠢᠷ ᠪᠢᠯᠡ᠂
ᠭᠠᠯᠪᠠ ᠨᠡᠷᠡᠲᠦ ᠬᠣᠨᠢᠨ ᠤ᠋ ᠰᠢᠭᠦᠰᠦ ᠪᠣᠯᠪᠠᠰᠤ
ᠭᠠᠯ ᠤ᠋ᠨ ᠢ᠋ᠶ᠋ᠠᠨ ᠲᠡᠭᠷᠢ ᠶ᠋ᠢᠨ ᠰᠠᠴᠤᠯᠭ᠎ᠠ ᠪᠣᠯᠤᠭᠰᠠᠨ
 ᠬᠠᠩᠬᠤᠢ ᠨᠡᠷᠡᠲᠦ ᠮᠠᠩᠨᠤᠭ ᠲᠣᠷᠭ᠎ᠠ ᠪᠣᠯᠪᠠᠰᠤ
ᠬᠠᠮᠤᠭ ᠪᠤᠷᠬᠠᠳ ᠤ᠋ᠨ ᠨᠢᠨᠳᠠᠷ ᠪᠣᠯᠤᠭᠰᠠᠨ
ᠠᠷᠠᠵᠠ ᠬᠣᠣᠷᠠᠵᠠ ᠰᠠᠷᠬᠤᠳ ᠪᠣᠯᠪᠠᠰᠤ
ᠠᠲᠠᠨ ᠲᠡᠮᠡᠭᠡᠨ ᠳᠡᠭᠡᠷ᠎ᠡ ᠪᠡᠨ ᠠᠴᠢᠵᠤ
ᠠᠯᠤᠰ ᠬᠣᠯᠠ ᠭᠠᠵᠠᠷ ᠠ᠋ᠴᠠ ᠮᠣᠷᠳᠠᠭᠠᠳ
ᠠᠨᠳᠠ ᠲᠥᠷᠥᠯ ᠪᠦᠭᠦᠳᠡ ᠶ᠋ᠢᠨ ᠢ᠋ᠶ᠋ᠡᠨ ᠡᠮᠦᠨ᠎ᠡ
ᠡᠷᠭᠦᠨ ᠳᠡᠪᠰᠢᠭᠦᠯᠵᠦ
ᠲᠥᠷᠥᠯ ᠦ᠋ᠨ ᠳᠡᠭᠡᠳᠦ ᠲᠥᠪ ᠠᠮᠪᠠᠨ ᠡᠬᠢᠯᠡᠨ
ᠲᠥᠷᠥᠯ ᠲᠡᠭᠦᠰ ᠢᠷᠥᠭᠡᠯᠲᠥᠨ
ᠠᠪᠤ ᠡᠵᠢ ᠳᠠᠷᠠᠭᠠᠯᠠᠨ
ᠲᠥᠷᠥᠯ ᠲᠠ ᠪᠦᠬᠦᠨ ᠦ᠌ ᠪᠡᠨ ᠡᠮᠦᠨ᠎ᠡ
ᠲᠦᠪᠰᠢᠯᠡᠨ ᠲᠠᠯᠪᠢᠭᠠᠳ
ᠠᠭᠠᠷᠤ ᠽᠠᠨᠳᠠᠨ ᠬᠤᠨᠳᠠᠭᠠᠨ ᠳ᠋ᠠᠭᠠᠨ
ᠠᠷᠢᠬᠢ ᠰᠠᠷᠬᠤᠳ ᠢ᠋ᠶ᠋ᠠᠨ ᠳᠡᠪᠰᠢᠭᠦᠯᠦᠨ
ᠠᠴᠢᠲᠤ ᠥᠷᠭᠡᠨ ᠲᠥᠷᠥᠯ
ᠲᠠ ᠪᠦᠬᠦᠨ ᠳ᠋ᠡᠭᠡᠨ
ᠠᠢᠯᠠᠳᠬᠠᠨ ᠪᠠᠷᠢᠵᠤ ᠪᠠᠢᠬᠤ ᠶ᠋ᠢᠨ
ᠮᠠᠩᠯᠠᠢ ᠵᠣᠷᠢᠭ ᠤᠨ ᠤᠴᠢᠷ ᠪᠢᠯᠡ᠃
ᠢᠷᠦᠭᠡᠯ ᠴᠢᠨᠢ ᠲᠣᠭᠲᠠᠵᠤ
ᠳᠥᠷᠥᠭᠡ ᠴᠢᠨᠢ ᠴᠢᠩᠭᠠᠷᠠᠲᠤᠭᠠᠢ!
4᠂ᠢᠰᠡᠭᠡᠢ ᠶ᠋ᠢᠨ ᠢᠷᠦᠭᠡᠯ᠄ ᠥ᠊᠂ ᠨᠠᠷᠠᠨᠪᠠᠲᠤ᠄
ᠵᠠ! ᠤᠸᠮ ᠰᠠᠢᠨ ᠠᠮᠤᠭᠤᠯᠠᠩ ᠲᠠᠨ ᠪᠣᠯᠲᠤᠭᠠᠢ!
ᠵᠡᠭᠦᠨᠲᠡᠢ ᠪᠡᠨ ᠵᠦᠯᠭᠡ ᠰᠠᠢᠬᠠᠨ ᠲᠠᠯ᠎ᠠ ᠲᠠᠢ
ᠵᠦᠢᠯ ᠪᠦᠷᠢ ᠶ᠋ᠢᠨ ᠠᠳᠤᠭᠤᠰᠤᠨ ᠤ᠋ ᠪᠡᠯᠴᠢᠭᠡᠷ ᠲᠡᠢ
ᠤᠷᠢᠲᠠᠢ ᠪᠠᠨ ᠤᠯᠠᠭᠠᠨ ᠬᠠᠲᠤᠨ ᠤᠮᠳᠠ ᠲᠠᠢ
ᠤᠳᠪᠠᠯ᠎ᠠ ᠯᠢᠩᠬᠤ᠎ᠠ ᠪᠠᠳᠮ᠎ᠠ ᠴᠡᠴᠡᠭ
ᠦᠷᠭᠦᠯᠵᠢᠳᠡ ᠪᠡᠨ ᠨᠠᠢᠭᠤᠳᠠᠭ
ᠪᠠᠷᠠᠭᠤᠨᠲᠠᠢ ᠪᠠᠨ ᠪᠠᠯᠲᠤ ᠶᠡᠬᠡ ᠰᠢᠯᠢ ᠲᠡᠢ
ᠭᠠᠯᠪᠠᠷ ᠽᠠᠨᠳᠠᠨ ᠮᠣᠳᠣ ᠲᠠᠢ
ᠲᠡᠭᠦᠨ ᠦ᠌ ᠪᠡᠨ ᠳᠡᠭᠡᠷ᠎ᠡ
ᠡᠯᠳᠡᠪ ᠰᠢᠪᠠᠭᠤ ᠨᠤᠭᠤᠳ
ᠴᠡᠩᠬᠡᠯᠳᠦᠭᠡᠨ ᠭᠠᠩᠭᠠᠷᠳᠠᠭ
ᠬᠣᠢᠲᠠᠢ ᠪᠠᠨ ᠬᠥᠬᠡ ᠶᠡᠬᠡ ᠠᠭᠤᠯᠠ ᠲᠠᠢ
ᠲᠡᠭᠦᠨ ᠦ᠌ ᠪᠡᠨ ᠥᠪᠥᠷ ᠲᠦ᠍
ᠪᠠᠲᠤ ᠰᠠᠢᠬᠠᠨ ᠨᠤᠲᠤᠭ ᠲᠠᠢ
ᠰᠢᠷ᠎ᠠ ᠽᠠᠮᠪᠤᠯ ᠡᠵᠡᠨ ᠲᠡᠢ
ᠱᠠᠵᠢᠨ ᠲᠥᠷᠥᠯ ᠳ᠋ᠡᠭᠡᠨ ᠡᠭᠡᠯᠢ ᠲᠡᠢ
ᠰᠢᠷ᠎ᠠ ᠨᠢᠳᠦᠨ ᠬᠣᠨᠢ ᠴᠢᠨᠢ
ᠮᠢᠩᠭ᠎ᠠ ᠲᠦᠮᠡ ᠪᠣᠯᠲᠤᠭᠠᠢ!
ᠥᠷᠭᠡᠨ ᠭᠣᠪᠢ ᠶ᠋ᠢᠨ ᠳᠤᠮᠳᠠ ᠪᠠᠨ
ᠥᠯᠵᠡᠢ ᠲᠠᠢᠪᠤᠩ ᠬᠠᠪᠤᠷᠵᠢᠭᠠᠳ
ᠰᠡᠷᠢᠭᠦᠨ ᠰᠠᠢᠬᠠᠨ ᠳᠡᠨᠵᠢᠨ ᠳᠡᠭᠡᠷ᠎ᠡ
ᠰᠡᠳᠬᠢᠯ ᠠᠮᠤᠷ ᠨᠠᠮᠤᠷᠵᠢᠭᠠᠳ
ᠠᠷᠢᠭᠤᠨ ᠰᠠᠢᠬᠠᠨ ᠳᠡᠨᠵᠢᠨ ᠳᠡᠭᠡᠷ᠎ᠡ
ᠠᠮᠤᠷ ᠰᠠᠢᠬᠠᠨ ᠵᠤᠰᠠᠭᠠᠳ
ᠡᠷᠳᠡᠨᠢ ᠶᠣᠣ ᠲᠣᠬᠢᠶᠠ ᠪᠠᠷ
ᠵᠠ! ᠲᠦᠮᠡᠨ ᠬᠣᠨᠢ ᠪᠠᠨ ᠴᠤᠭᠯᠠᠭᠤᠯᠵᠤ
ᠬᠤᠷᠴᠠ ᠬᠠᠢᠴᠢ ᠪᠠᠨ ᠪᠠᠷᠢᠵᠤ
ᠬᠤᠷᠤᠭᠤ ᠵᠤᠵᠠᠭᠠᠨ ᠦᠰᠦ ᠶ᠋ᠢ ᠴᠢᠨᠢ
ᠬᠤᠷᠳᠤᠨ ᠲᠦᠷᠭᠡᠨ ᠬᠢᠷᠭᠠᠵᠤ
ᠬᠥᠪᠥᠩ ᠪᠣᠯᠲᠠᠯ᠎ᠠ ᠰᠠᠪᠠᠵᠤ
ᠨᠢᠳᠤᠨᠤᠨ ᠵᠢᠯ ᠦ᠋ᠨ ᠨᠤᠲᠤᠭ ᠲᠠᠢ
ᠵᠦᠢᠲᠡᠢ ᠤᠰᠤᠨ ᠤ᠋ ᠵᠠᠬ᠎ᠠ ᠳ᠋ᠤ᠌
ᠵᠦᠯᠭᠡᠨ ᠨᠣᠭᠣᠭᠠᠨ ᠳᠡᠨᠵᠢᠨ ᠳᠡᠭᠡᠷ᠎ᠡ
ᠬᠤᠷ᠎ᠠ ᠶ᠋ᠢᠨ ᠤᠰᠤ ᠪᠠᠷ ᠤᠬᠢᠶᠠᠵᠤ
ᠬᠤᠷᠳᠤᠨ ᠮᠣᠷᠢ ᠪᠠᠷ ᠲᠠᠲᠠᠭᠰᠠᠨ
ᠪᠤᠯᠠᠭ  ᠤᠨ ᠤᠰᠤ ᠪᠠᠷ ᠤᠬᠢᠶᠠᠵᠤ
ᠪᠣᠰᠢᠭᠣ ᠮᠣᠷᠢ ᠪᠠᠷ ᠲᠠᠲᠠᠭᠰᠠᠨ
ᠵᠤᠯᠠ ᠬᠠᠢᠴᠢ ᠪᠠᠷ ᠢ᠋ᠶ᠋ᠠᠨ
ᠢᠰᠡᠭᠡᠢ ᠶ᠋ᠢ ᠴᠢᠨᠢ ᠮᠢᠯᠢᠶᠠᠪᠠᠢ!
ᠵᠠ !ᠰᠠᠯᠬᠢᠨ ᠦᠭᠡᠢ ᠨᠠᠮ ᠰᠠᠢᠬᠠᠨ
ᠰᠠᠭᠠᠳ ᠦᠭᠡᠢ ᠲᠦᠷᠭᠡᠨ ᠰᠠᠢᠬᠠᠨ
ᠲᠥᠷᠥ ᠱᠠᠵᠢᠨ ᠲᠦᠪᠰᠢᠨ ᠰᠠᠢᠬᠠᠨ
ᠲᠦᠮᠡᠨ ᠤᠯᠤᠰ ᠪᠦᠭᠦᠳᠡᠭᠡᠷ ᠢ᠋ ᠮᠢᠯᠢᠶᠠᠪᠠᠢ!
ᠵᠠ! ᠳᠠᠷᠤᠨ ᠳᠠᠷᠤᠨ ᠬᠢᠭᠰᠡᠨ ᠢᠰᠡᠭᠡᠢ
ᠳᠠᠯᠠᠨ ᠭᠡᠷ ᠦ᠋ᠨ ᠪᠦᠷᠢᠶᠡᠰᠦ ᠪᠣᠯ
ᠵᠣᠯᠠᠨ ᠵᠤᠯᠠᠨ ᠬᠢᠭᠰᠡᠨ ᠢᠰᠡᠭᠡᠢ
ᠵᠠᠭᠤᠨ ᠭᠡᠷ ᠦ᠋ᠨ ᠪᠦᠷᠢᠶᠡᠰᠦ ᠪᠣᠯ!
ᠪᠢᠯᠢᠭ ᠪᠠᠳᠠᠷᠠ!
※ ᠲᠣᠳᠣᠷᠬᠠᠢᠯᠠᠬᠤ ᠨᠢ᠂ ᠡᠨᠡ ᠰᠢᠩᠭᠡᠭᠡᠯᠲᠡ ᠪᠣᠯ2012 ᠣᠨ ᠤ᠋1 ᠰᠠᠷ᠎ᠠ ᠶ᠋ᠢᠨ10 ᠳ᠋ᠤ᠌ ᠰᠥᠨᠢᠳ ᠪᠠᠷᠠᠭᠤᠨ ᠬᠤᠰᠢᠭᠤᠨ ᠳ᠋ᠤ᠌ ᠶᠠᠪᠤᠭᠳᠠᠭᠰᠠᠨ ᠨᠠᠢ᠍ᠮᠠᠨ ᠮᠣᠵᠢ ᠣᠷᠣᠨ ᠤ᠋ ᠬᠣᠶᠠᠳᠤᠭᠠᠷ ᠤ᠋ᠨ《ᠭᠢᠯᠦᠭᠡᠨ》 ᠢᠷᠦᠭᠡᠯ ᠮᠠᠭᠲᠠᠭᠤ ᠶ᠋ᠢᠨ ᠮᠥᠷᠥᠢᠴᠡᠭᠡᠨ ᠳ᠋ᠦ᠍ ᠣᠷᠣᠯᠴᠠᠵᠤ ᠠᠭᠤᠯᠵᠠᠭᠰᠠᠨ ᠵᠣᠯᠭᠠᠯᠲᠠ ᠪᠣᠯᠤᠨ᠎ᠠ᠃
   ᠦᠰᠦᠭ ᠠᠮᠢᠯᠠᠭᠤᠯᠤᠭᠴᠢ᠂ ᠬᠠᠳᠠᠭᠴᠢ᠄ ᠬᠡᠷᠡᠢᠳ ᠨᠠᠷᠠᠰᠤ
   ᠬᠢᠨᠠᠭᠴᠢ᠄ ᠠ᠂ ᠰᠠᠷᠠᠨᠭᠡᠷᠡᠯ ᠂ ᠣᠳᠬᠠᠨᠰᠣ᠎ᠠ