ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠶᠠ‍ ᠶᠢᠨ ᠠᠢᠮᠠᠭ >Монгол зүйр цэцэн үгийн гураван мянган дээж – Д᠂Заяабаатар эмхэтгэв <Ягийн аймаг> ᠵᠦᠢᠷ ᠰᠡᠴᠡᠨ ᠦᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠶᠠ‍ ᠶᠢᠨ ᠠᠢᠮᠠᠭ >Монгол зүйр цэцэн үгийн гураван мянган дээж – Д᠂Заяабаатар эмхэтгэв <Ягийн аймаг>

ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠶᠠ‍ ᠶᠢᠨ ᠠᠢᠮᠠᠭ >Монгол зүйр цэцэн үгийн гураван мянган дээж – Д᠂Заяабаатар эмхэтгэв <Ягийн аймаг>

2024-09-16

10547

ᠶᠠ‍ ( Я ) ᠶᠢᠨ ᠠᠢᠮᠠᠭ


      - ᠶᠠ‍ ( Я ) - 

2962 ᠶᠠᠭᠠᠬᠢᠪᠠ ᠭᠡᠬᠦᠯᠡᠷ 
         ᠶᠠᠩᠭᠤ ᠨᠢ ᠶᠡᠬᠡᠳᠡᠬᠦ

2963 ᠶᠠᠭᠠᠷᠠᠪᠠᠴᠤ ᠶᠠᠪᠤᠩᠭᠤᠲᠠ ᠢᠳᠡᠳᠡᠭ ᠦᠭᠡᠢ 
         ᠵᠢᠷᠭᠠᠪᠠᠴᠤ ᠬᠡᠪᠲᠡᠵᠦ ᠢᠳᠡᠳᠡᠭ ᠦᠭᠡᠢ

2964 ᠶᠠᠭᠠᠷᠠᠬᠤ ᠳ᠋ᠤ᠌ ᠰᠢᠭᠡᠰᠦ 
         ᠲᠠᠭᠠᠷᠠᠬᠤ ᠳ᠋ᠤ᠌ ᠨᠢᠰᠦ

2965 ᠶᠠᠭᠠᠷᠠᠯ᠎ᠠ ᠭᠡᠵᠦ ᠶᠠᠪᠤᠨ ᠰᠠᠭᠤᠬᠤ 
          ᠶᠠᠮᠪᠠ ᠲᠠᠢ ᠭᠡᠵᠦ ᠬᠡᠪᠲᠡᠵᠦ ᠢᠳᠡᠬᠦ

2966 ᠶᠠᠭᠠᠷᠠᠪᠠᠯ ᠰᠠᠭᠠᠷᠠᠨ᠎ᠠ 
         ᠶᠠᠳᠠᠷᠠᠪᠠᠯ ᠥᠯᠦᠰᠦᠨ᠎ᠡ 

2967 ᠶᠠᠭᠠᠷᠠᠭᠰᠠᠨ ᠬᠡᠷᠢᠶ᠎ᠡ 
         ᠮᠢᠬ᠎ᠠ ᠣᠯᠬᠤ ᠦᠭᠡᠢ

2968 ᠶᠠᠭᠠᠷᠠᠤ ᠬᠥᠮᠦᠨ ᠦ᠌ ᠡᠴᠡᠬᠦ ᠨᠢ ᠲᠦᠷᠭᠡᠨ 
         ᠶᠠᠩᠭᠤᠴᠢ ᠬᠥᠮᠦᠨ ᠦ᠌ ᠶᠣᠣᠯᠠᠬᠤ ᠨᠢ ᠶᠡᠬᠡ

2969 ᠶᠠᠪᠤᠭ᠎ᠠ ᠦᠭᠡᠢ ᠨᠣᠬᠠᠢ 
         ᠢᠯᠠᠭ᠎ᠠ ᠪᠠᠷᠢᠬᠤ ᠦᠭᠡᠢ

2970 ᠶᠠᠪᠤᠭ᠎ᠠ ᠦᠭᠡᠢ ᠨᠣᠬᠠᠢ ᠶᠠᠰᠤ ᠵᠠᠭᠤᠬᠤ ᠦᠭᠡᠢ 
         ᠡᠷᠢᠭᠡ ᠦᠭᠡᠢ ᠨᠣᠬᠠᠢ ᠢᠳᠡᠰᠢ ᠣᠯᠬᠤ ᠦᠭᠡᠢ

2971 ᠶᠠᠪᠤᠬᠤ ᠶ᠋ᠢᠨ ᠳᠠᠢᠰᠤᠨ ᠵᠠᠯᠬᠠᠭᠤ 
         ᠰᠤᠷᠬᠤ ᠶ᠋ᠢᠨ ᠳᠠᠢᠰᠤᠨ ᠪᠠᠷᠳᠠᠬᠤ

2972 ᠶᠠᠪᠠᠭᠠᠨ ᠬᠥᠮᠦᠨ ᠳ᠋ᠦ᠍ ᠤᠨᠤᠭ᠎ᠠ ᠬᠣᠯᠠ 
         ᠶᠠᠳᠠᠷᠠᠭᠰᠠᠨ ᠬᠥᠮᠦᠨ ᠳ᠋ᠦ᠍ ᠬᠣᠭᠣᠯᠠ ᠬᠣᠯᠠ

2973 ᠶᠠᠪᠤᠵᠤ ᠪᠠᠢᠪᠠᠯ 
         ᠶᠠᠪᠤᠳᠠᠯ ᠪᠦᠲᠦᠨ᠎ᠡ

2974 ᠶᠠᠪᠤᠭᠰᠠᠨ ᠬᠥᠮᠦᠨ ᠶᠠᠰᠤ ᠵᠠᠭᠤᠬᠤ 
         ᠬᠡᠪᠲᠡᠭᠰᠡᠨ ᠬᠥᠮᠦᠨ ᠬᠡᠭᠡᠯ ᠠᠯᠳᠠᠬᠤ

2975 ᠶᠠᠳᠠᠵᠤ ᠪᠠᠢᠵᠤ ᠶᠠᠩᠪᠠ ᠳ᠋ᠤ᠌ ᠳᠤᠷ᠎ᠠ ᠲᠠᠢ 
         ᠶᠠᠪᠠᠭᠠᠨ ᠪᠠᠢᠵᠤ ᠵᠢᠷᠣᠭ᠎ᠠ ᠳ᠋ᠤ᠌ ᠳᠤᠷ᠎ᠠ ᠲᠠᠢ

2976 ᠶᠠᠳᠠᠷᠠᠭᠰᠠᠨ ᠠᠮᠢᠲᠠᠨ ᠢ᠋ ᠢᠯᠠᠭ᠎ᠠ ᠳᠠᠷᠤᠯᠠᠳᠠᠭ  
         ᠶᠠᠪᠠᠭᠠᠨ ᠬᠥᠮᠦᠨ ᠢ᠋ ᠨᠣᠬᠠᠢ ᠳᠠᠷᠤᠯᠠᠳᠠᠭ

2977 ᠶᠠᠳᠠᠷᠠᠵᠤ ᠳᠣᠷᠣᠢᠲᠠᠬᠤ ᠳ᠋ᠤ᠌ 
         ᠶᠠᠰᠤᠨ ᠤ᠋ ᠲᠣᠰᠣ ᠴᠦ᠍ ᠰᠠᠢᠬᠠᠨ

2978 ᠶᠠᠳᠠᠭᠰᠠᠨ ᠤ᠋ ᠶᠠᠪᠤᠳᠠᠯ ᠣᠯᠠᠨ 
         ᠶᠠᠭᠠᠷᠠᠤ ᠶ᠋ᠢᠨ ᠣᠰᠣᠯ ᠣᠯᠠᠨ

2979 ᠶᠠᠳᠠᠭᠤ ᠬᠥᠮᠦᠨ ᠳ᠋ᠦ᠍ ᠨᠣᠶᠠᠨ ᠣᠯᠠᠨ 
         ᠶᠠᠪᠠᠭᠠᠨ ᠬᠥᠮᠦᠨ ᠳ᠋ᠦ᠍ ᠳᠠᠪᠠᠭ᠎ᠠ ᠣᠯᠠᠨ

2980 ᠢᠯᠠᠭ᠎ᠠ ᠳᠦᠢᠯᠡᠪᠡᠴᠦ ᠲᠣᠭᠣᠰᠣ ᠳᠡᠭᠳᠡᠭᠡᠬᠦ ᠦᠭᠡᠢ 
         ᠢᠮᠠᠭ᠎ᠠ ᠲᠤᠢᠯᠠᠪᠠᠴᠤ ᠶᠠᠩᠭᠢᠶ᠎ᠠ ᠪᠠᠨ ᠡᠪᠳᠡᠬᠦ ᠦᠭᠡᠢ 

2981 ᠢᠯᠵᠠᠷᠬᠠᠢ ᠶᠠᠭᠤᠮ᠎ᠠ ᠦᠮᠡᠬᠡᠢ ᠨᠢ ᠬᠡᠴᠡᠭᠦᠦ 
         ᠡᠴᠡᠩᠬᠡᠢ ᠬᠥᠮᠦᠨ ᠲᠠᠭᠠᠷᠠᠬᠤ ᠨᠢ ᠬᠡᠴᠡᠭᠦᠦ

2982 ᠢᠯᠵᠠᠷᠠᠨ ᠪᠡᠶᠡᠵᠢᠪᠡᠴᠦ ᠠᠪᠬᠤ ᠠ᠋ᠴᠠ ᠪᠤᠴᠠᠬᠤ ᠦᠭᠡᠢ 
         ᠢᠵᠠᠷᠠᠨ ᠲᠠᠷᠭᠤᠯᠠᠪᠠᠴᠤ ᠢᠳᠡᠬᠦ ᠡᠴᠡ ᠪᠤᠴᠠᠬᠤ ᠦᠭᠡᠢ

2983 ᠶᠠᠯᠢᠬᠤ ᠦᠭᠡᠢ ᠵᠢᠰᠦᠷ 
         ᠪᠠᠶᠠᠵᠢᠬᠤ ᠶ᠋ᠢᠨ ᠰᠠᠭᠠᠳ

2984 ᠶᠠᠯᠢᠬᠤ ᠦᠭᠡᠢ ᠦᠭᠡ 
         ᠶᠠᠪᠤᠳᠠᠯ ᠤ᠋ᠨ ᠰᠠᠭᠠᠳ 

2985 ᠶᠠᠯᠢᠬᠤ ᠦᠭᠡᠢ ᠶᠠᠭᠤᠮ᠎ᠠ ᠠ᠋ᠴᠠ 
         ᠱᠠᠯᠢᠬᠤ ᠦᠭᠡᠢ ᠬᠡᠷᠡᠭ ᠭᠠᠷᠤᠨ᠎ᠠ

2986 ᠢᠮᠠᠭ᠎ᠠ ᠢᠷᠭᠤᠢ ᠳ᠋ᠤ᠌ ᠳᠤᠷ᠎ᠠ ᠲᠠᠢ 
         ᠶᠠᠮᠪᠠᠲᠠᠨ ᠲᠤᠰᠢᠶᠠᠯ ᠳ᠋ᠤ᠌ ᠳᠤᠷ᠎ᠠ ᠲᠠᠢ

2987 ᠢᠮᠠᠭᠠᠨ ᠲᠣᠯᠣᠭᠠᠢ ᠶ᠋ᠢ ᠶᠠᠩᠵᠤ ᠳ᠋ᠤ᠌ ᠲᠠᠯᠪᠢᠳᠠᠭ ᠦᠭᠡᠢ 
          ᠶᠠᠩᠰᠢᠶ᠎ᠠ ᠬᠠᠲᠤᠨ ᠵᠠᠷᠭᠤ ᠰᠢᠭᠦᠳᠡᠭ ᠦᠭᠡᠢ 

2988 ᠢᠮᠠᠭᠠᠨ ᠮᠢᠬ᠎ᠠ 
         ᠬᠠᠯᠠᠭᠤᠨ ᠳᠡᠭᠡᠷ᠎ᠡ ᠪᠡᠨ 

2989 ᠢᠨᠠᠭ ᠪᠣᠯ ᠡᠪᠲᠡᠢ ᠶᠠᠪᠤᠬᠤ ᠬᠡᠷᠡᠭ ᠲᠡᠢ 
         ᠥᠰᠲᠡᠢ ᠪᠣᠯ ᠳᠠᠭᠤ ᠦᠭᠡᠢ ᠰᠠᠭᠤᠬᠤ ᠬᠡᠷᠡᠭ ᠲᠡᠢ

2990 ᠢᠨᠠᠭ ᠶᠡᠬᠡᠳᠡᠪᠡᠯ
         ᠲᠡᠨᠡᠭ ᠪᠣᠯᠬᠤ 

2991 ᠢᠨᠠᠭ ᠬᠥᠮᠦᠨ ᠢ᠋ ᠨᠢᠳᠦᠨ ᠡᠴᠡ ᠨᠢ 
         ᠢᠲᠡᠭᠡᠮᠵᠢ ᠲᠡᠢ ᠬᠥᠮᠦᠨ ᠢ᠋ ᠦᠭᠡᠨ ᠡᠴᠡ ᠨᠢ

2992 ᠢᠨᠠᠭ ᠶᠠᠪᠤᠳᠠᠯ ᠳ᠋ᠤ᠌ ᠪᠦᠦ ᠬᠥᠮᠦᠨ ᠦ᠌ ᠡᠮᠦᠨ᠎ᠡ ᠣᠷᠣ  
         ᠡᠷᠳᠡᠮ ᠵᠢᠳᠬᠦᠯ ᠳ᠋ᠦ᠍ ᠪᠦᠦ ᠬᠥᠮᠦᠨ ᠦ᠌ ᠬᠣᠢᠨ᠎ᠠ ᠬᠣᠴᠣᠷ 

2993 ᠶᠠᠷ᠎ᠠ ᠲᠠᠢ ᠮᠣᠳᠣᠨ ᠤ᠋ ᠶᠠᠷ᠎ᠠ ᠳ᠋ᠤᠨᠢ 
         ᠶᠠᠷᠢᠳᠠᠭ ᠬᠥᠮᠦᠨ ᠦ᠌ ᠰᠢᠯᠢᠨ ᠳ᠋ᠦ᠍ᠨᠢ 

2994 ᠶᠠᠷᠢᠶ᠎ᠠ ᠨᠢ ᠤᠰᠤᠨ ᠲᠠᠯᠠᠮᠠᠨ 
         ᠵᠢᠷᠦᠬᠡ ᠨᠢ ᠵᠢᠳᠠ ᠰᠡᠯᠡᠮ᠎ᠡ

2995 ᠶᠠᠷᠢᠬᠤ ᠨᠢ ᠶᠡᠬᠡ ᠪᠣᠯ ᠦᠭᠡ ᠠᠯᠳᠠᠬᠤ 
         ᠢᠳᠡᠬᠦ ᠨᠢ ᠶᠡᠬᠡ ᠪᠣᠯ ᠭᠡᠳᠡᠰᠦ ᠡᠪᠡᠳᠬᠦ 

2996 ᠶᠠᠷᠢᠬᠤ ᠪᠠᠷ ᠶᠠᠪᠤ 
         ᠬᠡᠯᠡᠬᠦ ᠪᠡᠷ ᠬᠢ

2997 ᠶᠠᠰᠤ ᠪᠠᠨ ᠬᠤᠭᠤᠯᠪᠠᠴᠤ 
         ᠨᠡᠷ᠎ᠡ ᠪᠡᠨ ᠬᠤᠭᠤᠯᠬᠤ ᠦᠭᠡᠢ

2998 ᠶᠠᠰᠤᠨ ᠤ᠋ ᠬᠤᠭᠤᠷᠬᠠᠢ 
         ᠮᠢᠬᠠᠨ ᠤ᠋ ᠲᠠᠰᠤᠷᠬᠠᠢ 

2999 ᠶᠠᠰᠤ ᠶ᠋ᠢ ᠮᠢᠬ᠎ᠠ ᠳᠠᠭᠠᠳᠠᠭ 
         ᠶᠣᠰᠣ ᠶ᠋ᠢ ᠬᠥᠮᠦᠨ ᠳᠠᠭᠠᠳᠠᠭ

3000 ᠶᠠᠰᠤ ᠶ᠋ᠢ ᠨᠢ ᠦᠵᠡᠵᠦ 
         ᠶᠠᠩᠵᠤ ᠶ᠋ᠢ ᠨᠢ ᠲᠠᠨᠢᠬᠤ

        ᠦᠰᠦᠭ ᠠᠮᠢᠯᠠᠭᠤᠯᠤᠭᠴᠢ᠄ ᠰᠠᠷᠠᠨᠲᠤᠶᠠᠭ᠎ᠠ 
           ᠬᠢᠨᠠᠭᠴᠢ᠄ ᠳᠣᠷᠵᠢ᠂ ᠬᠦᠮᠦᠵᠢᠯᠲᠦ᠂ ᠣᠳᠬᠣᠨᠴᠡᠴᠡᠭ᠂ ᠪᠠᠯ