ᠬᠠᠭᠠᠨ ᠬᠤᠷᠤᠭᠤ Хаан хуруу-ᠲᠤᠯᠭᠠᠷ ᠤ᠋ᠨ ᠪᠠᠲᠤᠵᠢᠷᠭᠠᠯ
ᠲᠤᠯᠭᠠᠷ ᠤ᠋ᠨ ᠪᠠᠲᠤᠵᠢᠷᠭᠠᠯ
ᠲᠠᠪᠤᠨ ᠬᠤᠷᠤᠭᠤ ᠨᠢᠭᠡ ᠤᠳᠠᠭ᠎ᠠ
ᠲᠠᠪᠠᠲᠠᠢᠬᠠᠨ ᠪᠥᠭᠡᠮᠨᠡᠷᠡᠵᠦ ᠰᠠᠭᠤᠭᠠᠳ
ᠬᠠᠭᠠᠨ ᠬᠤᠷᠤᠭᠤ ᠪᠠᠨ ᠰᠣᠩᠭᠣᠬᠤ
ᠬᠠᠯᠠᠭᠤᠨ ᠬᠤᠷᠠᠯ ᠬᠢᠵᠡᠢ᠃
ᠥᠨᠳᠥᠷ ᠠᠯᠳᠠᠷ ᠤ᠋ᠨ ᠲᠥᠯᠥᠭᠡ
ᠥᠷᠢᠰᠦᠯᠳᠦᠵᠦ ᠡᠬᠢᠯᠡᠯ᠎ᠡ
ᠥᠪᠡᠷ ᠥᠪᠡᠷᠰᠡᠳ ᠦ᠋ᠨ ᠢ᠋ᠶ᠋ᠡᠨ ᠨᠡᠷ᠎ᠡ ᠶ᠋ᠢ
ᠡᠷᠭᠦᠵᠦ ᠳᠡᠪᠰᠢᠭᠦᠯᠦᠨ᠎ᠡ᠃
ᠡᠷᠡᠬᠡᠢ᠄《ᠡᠷᠳᠡᠮ ᠨᠣᠮ ᠪᠦᠲᠦᠭᠡᠳᠡᠭ
ᠡᠷᠳᠡᠨᠢ ᠶ᠋ᠢᠨ ᠦᠵᠦᠭ ᠲᠦᠰᠢᠯᠴᠡᠳᠡᠭ
ᠡᠷᠡᠬᠡᠢ ᠮᠡᠷᠭᠡᠨ ᠭᠡᠮᠡᠨ
ᠡᠷᠲᠡᠨ ᠡᠴᠡ ᠠᠯᠳᠠᠷᠰᠢᠭᠰᠠᠨ
ᠡᠨᠡ ᠤᠳᠠᠭ᠎ᠠ ᠪᠢ
ᠡᠵᠡᠨ ᠪᠣᠯᠬᠤ ᠪᠣᠯᠤᠯᠲᠠᠢ ᠪᠠᠢᠨ᠎ᠠ᠃》
ᠳᠣᠯᠢᠶᠠᠪᠤᠷ᠄《ᠳᠣᠮᠴᠢ ᠡᠮᠴᠢ ᠭᠡᠮᠡᠨ
ᠳᠣᠮᠣᠭ ᠬᠠᠭᠤᠴᠢᠨ ᠳ᠋ᠤ᠌ ᠪᠢᠴᠢᠭᠳᠡᠭᠰᠡᠨ
ᠳᠣᠬᠢᠶ᠎ᠠ ᠵᠠᠩᠭᠢ ᠶ᠋ᠢᠨ ᠲᠦᠷᠦᠭᠦᠨ ᠳ᠋ᠦ᠍
ᠳᠣᠷᠣᠭᠰᠢ ᠳᠡᠭᠡᠭᠰᠢ ᠴᠢᠴᠢᠯᠡᠭᠰᠡᠨ
ᠬᠠᠭᠠᠨ ᠬᠤᠷᠤᠭᠤ ᠪᠣᠯᠬᠤ ᠳ᠋ᠤ᠌
ᠬᠠᠷᠰᠢᠯᠠᠬᠤ ᠵᠦᠢᠯ ᠠᠯᠠᠭ᠎ᠠ᠃》
ᠳᠤᠮᠳᠠ ᠬᠤᠷᠤᠭᠤ᠄
《ᠳᠣᠯᠢᠶᠠᠪᠤᠷ ᠢ᠋ ᠬᠠᠭᠠᠨ ᠪᠣᠯᠭᠠᠬᠤ ᠳ᠋ᠤ᠌
ᠳᠤᠭᠤᠵᠢᠶᠠ ᠮᠠᠭᠤᠲᠠᠢ ᠶᠤᠮ ᠳᠠ
ᠬᠠᠮᠤᠭ ᠤ᠋ᠨ ᠥᠨᠳᠥᠷ ᠢ᠋ ᠪᠡᠨ ᠶᠡᠷᠦ ᠨᠢ
ᠬᠠᠭᠠᠨ ᠪᠣᠯᠭᠠᠪᠠᠯ ᠶᠠᠭᠠᠬᠢᠭᠰᠠᠨ ᠶᠤᠮ ᠪᠣᠢ?》
ᠶᠠᠭ ᠳᠠᠭᠤᠰᠬᠤ ᠶ᠋ᠢᠨ ᠳᠠᠪᠠᠭᠠᠨ ᠳᠡᠭᠡᠷ᠎ᠡ
ᠶᠠᠩᠵᠤ ᠶ᠋ᠢᠨ ᠶᠠᠭᠤᠮ᠎ᠠ ᠪᠣᠯᠪᠠ
ᠰᠣᠨᠣᠷ ᠤ᠋ᠨ ᠨᠦᠬᠡᠨ ᠳ᠋ᠦ᠍ ᠬᠡᠰᠡᠭ ᠬᠣᠯᠬᠢ
ᠰᠣᠨᠢᠨ ᠤ᠋ ᠲᠠᠰᠤᠷᠬᠠᠢ ᠰᠢᠭ᠋ ᠦᠯᠡᠳᠡᠪᠡ
ᠠᠭᠤᠢ ᠳ᠋ᠤ᠌ ᠣᠷᠣᠭᠰᠠᠨ ᠬᠢᠷᠰᠠ ᠰᠢᠭ᠋
ᠠᠪᠲᠠᠵᠤ ᠥᠭᠬᠦ ᠦᠭᠡᠢ ᠵᠣᠪᠠᠭᠠᠪᠠ᠃
ᠳᠤᠮᠳᠠ ᠬᠤᠷᠤᠭᠤ ᠤᠬᠤᠵᠤ ᠤᠬᠤᠵᠤ
ᠳᠤᠷᠠᠮᠵᠢᠬᠠᠨ ᠪᠤᠴᠠᠵᠤ ᠢᠷᠡᠪᠡ
ᠡᠷᠡᠬᠡᠢ ᠳᠠᠷᠠᠭ᠎ᠠ ᠨᠢ ᠣᠴᠢᠭᠠᠳ
ᠡᠪ ᠢ᠋ᠶ᠋ᠡᠷ ᠣᠷᠣᠯᠳᠣᠭᠠᠳ ᠴᠤ ᠳᠡᠢᠯᠦᠭᠰᠡᠨ ᠦᠭᠡᠢ
ᠳᠣᠯᠢᠶᠠᠪᠤᠷ ᠨᠠᠭᠠᠨ᠎ᠠ ᠠ᠋ᠴᠠ ᠨᠢ ᠳᠣᠪᠲᠣᠯᠤᠭᠠᠳ
ᠳᠣᠷᠪᠢᠲᠠᠢ ᠠᠮᠵᠢᠯᠲᠠ ᠣᠯᠤᠭᠰᠠᠨ ᠦᠭᠡᠢ
ᠢᠳᠠᠮ ᠬᠤᠷᠤᠭᠤ ᠣᠴᠢᠬᠤ ᠳ᠋ᠤ᠌
ᠶᠠᠷᠭᠢᠵᠤ ᠴᠠᠭᠠᠰᠢ ᠣᠷᠣᠪᠠ᠃
《ᠪᠢ ᠶᠠᠪᠤᠭᠠᠳ ᠨᠡᠮᠡᠷᠢ ᠦᠭᠡᠢ》 ᠭᠡᠳ
ᠪᠢᠴᠢᠬᠠᠨ ᠰᠢᠭᠡᠵᠢ ᠲᠠᠲᠠᠭᠠᠯᠵᠠᠯᠠ᠃
《ᠡᠷᠢᠶᠡᠨ ᠵᠥᠭᠡᠢ ᠣᠷᠣᠭᠰᠠᠨ ᠰᠢᠭ᠋
ᠢᠷᠪᠢᠭᠢᠨᠡᠭᠦᠯᠵᠦ ᠵᠠᠭᠠᠲᠤᠨᠠᠭᠤᠯᠤᠭᠠᠳ
ᠡᠵᠡᠨ ᠦ᠌ ᠪᠡᠶ᠎ᠡ ᠶ᠋ᠢ ᠶᠡᠷᠦ ᠨᠢ
ᠡᠪ ᠦᠭᠡᠢ ᠪᠣᠯᠭᠠᠵᠤ ᠪᠠᠢᠨ᠎ᠠ᠂
ᠲᠡᠢᠮᠦ ᠡᠴᠡ ᠡᠭᠦᠨ ᠢ᠋ ᠠᠪᠤᠭᠰᠠᠨ ᠨᠢ
ᠲᠡᠷᠢᠭᠦᠨ ᠬᠠᠭᠠᠨ ᠪᠣᠯᠤᠨ᠎ᠠ》 ᠭᠡᠵᠦ
ᠢᠳᠠᠮ ᠬᠤᠷᠤᠭᠤ ᠲᠡᠨᠳᠡ ᠡᠴᠡ
ᠶᠠᠭ ᠦᠭᠡᠢ ᠰᠠᠨᠠᠯ ᠭᠠᠷᠭᠠᠯ᠎ᠠ᠃
ᠰᠢᠭᠡᠵᠢ ᠡᠭᠦᠨ ᠢ᠋ ᠰᠣᠨᠣᠰᠤᠭᠠᠳ
ᠴᠢᠬᠢ ᠤᠷᠤᠭᠤ ᠭᠦᠶᠦᠭᠡᠳ ᠣᠷᠣᠴᠢᠬᠠᠪᠠ
ᠤᠳᠠᠵᠤ ᠤᠳᠠᠵᠤ᠂ ᠤᠬᠤᠵᠤ ᠤᠬᠤᠵᠤ
ᠤᠷᠠᠨ ᠬᠢᠮᠤᠰᠤᠨ ᠤ᠋ ᠪᠠᠨ ᠵᠠᠪᠰᠠᠷ ᠲᠤ
ᠴᠠᠭᠠᠨ ᠬᠤᠯᠬᠢ ᠡᠭᠦᠷᠦᠭᠰᠡᠭᠡᠷ
ᠴᠠᠭᠠᠨ᠎ᠠ ᠪᠠᠨ ᠪᠠᠶᠠᠷᠲᠠᠢ ᠭᠠᠷᠴᠤ ᠢᠷᠡᠪᠡ
ᠢᠩᠭᠢᠭᠡᠳ ᠰᠢᠭᠡᠵᠢ ᠬᠤᠷᠤᠭᠤ
ᠶᠡᠬᠡ ᠬᠠᠭᠠᠨ ᠪᠣᠯᠪᠠ ᠠ᠋᠃
ᠢᠳᠠᠮ᠄
《ᠡᠷᠳᠡᠨᠢ ᠶ᠋ᠢᠨ ᠮᠥᠩᠭᠥᠨ ᠪᠦᠰᠡ ᠬᠡᠨ ᠳ᠋ᠦ᠍ ᠪᠠᠢᠨ᠎ᠠ ᠪᠣᠢ?
ᠡᠨᠡ ᠯᠡ ᠬᠠᠭᠠᠨ ᠪᠣᠯᠬᠤ ᠶᠣᠰᠣᠲᠠᠢ
ᠲᠡᠷᠢᠭᠦᠨ ᠨᠠᠩᠵᠢᠳ ᠢ᠋ ᠬᠡᠨ ᠡᠬᠢᠯᠡᠵᠦ
ᠲᠩᠷᠢ ᠭᠠᠵᠠᠷ ᠲᠤ᠌ ᠬᠦᠷᠲᠡᠭᠡᠳᠡᠭ ᠪᠢᠯᠡ?
ᠲᠡᠷᠡ ᠯᠠ ᠬᠠᠭᠠᠨ ᠪᠣᠯᠬᠤ ᠤᠴᠢᠷᠲᠠᠢ᠃》
ᠰᠢᠭᠡᠵᠢ᠄
《ᠬᠠᠭᠠᠨ ᠪᠣᠯᠬᠤ ᠳ᠋ᠤ᠌ ᠳᠤᠷ᠎ᠠ ᠦᠭᠡᠢ ᠬᠤᠷᠤᠭᠤ
ᠬᠠᠮᠢᠭ᠎ᠠ ᠠ᠋ᠴᠠ ᠪᠢᠳᠡᠨ ᠳ᠋ᠦ᠍ ᠪᠠᠢᠬᠤ ᠪᠣᠢ᠂
ᠪᠡᠶ᠎ᠡ ᠵᠢᠵᠢᠭ ᠭᠡᠬᠦ ᠦᠭᠡᠢ ᠪᠣᠯ
ᠪᠢ ᠴᠦ᠍ ᠭᠡᠰᠡᠨ ᠬᠠᠭᠠᠨᠴᠢᠯᠠᠵᠤ ᠴᠢᠳᠠᠨ᠎ᠠ᠃
ᠡᠯᠳᠡᠪ ᠦ᠋ᠨ ᠦᠭᠡ ᠪᠡᠷ ᠶᠠᠭᠠᠬᠢᠬᠤ ᠪᠣᠢ
ᠡᠷᠳᠡᠮ ᠴᠢᠳᠠᠯ ᠢ᠋ᠶ᠋ᠠᠷ ᠢ᠋ᠶ᠋ᠠᠨ ᠣᠷᠣᠯᠳᠣᠶ᠎ᠠ
ᠡᠨᠡ ᠲᠡᠮᠡᠴᠡᠭᠡᠨ ᠳ᠋ᠦ᠍ ᠲᠥᠷᠥᠭᠦᠯᠦᠭᠰᠡᠨ ᠨᠢ
ᠡᠵᠡᠨ ᠬᠠᠭᠠᠨ ᠪᠣᠯᠤᠨ᠎ᠠ᠃》
ᠳᠣᠯᠢᠶᠠᠪᠤᠷ᠄
《ᠤᠷᠢᠳᠤ ᠤᠷᠭᠤᠭᠰᠠᠨ ᠴᠢᠬᠢᠨ ᠡᠴᠡ
ᠬᠣᠢᠨ᠎ᠠ ᠤᠷᠭᠤᠭᠰᠠᠨ ᠡᠪᠡᠷ ᠭᠡᠭᠴᠢ ᠪᠡᠷ
ᠤᠬᠠᠭᠠᠨᠲᠤ ᠰᠢᠭᠡᠵᠢ ᠶ᠋ᠢᠨ ᠰᠠᠨᠠᠯ ᠢ᠋
ᠤᠤᠬᠠᠢ ᠶ᠋ᠢᠨ ᠲᠠᠰᠤ ᠵᠥᠪᠰᠢᠶᠡᠷᠡᠵᠦ ᠪᠠᠢᠨ᠎ᠠ᠃》
ᠳᠤᠮᠳᠠ ᠢᠳᠠᠮ ᠬᠤᠷᠤᠭᠤ ᠨᠤᠭᠤᠳ
ᠳᠤᠷᠠᠲᠠᠢ ᠭᠡᠭᠴᠢ ᠳᠡᠮᠵᠢᠵᠡᠢ᠃
ᠡᠷᠡᠬᠡᠢ ᠬᠠᠷᠢᠨ ᠲᠡᠭᠡᠨᠡᠭᠡᠯᠵᠡᠪᠡᠴᠦ
ᠡᠷᠬᠡ ᠦᠭᠡᠢ ᠭᠠᠭᠴᠠᠭᠠᠷᠳᠠᠯᠠ᠃
ᠠᠶᠠᠭ᠎ᠠ ᠳᠦᠭᠦᠷᠡᠩ ᠤᠰᠤᠨ ᠳ᠋ᠤ᠌
ᠠᠷᠤ ᠥᠪᠥᠷ ᠦᠭᠡᠢ ᠨᠣᠷᠴᠤ
ᠠᠩᠬᠢᠯᠤᠭᠤᠨ ᠦᠨᠦᠷᠲᠦ ᠰᠠᠪᠤᠩ ᠢ᠋
ᠠᠯᠠᠭ ᠴᠣᠭᠣᠭ ᠦᠭᠡᠢ ᠲᠦᠷᠬᠢᠵᠦ
ᠡᠵᠡᠨ ᠦ᠌ ᠲᠡᠷᠢᠭᠦᠨ ᠢ᠋ ᠴᠡᠪᠡᠷᠯᠡᠬᠦ
ᠡᠷᠬᠢᠮ ᠠᠵᠢᠯ ᠡᠬᠢᠯᠡᠯ᠎ᠡ᠃
ᠲᠡᠷᠡ ᠡᠨᠡ ᠭᠡᠵᠦ ᠢᠯᠭᠠᠯ ᠦᠭᠡᠢ
ᠲᠩᠰᠢ ᠰᠠᠢᠨ ᠣᠷᠣᠯᠴᠠᠪᠠ
ᠴᠢ ᠪᠢ ᠭᠡᠵᠦ ᠬᠡᠯᠡᠯ ᠦᠭᠡᠢ
ᠴᠢᠩ ᠰᠢᠳᠤᠷᠭᠤ ᠵᠢᠳᠬᠦᠪᠡ᠃
1994 ᠣᠨ
ᠦᠰᠦᠭ ᠠᠮᠢᠯᠠᠭᠤᠯᠤᠭᠴᠢ᠄ ᠪᠠᠶᠠᠨᠴᠡᠴᠡᠭ ᠸᠠᠩ᠂ ᠪᠠᠳᠮ᠎ᠠ
ᠬᠢᠨᠠᠭᠴᠢ ᠪᠠᠭᠰᠢ᠄ ᠳᠠᠷᠤᠴᠢᠨ ᠨᠠᠨᠳᠢᠨ᠂ ᠪᠠᠶᠠᠨᠴᠡᠴᠡᠭ᠂ ᠣᠳᠬᠠᠨᠰᠣ᠎ᠠ
