ᠲᠡᠷᠡ ᠨᠢᠭᠡ ᠬᠡᠷᠢᠶ᠎ᠡТэр нэг хэрээᠯᠣᠪᠰᠠᠩᠴᠠᠨᠳᠠ ᠶ᠋ᠢᠨ ᠪᠠᠶᠠᠰᠬᠤᠯᠠᠩ
ᠯᠣᠪᠰᠠᠩᠴᠠᠨᠳᠠ ᠶ᠋ᠢᠨ ᠪᠠᠶᠠᠰᠬᠤᠯᠠᠩ
ᠤᠰᠤᠨ ᠤ᠋ ᠮᠠᠨᠳᠠᠯ ᠳ᠋ᠤ᠌ ᠬᠡᠳᠦᠨ ᠭᠠᠯᠠᠭᠤ
ᠤᠮᠪᠠᠵᠤ ᠱᠤᠮᠪᠠᠬᠤ ᠶ᠋ᠢ ᠬᠡᠷᠢᠶ᠎ᠡ ᠬᠠᠷᠠᠵᠠᠢ᠃
ᠪᠢ ᠲᠡᠳᠡᠨ ᠡᠴᠡ ᠶᠠᠭᠤᠨ ᠳ᠋ᠤ᠌ ᠳᠤᠲᠠᠬᠤ ᠪᠣᠢ? ᠭᠡᠳ
ᠪᠢᠳᠡᠷᠲᠦ ᠨᠠᠭᠤᠷ ᠤᠷᠤᠭᠤ ᠦᠰᠦᠷᠦᠨ ᠣᠷᠣᠵᠠᠢ᠃
ᠭᠠᠯᠠᠭᠤ ᠴᠤ᠌ ᠶᠠᠭᠠᠬᠢᠬᠤᠪ ᠳᠣᠯᠭᠢᠶᠠᠨ ᠳᠡᠭᠡᠷ᠎ᠡ
ᠭᠠᠩᠭᠠᠨᠠᠨ ᠭᠣᠩᠭᠢᠨᠠᠨ ᠬᠥᠪᠴᠦ ᠶᠠᠪᠤᠨ᠎ᠠ᠃
ᠬᠡᠷᠢᠶ᠎ᠡ ᠬᠠᠷᠢᠨ ᠥᠨᠥ ᠬᠦᠷᠲᠡᠯ᠎ᠡ
ᠬᠡᠵᠢᠶ᠎ᠡ ᠴᠦ᠍ ᠳᠠᠬᠢᠨ ᠭᠠᠷᠴᠤ ᠢᠷᠡᠭᠰᠡᠨ ᠦᠭᠡᠢ᠃
ᠭᠠᠢ ᠲᠠᠢ ᠬᠦ ᠲᠡᠢ ᠶᠠᠭᠤᠮ᠎ᠠ ᠪᠣᠯᠵᠠᠢ ᠳᠠ᠂
ᠭᠠᠯᠠᠭᠤ ᠶᠢ ᠳᠠᠭᠤᠷᠢᠶᠠᠵᠤ ᠬᠡᠷᠢᠶ᠎ᠡ ᠬᠢᠳᠡᠭ ᠳᠡ᠃
ᠠᠷᠠᠳ ᠤ᠋ᠨ ᠦᠭᠡ ᠶᠠᠭᠤᠲᠠᠢ ᠦᠨᠡᠨ ᠪᠣᠢ?
ᠠᠲᠠᠭ᠎ᠠ ᠵᠢᠲᠥᠭᠡ ᠶᠠᠭᠤᠲᠠᠢ ᠮᠠᠭᠤᠬᠠᠢ ᠪᠣᠢ?
1977 ᠣᠨ
ᠦᠰᠦᠭ ᠠᠮᠢᠯᠠᠭᠤᠯᠤᠭᠴᠢ᠄ ᠨᠠᠷᠠᠨᠲᠤᠶᠠᠭ᠎ᠠ
ᠬᠢᠨᠠᠭᠴᠢ᠄ ᠪᠠᠶᠠᠨᠴᠡᠴᠡᠭ᠂ ᠳᠠᠷᠤᠴᠢᠨ ᠨᠠᠨᠳᠢᠨ᠂ ᠰᠡᠬᠡᠭᠡᠷᠡᠯ᠂ ᠣᠳᠬᠠᠨᠰᠣ᠎ᠠ
