ᠲᠩᠷᠢ ᠡᠵᠢ ᠣᠷᠲᠤᠨᠠᠰᠤᠨ ᠭᠤᠸᠠᠢ-ᠪᠠᠶᠠᠨ᠌ᠠᠡᠭᠤᠯᠠТэнгэр ээж-Уртнасан гуай- Баян-уул
ᠲᠩᠷᠢ ᠡᠵᠢ ᠣᠷᠲᠤᠨᠠᠰᠤᠨ ᠭᠤᠸᠠᠢ
ᠪᠠᠶᠠᠨ᠌ᠠᠡᠭᠤᠯᠠ
ᠤᠯᠤᠰ ᠪᠠᠢᠭᠤᠯᠤᠭᠳᠠᠭᠰᠠᠨ ᠲᠡᠷᠡ ᠵᠢᠯ ᠦ᠋ᠨ
ᠤᠯᠠᠭᠠᠨᠴᠠᠪ ᠰᠤᠷᠭᠠᠭᠤᠯᠢ ᠶ᠋ᠢᠨ ᠠᠩᠬᠠᠨ ᠤ᠋ ᠰᠤᠷᠤᠭᠴᠢ
ᠤᠯᠠᠭᠠᠨᠬᠦᠦ ᠲᠡᠷᠢᠭᠦᠯᠡᠭᠴᠢ ᠡᠴᠡ ᠱᠠᠩᠨᠠᠯ ᠲᠣᠰᠴᠤ
ᠤᠷᠮ᠎ᠠ ᠲᠡᠭᠦᠯᠳᠡᠷ ᠭᠢᠯᠠᠷᠠᠭᠤᠯᠵᠤ ᠶᠠᠪᠤᠭᠰᠠᠨ
ᠰᠢᠯᠢ ᠶ᠋ᠢᠨ ᠭᠣᠣᠯ ᠠᠢᠮᠠᠭ ᠤ᠋ᠨ
ᠬᠢᠯᠢ ᠶ᠋ᠢᠨ ᠨᠢᠭᠡᠨ ᠬᠤᠰᠢᠭᠤᠨ ᠤ᠋
ᠰᠢᠯᠢᠳᠡᠭ ᠨᠢᠭᠡᠨ ᠪᠢᠴᠢᠯᠭᠡᠲᠡᠨ
ᠢᠳᠡᠯᠢᠭ ᠨᠢᠭᠡᠨ ᠦᠵᠦᠭᠲᠡᠨ
ᠠᠪᠠᠭ᠎ᠠ ᠨᠤᠲᠤᠭ ᠤ᠋ᠨ ᠪᠠᠭᠰᠢᠲᠠᠨ
ᠠᠷᠠᠳ ᠤ᠋ᠨ ᠰᠤᠷᠭᠠᠭᠤᠯᠢ ᠶ᠋ᠢᠨ ᠵᠢᠳᠬᠦᠯᠲᠡᠨ
ᠠᠢᠮᠠᠭ ᠬᠣᠲᠠ ᠳ᠋ᠤ᠌ ᠪᠠᠨ ᠬᠣᠪᠣᠷᠬᠠᠨ
ᠠᠮᠢᠳᠤ ᠨᠢᠭᠡᠨ ᠪᠤᠷᠬᠠᠨ ᠠ᠋
ᠥᠪᠥᠷ ᠳᠥᠴᠢ ᠶᠢᠰᠦᠨ ᠬᠤᠰᠢᠭᠤᠨ ᠳ᠋ᠤ᠌ ᠪᠠᠨ
ᠥᠨᠳᠥᠷ ᠲᠦ᠍ ᠭᠢᠯᠠᠯᠵᠠᠬᠤ ᠣᠳᠣᠨ
ᠦᠰᠦᠭ ᠪᠢᠴᠢᠭ ᠦ᠋ᠨ ᠬᠣᠯᠪᠣᠭᠠᠨ ᠳ᠋ᠤ᠌ ᠪᠠᠨ
ᠥᠮᠥᠭ ᠲᠦᠰᠢᠭᠲᠦ ᠪᠤᠭᠤᠷᠤᠯ
ᠵᠥᠪ ᠪᠢᠴᠢᠯᠭᠡ ᠶ᠋ᠢᠨ ᠬᠣᠯᠪᠣᠭᠠᠨ ᠳ᠋ᠤ᠌ ᠪᠠᠨ
ᠵᠢᠳᠬᠦᠯ ᠦᠵᠡᠭᠦᠯᠦᠭᠰᠡᠨ ᠨᠠᠰᠤᠲᠠᠨ ᠮᠢᠨᠢ
ᠵᠦᠢᠲᠡᠢ ᠣᠯᠠᠨ ᠮᠣᠩᠭᠣᠯᠴᠤᠳ ᠤ᠋ᠨ
ᠵᠢᠷᠦᠬᠡ ᠰᠡᠳᠬᠢᠯ ᠦ᠋ᠨ ᠰᠢᠲᠦᠭᠡᠨ ᠮᠢᠨᠢ
ᠡᠨᠡ ᠴᠠᠭ ᠤ᠋ᠨ ᠵᠠᠯᠠᠭᠤᠴᠤᠳ ᠲᠤ᠌
ᠢᠲᠡᠭᠡᠯ ᠵᠣᠷᠢᠭ ᠱᠠᠩᠨᠠᠭᠰᠠᠨ
ᠡᠷᠢᠨ ᠵᠠᠭᠤᠨ ᠤ᠋ ᠢᠳᠡᠷᠴᠦᠳ ᠲᠦ᠍
ᠡᠷᠴᠢ ᠬᠦᠴᠦ ᠬᠠᠢᠷᠠᠯᠠᠭᠰᠠᠨ
ᠪᠤᠶᠠᠨᠲᠤ ᠮᠣᠩᠭᠣᠯ ᠵᠠᠶᠠᠭ᠎ᠠ ᠪᠠᠨ
ᠪᠣᠰᠤᠭ᠎ᠠ ᠪᠢᠴᠢᠭ ᠢ᠋ᠶ᠋ᠡᠷ ᠢ᠋ᠶ᠋ᠡᠨ ᠴᠢᠮᠡᠭᠯᠡᠭᠰᠡᠨ
ᠪᠠᠳᠠᠷᠠᠩᠭᠤᠢ ᠶ᠋ᠢᠨ ᠴᠠᠬᠢᠮ ᠬᠠᠭᠤᠳᠠᠰᠤᠨ ᠳ᠋ᠤ᠌
ᠨᠠᠰᠤᠨ ᠬᠤᠲᠤᠭ ᠢ᠋ᠶ᠋ᠠᠷ ᠢ᠋ᠶ᠋ᠠᠨ ᠣᠷᠣᠢᠯᠠᠭᠰᠠᠨ
ᠶᠡᠷᠡᠨ ᠬᠠᠪᠤᠷ ᠤ᠋ᠨ ᠰᠠᠯᠬᠢ ᠶ᠋ᠢ
ᠢᠲᠡᠭᠡᠯ ᠢ᠋ᠶ᠋ᠡᠷ ᠢ᠋ᠶ᠋ᠡᠨ ᠲᠤᠭᠤᠯᠤᠭᠰᠠᠨ
ᠶᠡᠷᠡᠨ ᠨᠠᠮᠤᠷ ᠤ᠋ᠨ ᠨᠠᠪᠴᠢᠰ ᠢ᠋
ᠢᠪᠡᠭᠡᠯ ᠢ᠋ᠶ᠋ᠡᠷ ᠢ᠋ᠶ᠋ᠡᠨ ᠦᠳᠡᠭᠰᠡᠨ
ᠶᠡᠷᠡᠨ ᠵᠤᠨ ᠤ᠋ ᠨᠠᠷᠠ ᠶ᠋ᠢ
ᠢᠷᠦᠭᠡᠯ ᠢ᠋ᠶ᠋ᠡᠷ ᠢ᠋ᠶ᠋ᠡᠨ ᠲᠤᠰᠤᠭᠰᠠᠨ
ᠶᠡᠷᠡᠨ ᠡᠪᠦᠯ ᠦ᠋ᠨ ᠰᠢᠭᠤᠷᠭᠠᠨ ᠢ᠋
ᠢᠳᠡᠷᠡᠭᠦᠨ ᠢ᠋ᠶ᠋ᠡᠷ ᠰᠥᠷᠦᠭᠰᠡᠨ
ᠰᠦᠯᠵᠢᠶ᠎ᠡ ᠬᠣᠯᠪᠣᠭᠠᠨ ᠤ᠋ ᠶᠢᠷᠲᠢᠨᠴᠦ ᠳ᠋ᠦ᠍
ᠰᠦᠯᠳᠡ ᠨᠢ ᠪᠣᠯᠤᠭᠰᠠᠨ ᠡᠵᠢ ᠮᠢᠨᠢ
ᠴᠠᠬᠢᠮ ᠪᠢᠴᠢᠯᠭᠡ ᠶ᠋ᠢᠨ ᠬᠣᠯᠪᠣᠭᠠᠨ ᠳ᠋ᠤ᠌ ᠪᠠᠨ
ᠴᠢᠮᠡᠭ ᠨᠢ ᠪᠣᠯᠤᠭᠰᠠᠨ ᠪᠤᠭᠤᠷᠤᠯ ᠮᠢᠨᠢ
ᠲᠡᠭᠦᠯᠳᠡᠷ ᠤᠷᠮ᠎ᠠ ᠲᠠᠢ ᠪᠢᠴᠢᠭᠲᠦ ᠡᠵᠢ
ᠲᠡᠭᠦᠰ ᠵᠣᠷᠢᠭᠲᠠᠢ ᠰᠣᠶᠣᠯᠲᠤ ᠡᠵᠢ
ᠲᠦᠭᠡᠮᠡᠯ ᠮᠣᠩᠭᠣᠯ ᠬᠡᠯᠡ ᠰᠣᠶᠣᠯ ᠤ᠋ᠨ ᠢ᠋ᠶ᠋ᠠᠨ
ᠲᠦᠰᠢᠭ ᠨᠢ ᠪᠣᠯᠤᠭᠰᠠᠨ ᠲᠩᠷᠢ ᠡᠵᠢ ᠠ᠋
ᠦᠰᠦᠭ ᠠᠮᠢᠯᠠᠭᠤᠯᠤᠭᠴᠢ᠄ ᠪᠠᠶᠠᠨ᠌ᠠᠡᠭᠤᠯᠠ
ᠤᠶᠠᠩᠭᠠᠯᠠᠭᠴᠢ᠄ ᠰᠠᠢᠬᠠᠨᠳᠠᠯᠠᠢ
ᠵᠢᠷᠤᠭ ᠲᠠᠭᠠᠷᠠᠭᠤᠯᠵᠤ᠂ ᠦᠰᠦᠭ ᠬᠠᠳᠠᠭᠴᠢ᠄ ᠬᠣᠨᠢᠴᠢᠨ ᠪᠦᠰᠡᠭᠦᠢ
ᠬᠢᠨᠠᠭᠴᠢ᠄ ᠣᠳᠬᠠᠨᠰᠣ᠎ᠠ
※ ᠵᠥᠪ ᠪᠢᠴᠢᠯᠭᠡ ᠶ᠋ᠢᠨ ᠬᠣᠯᠪᠣᠭ᠎ᠠ ᠠ᠋ᠴᠠ ᠰᠢᠩᠭᠡᠭᠡᠵᠦ ᠦᠢᠯᠡᠳᠪᠡ᠃
