ᠪᠠᠭᠠᠪᠠᠭᠠᠢ ᠶ᠋ᠢᠨ ᠪᠠᠢᠰᠢᠩ Баавгайн байшин ᠪᠠᠲᠤ- ᠸᠴᠢᠷ ᠦ᠋ᠨ ᠲᠡᠮᠦᠷᠲᠣᠭᠣᠭ᠎ᠠ
ᠪᠠᠲᠤ— ᠸᠴᠢᠷ ᠦ᠋ᠨ ᠲᠡᠮᠦᠷᠲᠣᠭᠣᠭ᠎ᠠ
ᠦᠢ ᠣᠯᠠᠨ
ᠪᠦᠳᠦᠭᠦᠨ ᠮᠣᠳᠣ ᠶ᠋ᠢ
ᠦᠨᠳᠦᠰᠦ ᠰᠠᠭᠤᠷᠢ ᠪᠠᠷ ᠨᠢ
ᠪᠤᠯᠭᠤ ᠠᠯᠠᠭᠠᠳᠠᠵᠤ
ᠬᠣᠶᠠᠷ ᠰᠤᠭᠤᠨ ᠳ᠋ᠠᠭᠠᠨ
ᠲᠠᠰᠤ ᠬᠠᠪᠴᠢᠭᠤᠯᠵᠤ
ᠬᠣᠯᠠ ᠣᠢᠷ᠎ᠠ ᠠ᠋ᠴᠠ
ᠵᠥᠭᠡᠭᠡᠵᠦ ᠴᠤᠭᠯᠠᠭᠤᠯᠤᠭᠰᠠᠭᠠᠷ
ᠵᠡᠯᠡᠭᠦᠨ ᠣᠢ ᠶ᠋ᠢᠨ
ᠬᠦᠷᠡᠩ ᠪᠠᠭᠠᠪᠠᠭᠠᠢ
ᠵᠡᠬᠡᠭᠰᠡᠨ ᠲᠣᠮᠣ
ᠰᠠᠭᠤᠴᠠ ᠪᠠᠷᠢᠵᠠᠢ᠃
ᠪᠠᠭᠠᠪᠠᠭᠠᠢ ᠶ᠋ᠢᠨ ᠪᠠᠷᠢᠭᠰᠠᠨ
ᠪᠠᠢᠰᠢᠩ ᠢ᠋ ᠦᠵᠡᠭᠡᠳ
ᠪᠠᠢᠵᠤ ᠶᠠᠳᠠᠨ
ᠱᠠᠭᠠᠵᠠᠭᠠᠢ ᠱᠠᠭᠰᠢᠷᠠᠵᠠᠢ᠃
ᠥᠳᠬᠡᠨ ᠰᠡᠭᠦᠯ ᠲᠡᠢ
ᠬᠡᠷᠡᠮᠦ ᠬᠦᠷᠲᠡᠯ᠎ᠡ
ᠥᠪᠡᠷ ᠦ᠋ᠨ ᠡᠷᠬᠡ ᠦᠭᠡᠢ
ᠢᠨᠢᠶᠡᠳᠦ ᠠᠯᠳᠠᠵᠠᠢ᠃
ᠬᠠᠮᠤᠭ ᠤ᠋ᠨ ᠭᠣᠣᠯ ᠨᠢ
ᠮᠠᠨ ᠤ᠋ ᠪᠠᠭᠠᠪᠠᠭᠠᠢ ᠬᠠᠭᠠᠯᠭ᠎ᠠ ᠬᠢᠬᠦ ᠪᠡᠨ
ᠮᠠᠷᠲᠠᠭᠰᠠᠨ ᠪᠠᠢᠵᠠᠢ᠃
1971 ᠣᠨ
ᠦᠰᠦᠭ ᠠᠮᠢᠯᠠᠭᠤᠯᠤᠭᠴᠢ᠄ ᠪᠠᠶᠠᠷᠴᠡᠴᠡᠭ
ᠬᠢᠨᠠᠭᠴᠢ ᠪᠠᠭᠰᠢ᠄ ᠣᠳᠬᠠᠨᠰᠣ᠎ᠠ
