ᠦᠬᠡᠷ ᠤᠨᠤᠭᠰᠠᠨ ᠢᠯᠠᠭ᠎ᠠ -Үхэр оносон ялаа-ᠪᠠᠲᠤᠰᠠᠭᠤᠷᠢ ᠶ᠋ᠢᠨ ᠠᠯᠲᠠᠨᠭᠡᠷᠡᠯ ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠬᠡᠷ ᠤᠨᠤᠭᠰᠠᠨ ᠢᠯᠠᠭ᠎ᠠ -Үхэр оносон ялаа-ᠪᠠᠲᠤᠰᠠᠭᠤᠷᠢ ᠶ᠋ᠢᠨ ᠠᠯᠲᠠᠨᠭᠡᠷᠡᠯ

ᠦᠬᠡᠷ ᠤᠨᠤᠭᠰᠠᠨ ᠢᠯᠠᠭ᠎ᠠ -Үхэр оносон ялаа-ᠪᠠᠲᠤᠰᠠᠭᠤᠷᠢ ᠶ᠋ᠢᠨ ᠠᠯᠲᠠᠨᠭᠡᠷᠡᠯ

2024-09-16

1151

   ᠪᠠᠲᠤᠰᠠᠭᠤᠷᠢ ᠶ᠋ᠢᠨ ᠠᠯᠲᠠᠨᠭᠡᠷᠡᠯ 

ᠪᠡᠶ᠎ᠡ ᠪᠡᠨ ᠳᠤᠭᠤᠭᠴᠢᠳ ᠢ᠋ 
ᠬᠠᠶᠠ ᠬᠠᠷᠠᠬᠤ ᠳ᠋ᠤ᠌ 
ᠪᠢᠳᠡᠨ ᠳ᠋ᠦ᠍ ᠨᠢᠭᠡ ᠯᠡ 
ᠡᠪ ᠦᠭᠡᠢ ᠰᠠᠨᠠᠭᠳᠠᠳᠠᠭ᠂ 
ᠶᠠᠮᠠᠷ ᠴᠤ᠌ ᠪᠠᠢᠭᠰᠠᠨ 
ᠲᠡᠳᠡᠨ ᠦ᠌ ᠳᠦᠷᠢ 
ᠢᠯᠠᠭᠠᠨ ᠤ᠋ ᠦᠯᠢᠭᠡᠷ ᠢ᠋ 
ᠢᠮᠠᠭᠲᠠ 
ᠪᠣᠳᠣᠭᠳᠠᠭᠤᠯᠳᠠᠭ᠃ 
ᠠᠭᠠᠭᠢᠮ᠎ᠠ ᠬᠠᠯᠠᠭᠤᠨ 
ᠨᠠᠷᠠᠨ ᠰᠢᠷᠠᠨ᠎ᠠ 
ᠠᠯᠤᠰ ᠬᠣᠯᠠ ᠶ᠋ᠢᠨ 
ᠵᠠᠮ ᠵᠤᠷᠠᠢᠨ᠎ᠠ
ᠠᠮᠪᠠᠨ ᠱᠠᠷ
ᠠᠯᠤᠰ ᠢ᠋ ᠵᠣᠷᠢᠨ᠎ᠠ
ᠠᠮᠢᠰᠬᠤᠭ᠎ᠠ ᠨᠢ ᠳᠠᠪᠬᠤᠴᠠᠭᠠᠳ
ᠠᠭᠠᠬᠢᠯᠠᠵᠤ ᠶᠠᠪᠤᠨ᠎ᠠ᠃
ᠠᠮᠪᠠᠨ ᠱᠠᠷ ᠤ᠋ᠨ
ᠠᠷᠤ ᠵᠣ ᠳᠡᠭᠡᠷ᠎ᠡ
 ᠠᠳᠢᠭᠠᠷᠬᠠᠨ ᠢᠯᠠᠭ᠎ᠠ
ᠠᠰᠠᠨ ᠨᠠᠭᠠᠯᠳᠤᠭᠠᠳ
ᠠᠮᠪᠠᠨ ᠱᠠᠷ
ᠤᠨᠤᠵᠤ ᠶᠠᠪᠤᠭ᠎ᠠ ᠭᠡᠵᠦ
ᠠᠮᠢᠨ ᠳ᠋ᠠᠭᠠᠨ ᠲᠡᠷᠡ
ᠪᠣᠳᠣᠵᠤ ᠶᠠᠪᠤᠨ᠎ᠠ᠃
ᠬᠠᠯᠠᠭᠤᠨ ᠳ᠋ᠤ᠌ ᠠᠮᠢᠰᠬᠤᠭᠠᠳᠠᠭᠰᠠᠨ
ᠠᠮᠪᠠᠨ ᠱᠠᠷ ᠠ᠋ᠴᠠ᠄
《ᠶᠠᠭ ᠦᠭᠡᠢ ᠬᠦᠨᠳᠦ
ᠪᠠᠢᠨ᠎ᠠ ᠤᠤ ᠪᠢ?》 ᠭᠡᠵᠦ
《ᠶᠠᠳᠠᠷᠠᠵᠤ ᠵᠦᠳᠡᠷᠡᠵᠦ ᠶᠠᠪᠤᠨ᠎ᠠ ᠤᠤ ᠴᠢ?》 ᠭᠡᠵᠦ
ᠠᠬᠢᠨ ᠳᠠᠬᠢᠨ ᠠᠰᠠᠭᠤᠵᠠᠢ ᠭᠡᠨ᠎ᠡ᠃
ᠠᠮᠪᠠᠨ ᠱᠠᠷ ᠨᠢ
ᠠᠩᠵᠠᠭᠠᠷᠠᠭᠰᠠᠨ ᠴᠤ ᠦᠭᠡᠢ᠃
ᠬᠥᠭᠡᠷᠦᠬᠦᠢ ᠱᠠᠷ ᠢ᠋ᠶ᠋ᠠᠨ
ᠶᠠᠳᠠᠷᠠᠭᠰᠠᠨ ᠪᠣᠯ
ᠬᠥᠭᠡᠷᠴᠦ ᠬᠡᠰᠡᠭ
ᠨᠢᠰᠦᠶ᠎ᠡ ᠳᠡ ᠭᠡᠵᠦ
ᠢᠯᠠᠭ᠎ᠠ ᠲᠤᠩ
ᠶᠡᠬᠡᠷᠬᠡᠦ ᠵᠠᠩ ᠢ᠋ᠶ᠋ᠠᠷ
ᠶᠠᠩᠭᠢᠨᠠᠨ ᠵᠢᠩᠭᠢᠨᠡᠨ
ᠬᠡᠯᠡᠵᠡᠢ ᠭᠡᠨ᠎ᠡ᠃
ᠠᠮᠪᠠᠨ ᠱᠠᠷ
ᠠᠩᠬᠠᠷᠤᠭᠰᠠᠨ ᠴᠤ ᠦᠭᠡᠢ
ᠠᠰᠠᠭᠤᠵᠤ ᠪᠠᠢᠨ᠎ᠠ ᠭᠡᠵᠦ
ᠠᠩᠵᠠᠭᠠᠷᠠᠭᠰᠠᠨ ᠴᠤ ᠦᠭᠡᠢ᠃
ᠶᠠᠭᠠᠬᠢᠬᠤ ᠪᠣᠢ ᠲᠡᠷᠡ
ᠶᠠᠷᠢᠵᠤ ᠯᠠ ᠪᠠᠢᠭ!
ᠥᠴᠦᠬᠡᠨ ᠲᠡᠭᠦᠨ ᠦ᠌
ᠪᠡᠶ᠎ᠡ ᠪᠡᠨ ᠲᠣᠭᠣᠭᠰᠠᠨ
ᠥᠭᠡᠷ᠎ᠡ ᠪᠤᠰᠤᠳ ᠲᠤ
ᠪᠡᠶ᠎ᠡ ᠪᠡᠨ ᠮᠠᠭᠲᠠᠭᠰᠠᠨ
ᠥᠭᠡᠳᠡ ᠦᠭᠡᠢ ᠵᠠᠩ ᠨᠢ
ᠬᠣᠯᠠᠳᠠᠬᠤ ᠶᠤᠮ ᠪᠢᠰᠢ
ᠡᠪᠡᠳᠴᠢᠨ ᠨᠢ ᠲᠡᠭᠡᠭᠡᠳ
ᠳᠡᠪᠡᠷᠡᠬᠦ ᠶᠦᠮ ᠪᠢᠰᠢ᠃

       1969 ᠣᠨ

   ᠦᠰᠦᠭ ᠠᠮᠢᠯᠠᠭᠤᠯᠤᠭᠴᠢ᠄ ᠨᠠᠷᠠᠨᠲᠤᠶᠠᠭ᠎ᠠ
   ᠬᠢᠨᠠᠭᠴᠢ᠄ ᠪᠠᠶᠠᠷᠴᠡᠴᠡᠭ᠂ ᠣᠳᠬᠠᠨᠰᠣ᠎ᠠ