ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠠᠷᠪᠠᠨ ᠳᠦᠷᠪᠡ) Сэрүүхэн тал нутаг–<свис> Вальтер Босгард (Walter Bosshard)- Дөрөвдүгээр бөлөг 14
ᠠᠷᠪᠠᠨ ᠳᠥᠷᠪᠡ ᠂ ᠮᠥᠷᠭᠥᠯᠴᠢᠳ ᠦ᠋ᠨ ᠬᠠᠭᠤᠴᠢᠨ ᠵᠠᠮ ᠳᠡᠭᠡᠷ᠎ᠡ
ᠰᠢᠷᠦᠭᠦᠨ ᠰᠠᠯᠬᠢ ᠲᠠᠯ᠎ᠠ ᠨᠤᠲᠤᠭ ᠢ᠋ ᠱᠦᠭᠦᠷᠳᠡᠨ ᠦᠯᠢᠶᠡᠬᠦ ᠳ᠋ᠦ᠍ ᠳᠡᠭᠡᠷᠡᠬᠢ ᠬᠠᠷ᠎ᠠ ᠡᠭᠦᠯᠡᠨ ᠡᠴᠡ ᠬᠡᠳᠦᠨ ᠳᠤᠰᠤᠯ ᠪᠣᠷᠣᠭᠠᠨ ᠳᠤᠰᠤᠯᠠᠬᠤ ᠳ᠋ᠠᠭᠠᠨ ᠶᠠᠭ ᠯᠠ ᠲᠠᠰᠢᠭᠤᠷ ᠢ᠋ᠶ᠋ᠠᠷ ᠬᠦᠴᠦᠲᠡᠢ ᠭᠤᠶᠠᠳᠠᠭᠰᠠᠨ ᠮᠡᠲᠦ ᠠᠷᠠᠰᠤᠨ ᠳᠡᠭᠡᠷ᠎ᠡ ᠤᠯᠠᠭᠠᠨ ᠲᠣᠯᠪᠣ ᠭᠠᠷᠲᠠᠯ᠎ᠠ ᠴᠣᠬᠢᠯᠠᠬᠤ ᠠᠵᠢ᠃ ᠪᠢ ᠬᠠᠭᠤᠴᠢᠨ ᠹᠣᠷᠳ᠋ ᠮᠠᠰᠢᠨ ᠤ᠋ ᠴᠣᠩᠬᠣ ᠶ᠋ᠢ ᠬᠠᠭᠠᠬᠤ ᠭᠡᠬᠦ ᠳ᠋ᠦ᠍ ᠰᠸᠡᠰᠤᠨ ᠮᠢᠨᠦ ᠴᠢᠬᠢ ᠤᠷᠤᠭᠤ ᠬᠠᠨᠳᠤᠨ :
— ᠲᠠᠭᠠᠷᠠᠵᠤ ᠪᠠᠢᠭ᠎ᠠ ᠨᠢ ᠤᠤ ? ᠭᠡᠵᠦ ᠬᠦᠴᠦᠲᠡᠢ ᠬᠠᠰᠬᠢᠷᠤᠨ ᠬᠡᠯᠡᠪᠡ᠃ ᠪᠢ ᠲᠣᠯᠣᠭᠠᠢ ᠪᠠᠨ ᠰᠠᠵᠢᠭᠠᠳ ᠭᠠᠷ ᠤᠷᠤᠭᠤ ᠪᠠᠨ ᠵᠢᠭᠠᠪᠠ᠃
— ᠨᠡᠭᠡᠭᠡᠯᠲᠡᠲᠡᠢ ᠪᠠᠢᠪᠠᠯ ᠮᠣᠲ᠋ᠣᠷ ᠭᠦᠷᠦᠳᠡᠭ ᠶᠦᠮ ᠭᠡᠵᠦ ᠰᠢᠷᠦᠭᠦᠨ ᠰᠠᠯᠬᠢᠨ ᠳ᠋ᠤ᠌ ᠲᠡᠷᠡ ᠥᠨᠳᠥᠷ ᠳᠠᠭᠤᠨ ᠢ᠋ᠶ᠋ᠠᠷ ᠬᠡᠯᠡᠪᠡ᠃ ᠱᠤᠭᠤᠮ ᠮᠡᠲᠦ ᠰᠢᠯᠤᠭᠤᠬᠠᠨ ᠵᠠᠮ ᠢ᠋ᠶ᠋ᠠᠷ ᠮᠠᠰᠢᠨ ᠮᠠᠨᠢ ᠥᠭᠡᠳᠡ ᠡᠴᠡ ᠰᠠᠯᠬᠢᠯᠠᠬᠤ ᠰᠢᠷᠦᠭᠦᠨ ᠰᠠᠯᠬᠢᠨ ᠲᠠᠢ ᠲᠡᠮᠡᠴᠡᠨ ᠤᠷᠤᠭᠰᠢᠯᠠᠨ᠎ᠠ᠃ ᠰᠸᠡᠰᠦᠨ ᠬᠤᠷᠳᠤ ᠶ᠋ᠢᠨ ᠬᠡᠮᠵᠢᠭᠦᠷ ᠦ᠋ᠨ ᠲᠠᠪᠢ᠂ ᠵᠢᠷᠠ ᠪᠣᠯᠤᠨ ᠳᠠᠯᠠᠨ ᠺᠢᠯᠣᠮᠧᠲ᠋ᠷ ᠢ᠋ ᠵᠢᠭᠠᠬᠤ ᠶ᠋ᠢ ᠬᠠᠷᠠᠬᠤ ᠶ᠋ᠢᠨ ᠵᠡᠷᠭᠡᠳᠡ ᠨᠠᠮᠵᠢᠭᠤᠬᠠᠨ ᠢᠨᠢᠶᠡᠮᠰᠦᠭᠯᠡᠵᠦ ᠬᠠᠨᠤᠮᠵᠢᠲᠠᠢ ᠪᠠᠷ ᠲᠣᠯᠣᠭᠠᠢ ᠪᠠᠨ ᠳᠣᠬᠢᠭᠰᠠᠭᠠᠷ ᠪᠠᠢᠪᠠ᠃ ᠵᠠᠮ ᠤ᠋ᠨ ᠬᠠᠵᠠᠭᠤ ᠪᠠᠷ ᠪᠤᠲᠠ ᠪᠤᠲᠠ ᠡᠪᠡᠰᠦ ᠤᠷᠭᠣᠭᠰᠠᠨ ᠭᠠᠵᠠᠷ ᠢ᠋ᠶ᠋ᠠᠷ ᠦᠬᠡᠷ ᠲᠡᠷᠭᠡᠨ ᠦ᠌ ᠮᠥᠷ ᠵᠤᠷᠠᠢᠯᠳᠤᠨ ᠡᠮᠦᠨᠡᠬᠢ ᠬᠣᠯᠠ ᠲᠠᠯ᠎ᠠ ᠳ᠋ᠤ᠌ ᠪᠠᠷᠤᠭ ᠯᠠ ᠵᠠᠮ ᠳᠡᠭᠡᠷ᠎ᠡ ᠪᠠᠢᠭ᠎ᠠ ᠮᠡᠲᠦ ᠬᠠᠷ᠎ᠠ ᠴᠡᠭ ᠬᠠᠷᠠᠭᠳᠠᠵᠤ ᠪᠠᠢᠪᠠ᠃ ᠨᠢᠭᠡ ᠴᠢᠯᠠᠭᠤ ᠪᠠᠢᠬ᠎ᠠ ᠭᠡᠵᠦ ᠪᠣᠳᠣᠵᠤ ᠪᠠᠢᠭᠰᠠᠨ ᠪᠣᠯᠪᠠᠴᠤ ᠶᠠᠭᠤᠨ ᠳ᠋ᠤ᠌ ᠵᠠᠮ ᠤ᠋ᠨ ᠳᠤᠮᠳᠠ ᠨᠢᠭᠡ ᠲᠣᠮᠣ ᠴᠢᠯᠠᠭᠤ ᠭᠠᠷᠴᠤ ᠢᠷᠡᠬᠦ ᠪᠢᠯᠡ? ᠪᠣᠷᠣᠭᠠᠨ ᠰᠢᠷᠦᠭᠦᠰᠴᠦ᠂ ᠡᠮᠨᠡᠯᠭᠡ ᠶ᠋ᠢᠨ ᠵᠢᠶᠣᠣᠪᠦ᠋ ᠪᠡᠷ ᠨᠠᠭᠠᠵᠤ ᠲᠣᠭᠲᠠᠭᠠᠭᠰᠠᠨ ᠡᠮᠦᠨᠡᠬᠢ ᠰᠢᠯ ᠢ᠋ ᠰᠢᠷᠦᠭᠦᠨ ᠴᠣᠬᠢᠯᠠᠵᠤ ᠭᠠᠷᠬᠤ ᠳ᠋ᠤ᠌ ᠵᠢᠯᠣᠭᠣᠴᠢ ᠠᠪᠤᠭᠠᠢ ᠮᠠᠨᠢ ᠬᠤᠷᠳᠤᠴᠠ ᠪᠠᠨ ᠬᠠᠰᠤᠪᠠ᠃ ᠰᠠᠨᠠᠭᠠᠨ ᠳ᠋ᠤ᠌ ᠴᠤ᠌ ᠦᠭᠡᠢ ᠪᠠᠢᠲᠠᠯ᠎ᠠ ᠲᠡᠷᠡ ᠬᠠᠷᠢᠨ ᠮᠠᠰᠢᠨ ᠢ᠋ᠶ᠋ᠠᠨ ᠭᠡᠨᠡᠳᠲᠡ ᠲᠣᠷᠣᠮᠰᠤᠯᠠᠨ ᠵᠣᠭᠰᠣᠭᠠᠪᠠ᠃ ᠮᠠᠰᠢᠨ ᠤ᠋ ᠡᠮᠦᠨ᠎ᠡ ᠵᠠᠮ ᠳᠡᠭᠡᠷ᠎ᠡ ᠨᠢᠭᠡ ᠬᠥᠮᠦᠨ ᠠᠷᠤ ᠳ᠋ᠠᠭᠠᠨ ᠡᠭᠦᠷᠴᠦ ᠪᠠᠢᠭ᠎ᠠ ᠣᠯᠠᠨ ᠵᠦᠢᠯᠡᠰ ᠢ᠋ᠶ᠋ᠡᠷ ᠢ᠋ᠶ᠋ᠡᠨ ᠰᠠᠯᠬᠢᠨ ᠪᠣᠷᠣᠭᠠᠨ ᠢ᠋ ᠬᠠᠯᠬᠠᠯᠠᠨ ᠤᠷᠤᠭᠰᠢᠯᠠᠵᠤ ᠪᠠᠢᠪᠠ᠃ ᠲᠡᠷᠡ ᠮᠣᠩᠭᠣᠯ ᠲᠣᠯᠣᠭᠠᠢ ᠪᠠᠨ ᠡᠷᠭᠦᠨ ᠬᠠᠷᠠᠵᠤ ᠠᠪᠤᠭᠰᠠᠨ ᠢ᠋ᠶ᠋ᠠᠨ ᠲᠠᠶᠠᠭ ᠢ᠋ᠶ᠋ᠠᠨ ᠠᠪᠴᠤ ᠲᠤᠯᠤᠭᠠᠳ᠂ ᠰᠠᠯᠬᠢᠨ ᠪᠣᠷᠣᠭᠠᠨ ᠢ᠋ ᠡᠰᠡᠷᠭᠦᠯᠡᠨ ᠵᠣᠭᠰᠣᠪᠠ᠃ ᠮᠥᠷᠭᠥᠯ ᠳ᠋ᠦ᠍ ᠶᠠᠪᠤᠭ᠎ᠠ ᠡᠨᠡ ᠬᠥᠮᠦᠨ ᠦ᠌ ᠡᠮᠦᠰᠴᠦ ᠵᠡᠭᠦᠭᠰᠡᠨ ᠨᠢ ᠠᠷᠭ᠎ᠠ ᠦᠭᠡᠢ ᠨᠠᠪᠲᠠᠷᠬᠠᠢ ( ᠵᠢᠷᠤᠭ 101)᠃ ᠯᠠᠮᠠ ᠮᠠᠯᠠᠭᠠᠢ ᠨᠢ ᠤᠤᠯ ᠥᠩᠭᠡ ᠨᠢ ᠲᠠᠨᠢᠭᠳᠠᠬᠤ ᠶ᠋ᠢᠨ ᠠᠷᠭ᠎ᠠ ᠦᠭᠡᠢ ᠪᠣᠯᠲᠠᠯ᠎ᠠ ᠪᠠᠨ ᠬᠠᠭᠤᠴᠢᠷᠠᠵᠠᠢ᠃
— ᠠᠳᠠ ᠶᠠᠭᠤ ᠬᠢᠵᠦ ᠶᠠᠪᠤᠭ᠎ᠠ ᠪᠣᠢ? ᠭᠡᠵᠦ ᠡᠸᠷᠢᠭᠰᠦᠨ ᠴᠣᠩᠬᠣ ᠪᠠᠷ ᠠᠰᠠᠭᠤᠪᠠ᠃
— ᠠᠮᠤᠷᠬᠠᠨ ᠰᠠᠢᠨ! ᠭᠡᠵᠦ ᠮᠥᠷᠭᠥᠯᠴᠢᠨ ᠬᠠᠷᠢᠭᠤᠯᠪᠠ᠃
— ᠬᠠᠮᠢᠭ᠎ᠠ ᠠ᠋ᠴᠠ ᠶᠠᠪᠤᠵᠤ ᠪᠠᠢᠭ᠎ᠠ ᠪᠣᠢ?
— ᠮᠠᠨᠵᠤ ᠤᠯᠤᠰ ᠠ᠋ᠴᠠ ᠶᠠᠪᠤᠵᠤ ᠪᠠᠢᠨ᠎ᠠ ᠭᠡᠳ ᠲᠡᠷᠡ ᠮᠣᠩᠭᠣᠯ ᠨᠢᠭᠡ ᠰᠦᠮ᠎ᠡ ᠶ᠋ᠢᠨ ᠨᠡᠷ᠎ᠡ ᠶ᠋ᠢ ᠬᠡᠯᠡᠪᠡ᠃
— ᠲᠠ ᠲᠡᠭᠡᠭᠡᠳ ᠬᠠᠮᠢᠭ᠎ᠠ ᠬᠦᠷᠬᠦ ᠪᠡᠷ ᠶᠠᠪᠤᠵᠤ ᠪᠠᠢᠭ᠎ᠠ ᠪᠢᠯᠡ ?
— ᠤᠷᠢᠳ ᠢ᠋ᠶ᠋ᠠᠷ ᠰᠢᠷᠠᠮᠥ᠋ᠷᠡᠨ ᠰᠦᠮ᠎ᠡ᠂ ᠲᠡᠭᠡᠭᠡᠳ ᠴᠢᠨᠠᠭᠰᠢ ᠤᠲᠠᠢ ᠳ᠋ᠤ᠌ ᠬᠦᠷᠦᠨ᠎ᠡ᠃
— ᠶᠡᠬᠡ ᠬᠣᠯᠠ ᠵᠠᠮ ᠪᠠᠢᠨ᠎ᠠ ᠳᠠ ᠭᠡᠵᠦ ᠨᠠᠮᠠᠶ᠋ᠢ ᠬᠡᠯᠡᠬᠦ ᠳ᠋ᠦ᠍ ᠲᠡᠷᠡ:
— ᠲᠡᠢᠮᠦ ᠬᠣᠯᠠ ᠪᠢᠰᠢ ᠰᠢᠦ᠂ ᠪᠢ ᠨᠠᠭᠠᠰᠢ ᠭᠠᠷᠤᠭᠠᠳ ᠲᠠᠪᠤᠨ ᠰᠠᠷ᠎ᠠ ᠪᠣᠯᠵᠤ ᠪᠠᠢᠨ᠎ᠠ᠃ ᠶᠡᠬᠡ ᠪᠣᠭᠳᠠᠰ ᠪᠠᠢᠭ᠎ᠠ ᠪᠤᠷᠬᠠᠨ ᠤ᠋ ᠣᠷᠣᠨ ᠳ᠋ᠤ᠌ ᠬᠦᠷᠲᠡᠯ᠎ᠡ ᠴᠣᠬᠣᠮ ᠪᠠᠰᠠ ᠬᠡᠳᠦᠢ ᠤᠳᠠᠭᠠᠨ ᠴᠠᠭ ᠬᠡᠷᠡᠭᠯᠡᠳᠡᠭ ᠪᠣᠯ? ᠭᠡᠯᠡ᠃
— ᠰᠢᠷᠡᠮᠦ᠋ᠷᠡᠨ ᠰᠦᠮ᠎ᠡ ᠳ᠋ᠦ᠍ ᠬᠦᠷᠬᠦ ᠭᠡᠵᠦ ᠪᠠᠢᠭ᠎ᠠ ᠶᠤᠮ ᠪᠣᠯ ᠪᠢᠳᠡᠨ ᠲᠡᠢ ᠴᠣᠭ ᠠᠶᠠᠯᠠᠵᠤ ᠪᠣᠯᠤᠨ᠎ᠠ ᠭᠡᠵᠦ ᠰᠸᠡᠰᠦᠨ ᠬᠡᠯᠡᠬᠦ ᠳ᠋ᠦ᠍ ᠲᠡᠷᠡ ᠡᠷ᠎ᠡ ᠶᠠᠭ ᠯᠠ ᠮᠠᠭᠤ ᠤᠴᠢᠷ ᠲᠠᠢ ᠭᠡᠨᠡᠳᠲᠡ ᠲᠣᠬᠢᠶᠠᠯᠳᠤᠭᠰᠠᠨ ᠮᠡᠲᠦ ᠬᠣᠢᠰᠢ ᠪᠠᠨ ᠤᠬᠤᠷᠢᠵᠤ ᠠᠪᠤᠭᠰᠠᠨ ᠢ᠋ᠶ᠋ᠠᠨ ᠥᠪᠡᠷ ᠦ᠋ᠨ ᠠᠪᠴᠤ ᠶᠠᠪᠤᠭ᠎ᠠ ᠪᠣᠭᠣᠳᠠᠯ ᠢ᠋ᠶ᠋ᠠᠨ ᠠᠪᠴᠤ ᠵᠠᠮ ᠤ᠋ᠨ ᠬᠠᠵᠠᠭᠤ ᠳ᠋ᠤ᠌ ᠲᠠᠯᠪᠢᠭᠠᠳ᠂ ᠪᠢᠳᠡᠨ ᠢ᠋ ᠪᠣᠯᠤᠨ ᠮᠠᠰᠢᠨ ᠲᠡᠷᠭᠡ ᠶ᠋ᠢ ᠦᠯᠦ ᠢᠲᠡᠭᠡᠭᠰᠡᠨ ᠬᠠᠷᠠᠴᠠ ᠪᠠᠷ ᠤᠳᠠᠭᠠᠨ ᠭᠡᠭᠴᠢ ᠰᠢᠨᠵᠢᠵᠦ ᠭᠠᠷᠪᠠ᠃ ᠨᠡᠯᠢᠶᠡᠳ ᠤᠳᠠᠭᠠᠳ ᠲᠡᠷᠡ ᠡᠷ᠎ᠡ ᠰᠠᠶᠢ ᠣᠢᠷᠠᠲᠤᠨ ᠢᠷᠡᠵᠦ ᠭᠠᠷ ᠢ᠋ᠶ᠋ᠠᠷ ᠢ᠋ᠶ᠋ᠠᠨ ᠮᠠᠰᠢᠨ ᠤ᠋ ᠬᠦᠷᠳᠦ᠂ ᠡᠨᠡ ᠲᠡᠷᠡ ᠶ᠋ᠢ ᠪᠠᠷᠢᠨ ᠦᠵᠡᠵᠦ ᠪᠠᠢᠭ᠎ᠠ ᠨᠢ ᠶᠠᠭ ᠯᠠ ᠠᠳᠠ ᠴᠢᠳᠬᠥᠷ ᠲᠡᠭᠦᠨ ᠳ᠋ᠦ᠍ ᠶᠠᠮᠠᠷ ᠨᠢᠭᠡᠨ ᠤᠪᠠᠳᠢᠰ ᠬᠦᠴᠦᠨ ᠢ᠋ᠶ᠋ᠡᠷ ᠡᠯᠳᠡᠪ ᠶᠠᠭᠤᠮ᠎ᠠ ᠦᠵᠡᠭᠦᠯᠵᠦ ᠪᠠᠢᠭ᠎ᠠ ᠨᠢ ᠪᠢᠰᠢ ᠭᠡᠳᠡᠭ ᠢ᠋ᠶ᠋ᠡᠨ ᠢᠲᠡᠭᠡᠬᠦ ᠪᠡᠷ ᠤᠷᠤᠯᠳᠤᠵᠤ ᠪᠠᠢᠭ᠎ᠠ ᠮᠡᠲᠦ᠃ ᠪᠢ ᠲᠡᠭᠦᠨ ᠦ᠌ ᠮᠠᠰᠢᠨ ᠢ᠋ ᠲᠣᠭᠣᠷᠢᠨ ᠶᠠᠪᠤᠬᠤ ᠶ᠋ᠢ ᠳᠠᠭᠤᠨ ᠦᠭᠡᠢ ᠬᠠᠷᠠᠭᠰᠠᠭᠠᠷ ᠪᠠᠢᠪᠠ᠃ ᠡᠨᠡ ᠬᠣᠭᠣᠷᠣᠨᠳᠣ ᠰᠠᠯᠬᠢᠨ ᠪᠣᠷᠣᠭᠠᠨ ᠪᠠᠭᠠᠳᠠᠭᠠᠳ᠂ ᠪᠣᠷᠣᠭᠠᠨ ᠤ᠋ ᠳᠤᠰᠤᠯ ᠡᠪᠡᠰᠦᠨ ᠳᠡᠭᠡᠷ᠎ᠡ ᠭᠢᠯᠲᠦᠭᠡᠨᠡᠨ ᠬᠠᠷᠠᠭᠳᠠᠵᠤ᠂ ᠡᠯᠡᠰᠦᠨ ᠦ᠌ ᠥᠩᠭᠡ ᠨᠢᠭᠡᠨᠲᠡ ᠭᠦᠨ ᠬᠦᠷᠡᠩ ᠪᠣᠯᠵᠠᠢ᠃ ᠴᠡᠪᠡᠷ ᠰᠠᠢᠬᠠᠨ ᠠᠮᠢᠰᠬᠤᠯ ᠢ᠋ ᠠᠮᠢᠰᠬᠤᠯᠯᠠᠬᠤ ᠨᠢ ᠨᠢᠭᠡ ᠶᠣᠰᠣᠨ ᠤ᠋ ᠵᠢᠷᠭᠠᠯ ᠪᠠᠢᠪᠠ᠃
— ᠪᠢᠳᠡᠨ ᠲᠡᠢ ᠴᠣᠭ ᠠᠶᠠᠯᠠᠬᠤ ᠤᠤ? ᠲᠡᠭᠡᠪᠡᠯ ᠬᠣᠶᠠᠷᠬᠠᠨ ᠴᠠᠭ ᠤ᠋ᠨ ᠳᠠᠷᠠᠭ᠎ᠠ ᠰᠢᠷᠠᠮᠥ᠋ᠷᠡᠨ ᠰᠦᠮ᠎ᠡ ᠳ᠋ᠦ᠍ ᠪᠠᠢᠬᠤ ᠪᠣᠯᠤᠨ᠎ᠠ ᠭᠡᠵᠦ ᠨᠠᠮᠠᠶ᠋ᠢ ᠠᠰᠠᠭᠤᠬᠤ ᠳ᠋ᠤ᠌ ᠲᠡᠷᠡ ᠨᠡᠯᠢᠶᠡᠳ ᠪᠣᠳᠣᠯᠬᠢᠯᠠᠭᠰᠠᠨ ᠤ᠋ ᠡᠴᠦᠰ ᠲᠦ᠍ :
— ᠪᠢ ᠬᠠᠷᠢᠨ ᠲᠡᠭᠡᠬᠦ ᠦᠭᠡᠢ ᠰᠢᠦ ᠭᠡᠳ ᠳᠣᠷᠣᠭᠰᠢ ᠪᠠᠨ ᠪᠥᠬᠥᠢᠨ ᠮᠠᠰᠢᠨ ᠤ᠋ ᠳᠣᠣᠷᠠᠬᠢ ᠶ᠋ᠢ ᠬᠠᠷᠠᠯ᠎ᠠ᠃
— ᠶᠠᠭᠤ ᠡᠷᠢᠵᠦ ᠪᠠᠢᠨ᠎ᠠ ᠪᠣᠢ? ᠭᠡᠮᠡᠨ ᠡᠸᠷᠢᠺᠰᠦᠨ ᠠᠰᠠᠭᠤᠬᠤ ᠳ᠋ᠤ᠌ ᠲᠡᠷᠡ:
— ᠡᠨᠡ ᠲᠡᠷᠭᠡ ᠶ᠋ᠢ ᠴᠢᠷᠴᠦ ᠪᠠᠢᠭ᠎ᠠ ᠮᠣᠷᠢ ᠨᠢ ᠲᠡᠭᠡᠭᠡᠳ ᠬᠠᠮᠢᠭ᠎ᠠ ᠪᠠᠢᠨ᠎ᠠ? ᠭᠡᠵᠦ ᠭᠡᠳᠡᠷᠭᠦ ᠠᠰᠠᠭᠤᠪᠠ᠃
— ᠠᠳᠠ᠂ ᠳᠣᠲᠣᠷ᠎ᠠ ᠨᠢ ᠪᠠᠢᠭ᠎ᠠ ᠭᠡᠵᠦ ᠰᠸᠠᠰᠤᠨ ᠮᠣᠲ᠋ᠣᠷ ᠢ᠋ᠶ᠋ᠠᠨ ᠵᠢᠭᠠᠯ᠎ᠠ᠃
— ᠴᠢᠳᠬᠥᠷ ᠦ᠋ᠨ ᠲᠡᠷᠭᠡ ᠪᠠᠢᠨ᠎ᠠ ᠭᠡᠵᠦ ᠲᠡᠷᠡ ᠮᠣᠩᠭᠣᠯ ᠳᠦᠳᠦᠨᠡᠭᠡᠳ ᠲᠣᠯᠣᠭᠠᠢ ᠪᠠᠨ ᠰᠠᠵᠢᠭᠰᠠᠨ ᠳᠡᠭᠡᠷ᠎ᠡ ᠪᠡᠨ ᠰᠠᠵᠢᠭᠠᠳ ᠬᠠᠵᠠᠭᠤ ᠲᠠᠯ᠎ᠠ ᠳ᠋ᠤ᠌ ᠵᠣᠭᠰᠣᠯ᠎ᠠ᠃ ᠰᠸᠠᠰᠤᠨ ᠮᠠᠰᠢᠨ ᠢ᠋ᠶ᠋ᠠᠨ ᠪᠦᠬᠦᠨ ᠢ᠋ ᠬᠠᠷᠠᠭᠤᠯᠬᠤ ᠶ᠋ᠢᠨ ᠡᠭᠦᠳᠡᠨ ᠡᠴᠡ ᠯᠠᠪᠠᠷ ᠢ᠋ᠶ᠋ᠠᠨ ᠳᠠᠷᠤᠨ ᠳᠤᠤᠭᠠᠷᠭᠠᠭᠰᠠᠨ ᠳ᠋ᠤ᠌ ᠮᠥᠷᠭᠥᠯᠴᠢᠨ ᠶᠡᠬᠡᠳᠡ ᠰᠣᠴᠢᠨ ᠬᠣᠢᠰᠢ ᠪᠠᠨ ᠤᠬᠤᠷᠢᠵᠤ ᠠᠮᠠᠨ ᠳ᠋ᠠᠭᠠᠨ ᠳᠣᠣᠷ᠎ᠠ ᠳᠠᠭᠤᠨ ᠢ᠋ᠶ᠋ᠠᠷ ᠣᠪᠣᠷ ᠲᠣᠪᠣᠷ ᠨᠣᠮ ᠤᠩᠰᠢᠵᠤ ᠡᠬᠢᠯᠡᠯ᠎ᠡ᠃ ᠪᠢᠳᠡ ᠲᠡᠭᠦᠨ ᠢ᠋ ᠲᠠᠢᠪᠤᠰᠢᠷᠠᠭᠤᠯᠬᠤ ᠪᠠᠷ ᠤᠷᠤᠯᠳᠤᠵᠤ ᠭᠤᠷᠪᠠᠳᠠᠬᠢ ᠤᠳᠠᠭ᠎ᠠ ᠲᠡᠭᠦᠨ ᠢ᠋ ᠬᠠᠮᠲᠤ ᠠᠶᠠᠯᠠᠬᠤ ᠪᠠᠷ ᠵᠠᠯᠠᠭᠰᠠᠨ ᠳ᠋ᠤ᠌ ᠲᠡᠷᠡ:
— ᠪᠢ ᠶᠠᠪᠠᠭᠠᠨ ᠢ᠋ᠶ᠋ᠠᠷ ᠪᠤᠷᠬᠠᠨ ᠳ᠋ᠤ᠌ ᠮᠥᠷᠭᠥᠯ ᠬᠢᠵᠦ ᠶᠠᠪᠤᠭ᠎ᠠ ᠶᠤᠮ᠂ ᠪᠢ ᠬᠡᠷᠬᠢᠨ ᠡᠢᠮᠦ ᠨᠢᠭᠡᠨ ᠲᠡᠷᠭᠡᠨ ᠳ᠋ᠦ᠍ ᠰᠠᠭᠤᠭᠠᠳ ᠡᠨᠡ ᠨᠠᠰᠤᠨ ᠳ᠋ᠠᠭᠠᠨ ᠬᠤᠷᠢᠶᠠᠭᠰᠠᠨ ᠬᠡᠰᠢᠭ ᠪᠤᠶᠠᠨ ᠢ᠋ᠶ᠋ᠠᠨ ᠠᠯᠲᠠᠨ ᠶᠠᠪᠤᠭᠤᠯᠵᠤ ᠪᠣᠯᠬᠤ ᠪᠢᠯᠡ! ᠪᠤᠷᠬᠠᠨ ᠤ᠋ ᠱᠠᠰᠢᠨ ᠮᠢᠨᠦ ᠢᠩᠭᠢᠬᠦ ᠶ᠋ᠢ ᠯᠠᠪ ᠥᠷᠥᠰᠢᠶᠡᠬᠦ ᠦᠭᠡᠢ ᠶᠦᠮ ᠭᠡᠳ ᠲᠠᠲᠠᠭᠠᠯᠵᠠᠯᠠ᠃
— ᠪᠤᠷᠬᠠᠨ ᠴᠢᠨᠢ ᠬᠠᠷᠢᠨ ᠴᠢᠨᠦ ᠶᠠᠪᠠᠭᠠᠨ ᠢ᠋ᠶ᠋ᠠᠷ ᠶᠠᠪᠤᠬᠤ ᠶ᠋ᠢ ᠵᠥᠪᠰᠢᠶᠡᠷᠡᠬᠦ ᠦᠭᠡᠢ ᠶᠦᠮ ᠰᠢᠦ᠃ ᠡᠨᠡ ᠳᠡᠯᠡᠬᠡᠢ ᠳ᠋ᠦ᠍ ᠭᠠᠭᠴᠠ ᠪᠤᠷᠬᠠᠨ ᠪᠣᠢ᠂ ᠲᠡᠷᠡ ᠨᠢ ᠲᠠ ᠨᠠᠷ ᠤ᠋ᠨ ᠠᠯᠢᠪᠠ ᠴᠢᠳᠬᠥᠷ ᠰᠠᠬᠢᠭᠤᠯᠰᠤᠨ ᠠ᠋ᠴᠠ ᠳᠠᠪᠠᠳᠠᠭ ᠶᠤᠮ ᠭᠡᠵᠦ ᠡᠸᠷᠢᠺᠰᠦᠨ ᠲᠠᠢᠯᠪᠤᠷᠢᠯᠠᠨ ᠬᠡᠯᠡᠬᠦ ᠶ᠋ᠢᠨ ᠳᠠᠭᠤ ᠮᠠᠰᠢᠨ ᠳᠡᠭᠡᠷ᠎ᠡ ᠪᠠᠢᠭ᠎ᠠ ᠮᠣᠩᠭᠣᠯᠴᠤᠳ ᠲᠤ᠌ ᠥᠭᠳᠡᠭ ᠤᠬᠠᠭᠤᠯᠭ᠎ᠠ ᠶ᠋ᠢᠨ ᠨᠣᠮ ᠢ᠋ᠶ᠋ᠠᠨ ᠡᠨᠡ ᠬᠦ᠌ ᠦᠨᠡᠨ ᠰᠦᠰᠦᠭᠲᠦ ᠬᠥᠮᠦᠨ ᠳ᠋ᠦ᠍ ᠥᠭᠬᠦ ᠳ᠋ᠦ᠍ ᠲᠡᠷᠡ ᠮᠥᠷᠭᠥᠯᠴᠢᠨ:
— ᠵᠥᠪᠬᠡᠨ ᠲᠡᠷᠡ ᠰᠢᠷ᠎ᠠ ᠥᠩᠭᠡ ᠲᠡᠢ ᠶ᠋ᠢ ᠨᠢ ᠠᠪᠤᠶ᠎ᠠ ᠭᠡᠵᠦ ᠪᠣᠳᠣᠵᠤ ᠪᠠᠢᠨ᠎ᠠ᠂ ᠪᠤᠰᠤᠳ ᠥᠩᠭᠡ ᠶ᠋ᠢᠨ ᠬᠢ ᠶ᠋ᠢ ᠪᠢ ᠠᠪᠬᠤ ᠦᠭᠡᠢ ᠭᠡᠯᠡ᠃
— ᠶᠠᠭᠠᠬᠢᠭᠠᠳ ᠵᠠᠪᠠᠯ ᠰᠢᠷ᠎ᠠ ᠨᠢ ᠪᠣᠢ?
— ᠪᠢ ᠰᠢᠷ᠎ᠠ ᠶ᠋ᠢᠨ ᠱᠠᠰᠢᠨ ᠢ᠋ ᠢᠳᠡᠭᠡᠨ ᠰᠢᠲᠦᠵᠦ ᠪᠠᠢᠭ᠎ᠠ ᠰᠢᠦ ᠳᠡ ᠭᠡᠵᠦ ᠬᠡᠯᠡᠭᠰᠡᠨ ᠦ᠌ ᠳᠠᠷᠠᠭ᠎ᠠ ᠲᠡᠷᠡ ᠶᠠᠭᠠᠷᠠᠵᠤ ᠰᠠᠨᠳᠤᠷᠤᠯ ᠦᠭᠡᠢ ᠡᠬᠢᠨ ᠦ᠌ ᠬᠠᠭᠤᠳᠠᠰᠤ ᠶ᠋ᠢ ᠤᠩᠰᠢᠵᠤ ᠭᠠᠷᠪᠠ᠃ ᠭᠡᠨᠡᠳᠲᠡ ᠲᠡᠷᠡ ᠮᠥᠷᠭᠥᠯᠴᠢᠨ ᠤᠬᠠᠭᠠᠨ ᠢ᠋ ᠨᠢ ᠣᠯᠵᠤ ᠠᠪᠤᠭᠰᠠᠨ ᠮᠡᠲᠦ ᠪᠡᠷ:
— ᠲᠠ ᠲᠡᠭᠡᠭᠡᠳ ᠢᠰᠥ᠋ᠰ ᠦ᠋ᠨ ᠬᠥᠮᠦᠨ ᠶᠦᠮ ᠤᠤ? ᠭᠡᠯᠡ ᠃ ᠡᠸᠷᠢᠺᠰᠤᠨ ᠨᠢᠭᠡ ᠲᠠᠯ᠎ᠠ ᠪᠠᠷ ᠵᠥᠪᠰᠢᠶᠡᠷᠡᠨ ᠨᠥᠭᠦᠭᠡ ᠲᠠᠯ᠎ᠠ ᠪᠠᠷ ᠾᠷᠢᠰᠲ᠋ᠣᠰ ᠤ᠋ᠨ ᠱᠠᠰᠢᠨ ᠤ᠋ ᠲᠤᠬᠠᠢ ᠪᠠᠭᠠᠬᠠᠨ ᠶᠠᠷᠢᠶ᠎ᠠ ᠬᠢᠬᠦ ᠳ᠋ᠦ᠍ ᠲᠡᠷᠡ ᠮᠥᠷᠭᠥᠯᠴᠢᠨ:
— ᠲᠡᠢᠮᠦ᠂ ᠲᠡᠢᠮᠦ᠂ ᠪᠢ ᠮᠡᠳᠡᠵᠦ ᠪᠠᠢᠨ᠎ᠠ ᠭᠡᠵᠦ ᠶᠠᠷᠢᠶ᠎ᠠ ᠶ᠋ᠢ ᠨᠢ ᠲᠠᠰᠤᠯᠤᠭᠰᠠᠨ ᠢ᠋ᠶ᠋ᠠᠨ ᠵᠠᠯᠭᠠᠭᠠᠳ ᠮᠢᠨᠦ ᠠᠮᠢᠳᠤᠷᠠᠵᠤ ᠪᠠᠢᠭ᠎ᠠ ᠭᠠᠵᠠᠷ ᠲᠤ᠌ ᠴᠤ᠌ ᠭᠡᠳ ᠢᠰᠥ᠋ᠰ ᠦ᠋ᠨ ᠬᠥᠮᠦᠰ ᠪᠠᠢᠳᠠᠭ ᠶᠤᠮ᠃ ᠪᠢ ᠲᠠᠨ ᠤ᠋ ᠲᠡᠷᠭᠡᠨ ᠳ᠋ᠦ᠍ ᠰᠠᠭᠤᠬᠤ ᠦᠭᠡᠢ᠂ ᠲᠠᠨ ᠤ᠋ ᠴᠢᠳᠬᠥᠷ ᠦ᠋ᠨ ᠲᠡᠷᠭᠡ ᠮᠢᠨᠦ ᠬᠡᠰᠢᠭ ᠪᠤᠶᠠᠨ ᠢ᠋ ᠨᠡᠮᠡᠭᠳᠡᠭᠦᠯᠵᠦ ᠴᠢᠳᠠᠬᠤ ᠦᠭᠡᠢ ᠶᠦᠮ ᠭᠡᠯᠡ᠃ ᠮᠥᠷᠭᠥᠯᠴᠢᠨ ᠤᠬᠠᠭᠤᠯᠭ᠎ᠠ ᠶ᠋ᠢᠨ ᠪᠢᠴᠢᠭ ᠢ᠋ ᠡᠪᠦᠷ ᠲᠡᠭᠡᠨ ᠬᠢᠭᠡᠳ ᠬᠠᠪᠴᠢᠭ ᠡᠭᠦᠷᠭᠡ ᠪᠡᠨ ᠣᠷᠣᠨ ᠳ᠋ᠠᠭᠠᠨ ᠡᠭᠦᠷᠴᠦ᠂ ᠲᠠᠶᠠᠭ ᠢ᠋ᠶ᠋ᠠᠨ ᠰᠢᠭᠦᠷᠡᠨ ᠠᠪᠤᠯ᠎ᠠ᠃
— ᠠᠮᠤᠷᠬᠠᠨ ᠰᠠᠢᠨ! ᠭᠡᠵᠦ ᠲᠡᠷᠡ ᠪᠢᠳᠡᠨ ᠲᠡᠢ ᠰᠠᠯᠬᠤ ᠶᠣᠰᠣ ᠭᠦᠢᠴᠡᠳᠬᠡᠭᠡᠳ ᠬᠦᠴᠦᠲᠡᠢ ᠠᠯᠬᠤᠳᠠᠯ ᠢ᠋ᠶ᠋ᠠᠷ ᠲᠠᠯ᠎ᠠ ᠲᠠᠢᠰᠢ ᠠᠯᠬᠤᠨ ᠣᠳᠤᠯ᠎ᠠ᠃ ᠲᠡᠷᠡ ᠪᠢᠳᠡᠨ ᠦ᠌ ᠬᠠᠭᠤᠴᠢᠨ ᠹᠣᠷᠳ᠋ ᠮᠠᠰᠢᠨ ᠳ᠋ᠤ᠌ ᠠᠳᠠ ᠴᠢᠳᠬᠥᠷ ᠨᠢᠭᠤᠭᠳᠠᠵᠤ ᠪᠠᠢᠬᠤ ᠠ᠋ᠴᠠ ᠠᠶᠤᠵᠤ ᠪᠠᠢᠭ᠎ᠠ ᠠᠵᠢ᠃
ᠪᠢᠳᠡ ᠦᠷᠭᠦᠯᠵᠢᠯᠡᠨ ᠠᠶᠠᠯᠠᠪᠠ᠃ ᠡᠨᠡᠬᠡᠨ ᠬᠣᠭᠣᠷᠣᠨᠳᠣ ᠨᠠᠷᠠ ᠳᠠᠬᠢᠭᠠᠳ ᠡᠭᠦᠯᠡᠨ ᠦ᠌ ᠴᠠᠭᠠᠨ᠎ᠠ ᠰᠢᠷᠭᠤᠨ ᠣᠷᠣᠪᠠ᠃ ᠵᠠᠮ ᠤ᠋ᠨ ᠪᠠᠷᠠᠭᠤᠨ ᠲᠠᠯ᠎ᠠ ᠪᠠᠷ ᠪᠣᠭᠣᠨᠢᠬᠠᠨ ᠰᠢᠷᠣᠢ ᠶ᠋ᠢᠨ ᠣᠪᠣᠭ᠎ᠠ ᠦᠷᠭᠦᠯᠵᠢᠯᠡᠵᠦ᠂ ᠠᠳᠠᠯᠢᠬᠠᠨ ᠵᠠᠢ ᠳ᠋ᠤ᠌ ᠪᠠᠰᠠ ᠶᠡᠬᠡ ᠰᠢᠷᠣᠢ ᠶ᠋ᠢᠨ ᠣᠪᠣᠭ᠎ᠠ ᠬᠠᠷᠠᠭᠳᠠᠵᠤ ᠪᠠᠢᠪᠠ᠃
— ᠡᠨᠡ ᠪᠣᠯ ᠮᠣᠩᠭᠣᠯᠴᠤᠳ ᠤ᠋ᠨ ᠬᠠᠭᠤᠴᠢᠨ ᠬᠡᠷᠡᠮ ᠶᠦᠮ᠃ ᠲᠠᠯ᠎ᠠ ᠨᠤᠲᠤᠭ ᠢ᠋ ᠰᠢᠪᠲᠤᠯᠤᠨ ᠬᠡᠳᠦᠨ ᠵᠠᠭᠤᠨ ᠭᠠᠵᠠᠷ ᠦᠷᠭᠦᠯᠵᠢᠯᠡᠵᠦ ᠪᠠᠢᠳᠠᠭ ᠶᠤᠮ ᠭᠡᠵᠦ ᠡᠸᠷᠢᠺᠰᠦᠨ ᠲᠠᠢᠯᠪᠤᠷᠢᠯᠠᠨ ᠬᠡᠯᠡᠪᠡ᠃ ᠡᠨᠡ ᠬᠦ᠌ ᠠᠬᠠᠮᠠᠳ ᠨᠠᠰᠤ ᠲᠠᠢ ᠱᠠᠰᠢᠨ ᠰᠤᠷᠲᠠᠯᠴᠢᠯᠠᠭᠴᠢ ᠴᠤ᠌ ᠡᠭᠦᠨ ᠡᠴᠡ ᠢᠯᠡᠭᠦᠦ ᠶ᠋ᠢ ᠮᠡᠳᠡᠬᠦ ᠦᠭᠡᠢ ᠪᠠᠢᠯ᠎ᠠ᠃ ᠡᠨᠡ ᠨᠢ ᠴᠠᠭᠠᠨ ᠬᠡᠷᠡᠮ ᠲᠡᠢ ᠠᠳᠠᠯᠢᠬᠠᠨ ᠤᠤᠭᠠᠯ ᠰᠠᠭᠤᠭᠠᠯᠢ ᠠᠷᠠᠳ ᠤ᠋ᠨ ᠬᠠᠮᠠᠭᠠᠯᠠᠯᠲᠠ ᠶ᠋ᠢᠨ ᠬᠡᠷᠡᠮ ᠪᠠᠢᠵᠤ ᠮᠡᠳᠡᠬᠦ ᠶᠦᠮ᠃ ᠵᠠᠷᠢᠮ ᠬᠡᠰᠡᠭ ᠲᠦ᠋ᠨᠢ ᠡᠯᠡᠭᠳᠡᠵᠦ ᠡᠮᠲᠡᠷᠡᠭᠰᠡᠨ ᠬᠠᠭᠤᠴᠢᠨ ᠴᠢᠯᠠᠭᠤᠳ ᠤ᠋ᠨ ᠬᠡᠰᠡᠭ ᠪᠢᠳᠡᠨ ᠳ᠋ᠦ᠍ ᠣᠯᠳᠠᠵᠤ ᠪᠠᠢᠭᠰᠠᠨ ᠪᠥᠭᠡᠳ ᠱᠠᠰᠢᠨ ᠰᠤᠷᠲᠠᠯᠴᠢᠯᠠᠭᠴᠢ ᠠᠪᠤᠭᠠᠢ ᠶ᠋ᠢᠨ ᠬᠡᠯᠡᠬᠦ ᠪᠡᠷ ᠠᠳᠠ ᠠ᠋ᠴᠠ ᠡᠷᠲᠡᠨ ᠦ᠌ ᠪᠤᠯᠠᠰᠢ ᠴᠤ᠌ ᠬᠠᠶᠠ ᠣᠯᠲᠠᠭᠳᠠᠵᠤ ᠪᠠᠢᠳᠠᠭ ᠭᠡᠨ᠎ᠡ᠃
— ᠮᠣᠩᠭᠣᠯᠴᠤᠳ ᠴᠤ᠌ ᠭᠡᠳ ᠡᠨᠡ ᠲᠤᠬᠠᠢ ᠰᠠᠢᠨ ᠮᠡᠳᠡᠳᠡᠭ ᠦᠭᠡᠢ ᠰᠢᠦ᠃ ᠲᠡᠳᠡᠨ ᠦ᠌ ᠲᠡᠦᠬᠡᠨ ᠳ᠋ᠦ᠍ ᠭᠡᠳ ᠡᠨᠡ ᠲᠤᠬᠠᠢ ᠪᠢᠴᠢᠭᠯᠡᠭᠰᠡᠨ ᠶᠠᠭᠤᠮ᠎ᠠ ᠪᠠᠢᠳᠠᠭ ᠦᠭᠡᠢ ᠶᠦᠮ ᠭᠡᠵᠦ ᠡᠸᠷᠢᠺᠰᠦᠨ ᠶᠠᠷᠢᠪᠠ᠃
ᠡᠨᠡ ᠰᠠᠢᠬᠠᠨ ᠬᠥᠳᠡᠭᠡ ᠲᠠᠯ᠎ᠠ ᠶ᠋ᠢᠨ ᠳᠤᠮᠳᠠ ᠨᠢᠭᠡ ᠰᠦᠷᠦᠭ ᠵᠡᠭᠡᠷ᠎ᠡ ᠲᠠᠢᠪᠤᠭᠤᠬᠠᠨ ᠢᠳᠡᠰᠢᠯᠡᠨ᠎ᠡ᠃ ᠰᠸᠠᠰᠤᠨ ᠵᠠᠮ ᠡᠴᠡ ᠪᠡᠨ ᠰᠠᠯᠵᠤ ᠲᠡᠳᠡᠨ ᠢ᠋ ᠴᠢᠭᠯᠡᠨ ᠳᠠᠪᠬᠢᠭᠤᠯᠪᠠ᠃ ᠲᠡᠳᠡᠭᠡᠷ ᠭᠣᠶᠣ ᠰᠠᠢᠬᠠᠨ ᠠᠮᠢᠲᠠᠳ ᠨᠡᠯᠢᠶᠡᠳ ᠭᠠᠢᠬᠠᠨ ᠵᠣᠭᠰᠣᠵᠤ ᠠᠪᠤᠭᠰᠠᠨ ᠢ᠋ᠶ᠋ᠠᠨ ᠨᠢᠭᠡ ᠨᠢ ᠳᠣᠣᠷ᠎ᠠ ᠳᠠᠭᠤᠨ ᠢ᠋ᠶ᠋ᠠᠷ ᠲᠤᠷᠭᠢᠬᠤ ᠳ᠋ᠤ᠌ ᠰᠦᠷᠦᠭ ᠵᠡᠭᠡᠷ᠎ᠡ ᠬᠣᠷᠣᠮᠬᠠᠨ ᠵᠠᠭᠤᠷ᠎ᠠ ᠳᠥᠷᠪᠡᠨ ᠵᠦᠭ ᠨᠠᠢ᠍ᠮᠠᠨ ᠵᠣᠪᠬᠢᠰ ᠲᠤ᠌ ᠰᠠᠷᠨᠢᠨ ᠪᠤᠲᠠᠷᠠᠵᠤ᠂ ᠶᠠᠭ ᠯᠠ ᠬᠥᠪᠴᠢᠨ ᠡᠴᠡ ᠰᠠᠯᠤᠭᠰᠠᠨ ᠰᠤᠮᠤ ᠮᠡᠲᠦ ᠴᠣᠬᠢᠯᠭ᠎ᠠ ᠲᠠᠢ ᠰᠠᠢᠬᠠᠨ ᠴᠠᠬᠢᠯᠠᠨ ᠬᠠᠷᠠᠢᠬᠤ ᠶ᠋ᠢ ᠦᠵᠡᠬᠦ ᠳ᠋ᠦ᠍ ᠦᠨᠡᠨ ᠬᠥᠭᠡᠷᠦᠬᠦᠨ ᠠᠵᠢ᠃ ᠢᠨᠵᠠᠭ᠎ᠠ ᠨᠤᠭᠤᠳ ᠨᠢ ᠡᠬᠡ ᠲᠡᠢ ᠪᠡᠨ ᠨᠠᠭᠠᠯᠳᠤᠨ ᠳᠠᠪᠬᠢᠵᠤ᠂ ᠪᠠᠢᠨ ᠪᠠᠢᠨ ᠠᠶᠤᠭᠰᠠᠨ ᠨᠢᠳᠦ ᠪᠡᠷ ᠡᠷᠭᠢᠨ ᠰᠢᠷᠲᠡᠵᠦ᠂ ᠲᠡᠳᠡᠨ ᠢ᠋ ᠠᠮᠤᠷ ᠪᠠᠢᠯᠭᠠᠳᠠᠭ ᠦᠭᠡᠢ ᠬᠠᠷ᠎ᠠ ᠪᠠᠷᠠᠭᠠᠨ ᠬᠠᠴᠢᠨ ᠵᠦᠢᠯ ᠬᠥᠭᠡᠭᠡᠵᠦ ᠪᠠᠢᠬᠤ ᠡᠰᠡᠬᠦ ᠶ᠋ᠢ ᠯᠠᠪᠯᠠᠨ ᠬᠠᠷᠠᠵᠤ ᠪᠠᠢᠪᠠ᠃ ᠬᠡᠳᠦᠬᠡᠨ ᠮᠢᠨᠦ᠋ᠲ ᠲᠦ᠍ ᠰᠦᠷᠦᠭ ᠵᠡᠭᠡᠷ᠎ᠡ ᠨᠢᠭᠡ ᠬᠣᠩᠬᠣᠷ ᠭᠠᠵᠠᠷ ᠲᠤ᠌ ᠴᠠᠬᠢᠯᠠᠨ ᠣᠷᠣᠭᠠᠳ ᠠᠯᠠᠭ᠎ᠠ ᠪᠣᠯᠵᠤ᠂ ᠠᠬᠢᠭᠠᠳ ᠴᠢᠨᠠᠳᠤ ᠲᠠᠯ᠎ᠠ ᠶ᠋ᠢᠨ ᠬᠣᠯᠠ ᠬᠠᠷᠠᠭᠳᠠᠬᠤ ᠡᠩᠭᠡᠷ ᠲᠦ᠍ ᠵᠣᠭᠰᠣᠭᠠᠳ ᠬᠣᠩᠰᠢᠶᠠᠷ ᠢ᠋ᠶ᠋ᠠᠨ ᠡᠪᠡᠰᠦᠨ ᠳ᠋ᠦ᠍ ᠬᠦᠷᠭᠡᠵᠦ ᠡᠬᠢᠯᠡᠪᠡ᠃
ᠡᠨᠡ ᠪᠣᠯ ᠮᠢᠨᠦ ᠦᠵᠡᠵᠦ ᠥᠩᠭᠡᠷᠡᠭᠰᠡᠨ ᠬᠠᠮᠤᠭ ᠤ᠋ᠨ ᠶᠡᠬᠡ ᠵᠡᠭᠡᠷ᠎ᠡ ᠶ᠋ᠢᠨ ᠰᠦᠷᠦᠭ ᠪᠣᠯᠤᠨ᠎ᠠ᠃ ᠪᠠᠷᠤᠭᠯᠠᠬᠤ ᠳ᠋ᠤ᠌ ᠬᠣᠶᠠᠷ ᠮᠢᠩᠭ᠎ᠠ ᠣᠷᠴᠢᠮ ᠵᠡᠭᠡᠷ᠎ᠡ ᠪᠠᠢᠭ᠎ᠠ ᠪᠣᠯᠤᠯᠲᠠᠢ᠃ ᠨᠠᠳᠠ ᠳ᠋ᠤ᠌ ᠠᠪᠴᠤ ᠬᠡᠯᠡᠪᠡᠯ ᠰᠣᠷᠭᠣᠭ ᠡᠪᠡᠰᠦᠨ ᠳᠡᠭᠡᠷ᠎ᠡ ᠬᠡᠪᠲᠡᠭᠡᠳ ᠵᠡᠭᠡᠷ᠎ᠡ ᠶ᠋ᠢᠨ ᠰᠦᠷᠦᠭ ᠪᠤᠴᠠᠨ ᠢᠷᠡᠬᠦ ᠶ᠋ᠢ ᠬᠦᠯᠢᠶᠡᠮᠡᠷ ᠪᠠᠢᠭᠰᠠᠨ ᠪᠣᠯᠪᠠᠴᠤ ᠬᠣᠶᠠᠷ ᠱᠠᠰᠢᠨ ᠰᠤᠷᠲᠠᠯᠴᠢᠯᠠᠭᠴᠢ ᠶ᠋ᠢᠨ ᠰᠢᠬᠠᠯᠲᠠ ᠳᠣᠣᠷ᠎ᠠ ᠠᠷᠭ᠎ᠠ ᠪᠤᠰᠤ ᠤᠷᠤᠭᠰᠢ ᠪᠠᠨ ᠦᠷᠭᠦᠯᠵᠢᠯᠡᠨ ᠠᠶᠠᠯᠠᠬᠤ ᠯᠠ ᠪᠣᠯᠵᠠᠢ᠃
ᠣᠢᠷᠠᠬᠠᠨ ᠪᠠᠢᠭ᠎ᠠ ᠬᠠᠭᠤᠷᠠᠢ ᠭᠣᠣᠯ ᠤ᠋ᠨ ᠬᠥᠨᠳᠡᠢ ᠳ᠋ᠦ᠍ ᠪᠠᠢᠷᠢᠯᠠᠬᠤ ᠪᠣᠭᠣᠨᠢᠬᠠᠨ ᠴᠠᠭᠠᠨ ᠥᠩᠭᠡ ᠪᠦᠬᠦᠢ ᠬᠦᠷᠢᠶ᠎ᠡ ᠲᠡᠢ ᠰᠦᠮ᠎ᠡ ᠨᠢ ᠨᠠᠷᠠᠨ ᠤ᠋ ᠭᠡᠷᠡᠯ ᠳ᠋ᠦ᠍ ᠭᠢᠯᠠᠯᠵᠠᠨ ᠦᠵᠡᠭᠳᠡᠬᠦ ᠨᠢ ᠶᠠᠭ ᠠᠷᠠᠪ ᠤ᠋ᠨ ᠵᠢᠵᠢᠭᠬᠡᠨ ᠬᠣᠲᠠ ᠲᠠᠢ ᠶᠠᠭᠠᠬᠢᠭᠰᠠᠨ ᠲᠥᠰᠦᠭᠡᠲᠡᠢ ᠠᠵᠢ ( ᠵᠢᠷᠤᠭ 103) ᠃ ᠡᠨᠡ ᠪᠣᠯ ᠲᠥᠪᠡᠳ ᠡᠴᠡ ᠣᠷᠣᠰ ᠬᠦᠷᠲᠡᠯ᠎ᠡ ᠦᠷᠭᠦᠯᠵᠢᠯᠡᠵᠦ ᠪᠠᠢᠭ᠎ᠠ ᠠᠽᠢᠶ᠎ᠠ ᠲᠢᠪ ᠦ᠋ᠨ ᠮᠥᠷᠭᠥᠯᠴᠢᠳ ᠦ᠋ᠨ ᠵᠠᠮ ᠳᠡᠭᠡᠷᠡᠬᠢ ᠨᠢᠭᠡ ᠥᠷᠲᠡᠭᠡ ᠪᠣᠯᠬᠤ ᠪᠤᠯᠤᠲᠤ ᠶ᠋ᠢᠨ ᠰᠦᠮ᠎ᠡ ᠪᠣᠯᠤᠨ᠎ᠠ᠃ ᠮᠥᠷᠭᠥᠯᠴᠢᠳ ᠨᠢᠭᠡ ᠰᠦᠮ᠎ᠡ ᠡᠴᠡ ᠨᠥᠭᠦᠭᠡ ᠰᠦᠮ᠎ᠡ ᠵᠦᠭ ᠤᠷᠤᠭᠰᠢᠯᠠᠨ ᠠᠶᠠᠯᠠᠭᠰᠠᠭᠠᠷ ᠠᠯᠤᠰ ᠬᠣᠯᠠ ᠶ᠋ᠢᠨ ᡀᠠᠰᠠ ᠳ᠋ᠤ᠌ ᠬᠦᠷᠳᠡᠭ ᠨᠢ ᠶᠠᠭ ᠯᠠ ᠢᠰᠯᠠᠮ ᠤ᠋ᠨ ᠱᠠᠰᠢᠨᠲᠠᠨ ᠮᠸᠺᠡ ᠳ᠋ᠦ᠍ ᠮᠥᠷᠭᠥᠯ ᠬᠢᠬᠦ ᠲᠡᠢ ᠠᠳᠠᠯᠢᠬᠠᠨ ᠠᠵᠤᠭᠤ᠃ ᠣᠳᠣᠬᠠᠨ ᠳ᠋ᠤ᠌ ᠵᠥᠪᠬᠡᠨ ᠤᠯᠤᠰ ᠲᠥᠷᠥ ᠶ᠋ᠢᠨ ᠲᠣᠭᠲᠠᠭᠤᠨ ᠪᠤᠰᠤ ᠪᠠᠢᠳᠠᠯ ᠨᠢ ᠡᠨᠡ ᠬᠦ᠌ ᠵᠠᠮ ᠢ᠋ ᠪᠣᠢᠳᠠ ᠪᠥᠭᠯᠡᠭᠦᠦ ᠪᠣᠯᠭᠠᠨ ᠬᠠᠶᠠᠭᠰᠠᠨ ᠪᠥᠭᠡᠳ ᠤᠮᠠᠷᠠᠲᠤ ᠣᠷᠣᠨ ᠳ᠋ᠤ᠌ ᠪᠠᠢᠭ᠎ᠠ ᠣᠯᠠᠨ ᠰᠦᠮ᠎ᠡ ᠬᠡᠢᠳ ᠰᠦᠨᠳᠡᠷᠯᠡᠭᠰᠡᠨ ᠨᠡᠷᠡᠲᠡᠢ ᠯᠠᠮᠠ ᠶ᠋ᠢᠨ ᠱᠠᠰᠢᠨ ᠤ᠋ ᠲᠥᠪ – ᠶᠡᠬᠡ ᠬᠦᠷᠢᠶ᠎ᠡ ᠨᠢ ᠣᠳᠣᠬᠠᠨ ᠳ᠋ᠤ᠌ ᠤᠯᠠᠭᠠᠪᠠᠭᠠᠲᠤᠷ ᠭᠡᠰᠡᠨ ᠰᠢᠨ᠎ᠡ ᠨᠡᠷ᠎ᠡ ᠲᠡᠢ ᠪᠣᠯᠵᠤ ᠬᠤᠪᠢᠷᠠᠵᠠᠢ᠃ ᠳᠠᠷᠠᠭᠠᠴᠢ ᠶ᠋ᠢᠨ ᠲᠥᠷᠥᠯ ᠳ᠋ᠡᠭᠡᠨ ᠨᠡᠩ ᠰᠠᠢᠨ ᠪᠣᠯᠵᠤ ᠲᠥᠷᠥᠬᠦ ᠪᠡᠷ ᠮᠣᠩᠭᠣᠯ ᠣᠷᠣᠨ ᠠ᠋ᠴᠠ ᠳᠡᠯᠡᠬᠡᠢ ᠶ᠋ᠢᠨ ᠰᠡᠭᠡᠷ ᠨᠢᠷᠤᠭᠤ ᠪᠣᠯᠤᠭᠰᠠᠨ ᠲᠥᠪᠡᠳ ᠲᠦ᠍ ᠬᠦᠷᠴᠦ ᠮᠥᠷᠭᠥᠯ ᠬᠢᠵᠦ ᠪᠠᠢᠭ᠎ᠠ ᠡᠳᠡᠭᠡᠷ ᠦᠨᠡᠨ ᠰᠦᠰᠦᠭᠲᠡᠨ ᠳ᠋ᠦ᠍ ᠵᠣᠬᠢᠬᠤ ᠬᠡᠮᠵᠢᠶᠡᠨ ᠦ᠌ ᠠᠶᠤᠯ ᠲᠦᠭᠰᠢᠭᠦᠷᠢ ᠣᠷᠣᠰᠢᠭᠰᠠᠭᠠᠷ ᠯᠠ ᠪᠠᠢᠯ᠎ᠠ᠃
ᠪᠢᠳᠡᠨ ᠦ᠌ ᠡᠰᠡᠷᠭᠦ ᠡᠴᠡ ᠨᠢᠭᠡᠨ ᠲᠡᠮᠡᠭᠡᠨ ᠵᠢᠩ ᠤᠭᠲᠤᠨ ᠢᠷᠡᠪᠡ᠃ ᠲᠡᠷᠡ ᠣᠯᠠᠨ ᠵᠢᠩ ᠦ᠋ᠨ ᠲᠡᠮᠡᠭᠡᠳ ᠲᠦ᠍ ᠤᠯᠠᠭᠠᠨ ᠰᠢᠷ᠎ᠠ ᠥᠩᠭᠡ ᠶ᠋ᠢᠨ ᠠᠪᠳᠠᠷ᠎ᠠ᠂ ᠮᠠᠢᠬᠠᠨ ᠵᠢᠴᠢ ᠲᠣᠮᠣ ᠲᠣᠮᠣ ᠪᠣᠭᠣᠳᠠᠯ ᠤ᠋ᠳ ᠢ᠋ ᠠᠴᠢᠶᠠᠯᠠᠭᠰᠠᠨ ᠪᠥᠭᠡᠳ ᠬᠠᠵᠠᠭᠤ ᠪᠠᠷ ᠨᠢ ᠭᠣᠶᠣᠯᠢᠭ ᠬᠤᠪᠴᠠᠯᠠᠭᠰᠠᠨ ᠥᠷᠭᠡᠨ ᠰᠠᠷᠠᠪᠴᠢ ᠲᠠᠢ ᠮᠠᠯᠠᠭᠠᠢ ᠲᠠᠢ ᠬᠥᠮᠦᠨ ᠳᠠᠪᠬᠢᠭᠤᠯᠵᠤ ᠪᠠᠢᠪᠠ᠃ ᠳᠣᠣᠷᠠᠬᠢ ᠵᠢᠩᠴᠢᠳ ᠨᠢ ᠡᠪᠦᠳᠦᠭ ᠲᠤᠯᠤᠭᠰᠠᠨ ᠲᠥᠪᠡᠳ ᠲᠡᠷᠯᠢᠭ ᠡᠮᠦᠰᠴᠦ᠂ ᠬᠥᠯ ᠳ᠋ᠡᠭᠡᠨ ᠥᠨᠳᠥᠷ ᠲᠦᠷᠡᠢ ᠲᠡᠢ ᠵᠤᠵᠠᠭᠠᠨ ᠢᠰᠡᠭᠡᠢ ᠭᠤᠲᠤᠯ ᠢᠰᠬᠦᠯᠵᠡᠢ᠃ ᠪᠢᠳᠡᠨ ᠦ᠌ ᠮᠠᠰᠢᠨ ᠣᠢᠷᠠᠳᠬᠤ ᠳ᠋ᠤ᠌ ᠡᠳᠡᠭᠡᠷ ᠵᠢᠩᠴᠢᠳ ᠮᠠᠰᠢᠨ ᠠ᠋ᠴᠠ ᠰᠣᠴᠢᠨ ᠦᠷᠭᠦᠵᠦ ᠪᠠᠢᠭ᠎ᠠ ᠲᠡᠮᠡᠭᠡ ᠪᠡᠨ ᠲᠠᠢᠪᠤᠰᠢᠷᠠᠭᠤᠯᠬᠤ ᠪᠠᠷ ᠤᠷᠤᠯᠳᠤᠵᠤ ᠪᠠᠢᠪᠠ᠃ ᠪᠢᠳᠡᠨ ᠦ᠌ ᠮᠠᠰᠢᠨ ᠢ᠋ ᠵᠣᠭᠰᠣᠬᠤ ᠳ᠋ᠤ᠌ ᠭᠠᠯ ᠤ᠋ᠨ ᠠᠬ᠎ᠠ ᠨᠢ ᠮᠣᠷᠢᠨ ᠠ᠋ᠴᠠ ᠪᠠᠨ ᠪᠠᠭᠤᠵᠤ᠂ ᠭᠠᠷ ᠢ᠋ᠶ᠋ᠠᠨ ᠥᠨᠳᠥᠷ ᠲᠦ᠍ ᠡᠷᠭᠦᠨ ᠵᠡᠪᠰᠡᠭ ᠦᠭᠡᠢ ᠪᠠᠢᠭ᠎ᠠ ᠪᠠᠨ ᠢᠯᠡᠷᠬᠡᠢᠯᠡᠭᠡᠳ᠂ ᠬᠡᠯᠡ ᠪᠡᠨ ᠡᠷᠡᠦ ᠡᠴᠡ ᠪᠡᠨ ᠳᠣᠷᠣᠭᠰᠢ ᠭᠠᠷᠲᠠᠯ᠎ᠠ ᠤᠨᠵᠢᠢᠯᠭᠠᠯᠠ᠃ ᠪᠢᠳᠡᠨ ᠦ᠌ ᠠᠰᠠᠭᠤᠯᠲᠠ ᠳ᠋ᠤ᠌ ᠲᠡᠷᠡ :
— ᠠᠮᠲᠤᠤ ᠠ᠋ᠴᠠ ᠢᠷᠡᠵᠦ ᠶᠠᠪᠤᠨ᠎ᠠ᠂ ᡀᠠᠰᠠ ᠠ᠋ᠴᠠ ᠬᠣᠢᠰᠢ ᠪᠠᠢᠭ᠎ᠠ ᠠᠮᠲᠤᠤ ᠭᠡᠵᠦ ᠬᠠᠷᠢᠭᠤᠯᠪᠠ᠃
— ᠬᠠᠮᠢᠭᠠᠰᠢ ᠪᠠᠨ ᠵᠣᠷᠢᠵᠤ ᠪᠠᠢᠨ᠎ᠠ ?
— ᠵᠡᠭᠦᠨ ᠮᠣᠩᠭᠣᠯ ᠳ᠋ᠤ᠌ ᠪᠠᠢᠭ᠎ᠠ ᠦᠵᠦᠮᠦᠴᠢᠨ᠃
— ᠲᠠ ᠲᠡᠭᠡᠭᠡᠳ ᠠᠷᠠᠯᠵᠢᠶᠠᠴᠢᠨ ᠶᠤᠮ ᠤᠤ ?
— ᠲᠡᠢᠮᠦ᠃ ᠪᠢᠳᠡᠨ ᠦ᠌ ᠠᠬ᠎ᠠ ᠳᠡᠭᠦᠦᠰ ᠲᠡᠭᠡᠨ ᡀᠠᠰᠠ ᠳ᠋ᠠᠬᠢ ᠮᠥᠩᠬᠡ ᠵᠣᠣ ᠶ᠋ᠢᠨ ᠪᠤᠷᠬᠠᠨ ᠤ᠋ ᠨᠣᠮ ᠢ᠋ ᠬᠦᠷᠭᠡᠵᠦ ᠶᠠᠪᠤᠨ᠎ᠠ᠃ ᠭᠣᠶᠣ ᠰᠠᠢᠬᠠᠨ ᠰᠢᠷᠡᠮᠦᠷᠡᠨ ᠰᠦᠮ᠎ᠡ ᠳ᠋ᠦ᠍ ᠳᠣᠯᠣᠭ᠎ᠠ ᠬᠣᠨᠣᠭ ᠠᠮᠠᠷᠠᠭᠠᠳ᠂ ᠲᠡᠮᠡᠭᠡᠳ ᠢ᠋ᠶ᠋ᠡᠨ ᠰᠠᠢᠨ ᠲᠡᠵᠢᠭᠡᠵᠦ ᠴᠥᠮ ᠬᠦᠴᠦ ᠳᠣᠷᠪᠢᠲᠠᠢ ᠪᠣᠯᠭᠠᠭᠰᠠᠨ ᠶᠤᠮ᠂ ᠮᠥᠨ ᠲᠡᠭᠡᠭᠡᠳ ᠦᠨᠡᠨ ᠰᠦᠵᠢᠭᠲᠦ ᠯᠠᠮᠠ ᠨᠠᠷ ᠪᠢᠳᠡᠨ ᠦ᠌ ᠠᠶᠠᠯᠠᠯ ᠳ᠋ᠤ᠌ ᠵᠣᠷᠢᠭᠤᠯᠤᠨ ᠨᠣᠮ ᠤᠩᠰᠢᠵᠤ ᠪᠠᠢᠭ᠎ᠠ ᠶᠤᠮ ᠭᠡᠯᠡ᠃
ᠶᠠᠷᠢᠯᠴᠠᠭᠠᠨ ᠤ᠋ ᠬᠣᠭᠣᠷᠣᠨᠳᠣ ᠭᠤᠷᠪᠠᠨ ᠲᠥᠪᠡᠳ ᠣᠢᠷᠠᠲᠤᠨ ᠢᠷᠡᠪᠡ᠃ ᠲᠡᠳᠡ ᠰᠢᠨᠡᠬᠡᠨ ᠬᠠᠢᠴᠢᠯᠠᠭᠰᠠᠨ ᠪᠢᠲᠡᠭᠦᠦ ᠰᠠᠬᠠᠯ ᠲᠠᠢ ᠂ ᠬᠠᠷ᠎ᠠ ᠬᠦᠷᠡᠩ ᠥᠩᠭᠡ ᠪᠦᠬᠦᠢ ᠪᠦᠷᠭᠦᠳ ᠦ᠋ᠨ ᠨᠢᠳᠦ ᠲᠡᠢ ᠬᠥᠮᠦᠰ ᠪᠠᠢᠯ᠎ᠠ᠃ ᠲᠡᠷᠡ ᠲᠥᠪᠡᠳ ᠠᠷᠠᠯᠵᠢᠶᠠᠴᠢᠨ :
— ᠲᠠ ᠨᠠᠷ ᠰᠢᠷᠡᠮᠦᠷᠡᠨ ᠰᠦᠮ᠎ᠡ ᠳ᠋ᠦ᠍ ᠬᠦᠷᠬᠦ ᠳ᠋ᠦ᠍ ᠯᠠᠮᠠ ᠨᠠᠷ ᠤ᠋ᠨ ᠨᠣᠮ ᠤᠩᠰᠢᠵᠤ ᠪᠠᠢᠭ᠎ᠠ ᠲᠠᠢ ᠲᠠᠭᠠᠷᠠᠯᠳᠤᠬᠤ ᠪᠣᠯᠤᠨ᠎ᠠ ᠭᠡᠳ ᠣᠮᠣᠭᠲᠠᠢ ᠪᠠᠷ ᠵᠠᠯᠭᠠᠨ :
— ᠲᠡᠨᠳᠡ ᠬᠣᠷᠢᠨ ᠪᠣᠳᠢ ᠪᠤᠷᠬᠠᠨ ᠤ᠋ ᠨᠣᠮ ᠢ᠋ ᠨᠠᠳᠠ ᠳ᠋ᠤ᠌ ᠤᠩᠰᠢᠵᠤ ᠪᠠᠢᠭ᠎ᠠ ᠶᠤᠮ᠂ ᠪᠢ ᠲᠡᠳᠡᠨ ᠳ᠋ᠦ᠍ ᠬᠠᠩᠭᠠᠯᠲᠠᠲᠠᠢ ᠮᠥᠩᠭᠥ ᠦᠭᠭᠦᠭᠰᠡᠨ ᠪᠥᠭᠡᠳ ᠮᠥᠨ ᠲᠡᠳᠡᠨ ᠳ᠋ᠦ᠍ ᠬᠦᠷᠦᠯᠴᠡᠭᠡ ᠲᠡᠢ ᠴᠠᠢ᠂ ᠰᠢᠷ᠎ᠠ ᠲᠣᠰᠣᠨ ᠤ᠋ ᠮᠥᠩᠭᠥ ᠶ᠋ᠢ ᠬᠠᠨᠳᠢᠪᠯᠠᠭᠰᠠᠨ ᠳᠠ ᠭᠡᠯᠡ᠃
ᠪᠢᠳᠡ ᠡᠨᠡ ᠬᠦ᠌ ᠮᠥᠷᠭᠥᠯᠴᠢᠳ ᠪᠣᠯᠤᠨ ᠡᠳᠡᠭᠡᠷ ᠠᠷᠠᠯᠵᠢᠶᠠᠴᠢᠳ ᠤ᠋ᠨ ᠥᠭᠯᠢᠭᠡ ᠳ᠋ᠦ᠍ ᠲᠦᠰᠢᠭᠯᠡᠨ ᠬᠡᠳᠦᠨ ᠵᠠᠭᠤᠨ ᠵᠢᠯ ᠢ᠋ᠶ᠋ᠡᠷ ᠣᠷᠣᠰᠢᠨ ᠲᠣᠭᠲᠠᠨᠢᠭᠰᠠᠭᠠᠷ ᠢᠷᠡᠭᠰᠡᠨ ᠰᠦᠮ᠎ᠡ ᠶ᠋ᠢᠨ ᠲᠤᠬᠠᠢ ᠨᠢᠭᠡᠨ ᠵᠡᠷᠭᠡ ᠶᠠᠷᠢᠯᠴᠠᠪᠠ᠃
— ᠮᠠᠨ ᠤ᠋ ᠲᠥᠪᠡᠳ ᠯᠠᠮᠠ ᠨᠠᠷ ᠰᠢᠷ᠎ᠠ ᠶ᠋ᠢᠨ ᠱᠠᠰᠢᠨ ᠤ᠋ ᠨᠣᠮ ᠢ᠋ ᠳᠠᠭᠠᠬᠤ ᠲᠠᠯ᠎ᠠ ᠪᠠᠷ ᠢ᠋ᠶ᠋ᠠᠨ ᠮᠣᠩᠭᠣᠯᠴᠤᠳ ᠠ᠋ᠴᠠ ᠳᠡᠭᠡᠷ᠎ᠡ ᠰᠢᠭ ᠪᠠᠢᠨ᠎ᠠ᠃ ᠲᠡᠷᠡ ᠰᠦᠮ᠎ᠡ ᠶ᠋ᠢᠨ ᠳᠣᠲᠣᠷ᠎ᠠ ᠪᠠᠢᠭ᠎ᠠ ᠯᠠᠮᠠ ᠨᠠᠷ ᠤ᠋ᠨ ᠬᠢᠷᠢ ᠵᠡᠷᠭᠡ ᠨᠣᠮ ᠦᠭᠡᠢ ᠪᠠᠢᠭ᠎ᠠ ᠶ᠋ᠢ ᠲᠠ ᠨᠠᠷ ᠬᠦᠷᠴᠦ ᠥᠪᠡᠷ ᠦ᠋ᠨ ᠨᠢᠳᠦ ᠪᠡᠷ ᠢ᠋ᠶ᠋ᠡᠨ ᠬᠠᠷᠠᠨ᠎ᠠ ᠳᠠ᠃ ᠲᠡᠳᠡ ᠨᠣᠮ ᠢ᠋ᠶ᠋ᠠᠨ ᠤᠩᠰᠢᠵᠤ ᠪᠠᠢᠭ᠎ᠠ ᠪᠣᠯᠪᠠᠴᠤ ᠤᠩᠰᠢᠭᠰᠠᠨ ᠵᠦᠢᠯ ᠡᠴᠡ ᠪᠡᠨ ᠭᠠᠭᠴᠠᠬᠠᠨ ᠦᠰᠦᠭ ᠴᠦ᠍ ᠣᠢᠯᠠᠭᠠᠳᠠᠭ ᠦᠭᠡᠢ ᠰᠢᠦ ᠭᠡᠳ ᠲᠡᠷᠡ ᠲᠥᠪᠡᠳ ᠲᠣᠭᠣᠮᠰᠠᠷ ᠦᠭᠡᠢᠬᠡᠨ ᠢᠷᠡᠭᠰᠡᠨ ᠵᠠᠮ ᠤᠷᠤᠭᠤ ᠪᠠᠨ ᠪᠤᠴᠠᠨ ᠬᠠᠷᠠᠯ᠎ᠠ᠃
— ᠲᠡᠭᠡᠭᠡᠳ ᠪᠠᠰᠠ ᠲᠠ ᠲᠡᠳᠡᠨ ᠢ᠋ᠶ᠋ᠡᠷ ᠥᠪᠡᠷᠰᠡᠳ ᠲᠡᠭᠡᠨ ᠬᠣᠷᠢᠨ ᠪᠣᠳᠢ ᠪᠤᠷᠬᠠᠨ ᠤ᠋ ᠨᠣᠮ ᠤᠩᠰᠢᠭᠤᠯᠤᠭᠰᠠᠨ ᠪᠢᠰᠢ ᠤᠤ ? ᠭᠡᠵᠦ ᠨᠠᠮᠠᠶ᠋ᠢ ᠡᠯᠭᠦᠨ ᠠᠪᠬᠤ ᠳ᠋ᠤ᠌ ᠲᠡᠷᠡ᠄
— ᠪᠢ ᠵᠠᠪᠠᠯ ᠲᠡᠭᠡᠬᠦ ᠶᠣᠰᠣᠲᠠᠢ ᠰᠢᠦ᠃ ᠤᠴᠢᠷ ᠨᠢ ᠲᠡᠨᠳᠡ ᠮᠢᠨᠦ ᠮᠠᠢᠮᠠᠢ ᠰᠠᠢᠨ ᠵᠠᠷᠤᠭᠳᠠᠭᠰᠠᠨ ᠪᠥᠭᠡᠳ ᠪᠤᠷᠬᠠᠨ ᠤ᠋ ᠨᠣᠮ ᠤᠩᠰᠢᠭᠤᠯᠤᠭᠠᠳ ᠶᠠᠮᠠᠷ ᠭᠠᠢ ᠪᠣᠯᠬᠤ ᠪᠢᠰᠢ ᠳᠡ᠃ ᠨᠣᠮ ᠤᠩᠰᠢᠭᠤᠯᠬᠤ ᠠ᠋ᠴᠠ ᠭᠠᠳᠠᠨ᠎ᠠ ᠲᠡᠭᠡᠭᠡᠳ ᠥᠭᠡᠷ᠎ᠡ ᠶᠠᠮᠠᠷ ᠠᠵᠢᠯ ᠳ᠋ᠤ᠌ ᠯᠠᠮᠠ ᠨᠠᠷ ᠢ᠋ ᠬᠡᠷᠡᠭᠯᠡᠨ᠎ᠡ ᠪᠢᠯᠡ ᠭᠡᠯᠡ᠃
ᠳᠡᠮᠡᠢ ᠤᠳᠠᠭᠰᠠᠨ ᠦᠭᠡᠢ ᠪᠡᠷ ᠪᠢᠳᠡ ᠳᠠᠪᠠᠭᠠᠨ ᠳᠡᠭᠡᠷ᠎ᠡ ᠭᠠᠷᠴᠤ ᠢᠷᠡᠬᠦ ᠳ᠋ᠦ᠍ ᠳᠠᠪᠠᠭᠠᠨ ᠤ᠋ ᠳᠣᠣᠷᠠᠬᠢ ᠴᠠᠪ ᠴᠠᠭᠠᠨ ᠰᠦᠮ᠎ᠡ ᠶ᠋ᠢᠨ ᠬᠣᠲᠠ ᠬᠠᠷᠠᠭᠠᠨ᠎ᠠ ᠲᠣᠳᠣᠷᠠᠵᠤ᠂ ᠶᠠᠭ ᠯᠠ ᠡᠯᠡᠰᠦᠨ ᠴᠦᠯ ᠳᠣᠲᠣᠷᠠᠬᠢ ᠨᠣᠭᠣᠭᠠᠨ ᠪᠦᠷᠢᠳᠦ ᠮᠡᠲᠦ ᠣᠨᠴᠠᠭᠠᠢᠷᠠᠨ ᠬᠠᠷᠠᠭᠳᠠᠬᠤ ᠠᠵᠢ᠃ ᠠᠷᠤ ᠪᠠᠷ ᠢ᠋ᠶ᠋ᠠᠨ ᠠᠭᠤᠯᠠ ᠬᠠᠳᠠ ᠳᠥᠰᠢᠨ ᠡᠮᠦᠨᠡᠰᠢ ᠪᠡᠨ ᠲᠡᠨᠢᠭᠡᠷ ᠲᠠᠯ᠎ᠠ ᠶ᠋ᠢ ᠢᠰᠬᠦᠯᠵᠦ ᠪᠠᠷᠢᠭᠳᠠᠭᠰᠠᠨ ᠡᠨᠡ ᠬᠦ᠌ ᠪᠤᠷᠬᠠᠨ ᠤ᠋ ᠣᠷᠣᠨ ᠭᠡᠵᠦ ᠦᠨᠡᠬᠡᠷ ᠰᠡᠳᠬᠢᠯ ᠰᠠᠨᠠᠭ᠎ᠠ ᠶ᠋ᠢ ᠠᠷᠢᠭᠤᠯᠠᠨ ᠰᠡᠷᠭᠦᠭᠡᠮ᠎ᠡ ᠣᠷᠣᠨ ᠪᠠᠢᠯ᠎ᠠ᠃ ᠪᠣᠭᠣᠨᠢᠬᠠᠨ ᠪᠠᠷᠢᠭᠳᠠᠭᠰᠠᠨ ᠯᠠᠮᠠ ᠨᠠᠷ ᠤ᠋ᠨ ᠪᠠᠢᠷᠢ ᠶ᠋ᠢᠨ ᠳᠤᠮᠳᠠ ᠵᠢᠷᠭᠤᠭᠠᠨ ᠥᠨᠳᠥᠷ ᠲᠣᠮᠣ ᠪᠠᠷᠢᠯᠭ᠎ᠠ ᠣᠯᠠᠨ ᠠ᠋ᠴᠠ ᠣᠨᠴᠠᠭᠠᠢᠷᠠᠨ ᠰᠡᠬᠦᠢᠨ ᠬᠠᠷᠠᠭᠳᠠᠵᠤ᠂ ᠲᠡᠳᠡᠨ ᠦ᠌ ᠳᠤᠮᠳᠠ ᠤᠷᠭᠤᠭᠰᠠᠨ ᠬᠥᠭᠰᠢᠨ ᠮᠣᠳᠣᠳ ᠨᠢ ᠬᠥᠮᠦᠰ ᠲᠦ᠍ ᠰᠡᠷᠢᠭᠦᠴᠡᠨ ᠵᠢᠷᠭᠠᠬᠤ ᠰᠡᠭᠦᠳᠡᠷ ᠢ᠋ᠶ᠋ᠡᠨ ᠬᠠᠷᠠᠮ ᠦᠭᠡᠢ ᠬᠠᠢᠷᠠᠯᠠᠬᠤ ᠠᠵᠢ᠃ ᠰᠦᠮ᠎ᠡ ᠶ᠋ᠢᠨ ᠣᠷᠣᠢ ᠪᠠᠨ ᠠᠯᠲᠠ ᠪᠠᠷ ᠥᠩᠭᠡᠯᠡᠭᠰᠡᠨ ᠯᠠᠮᠠ ᠶ᠋ᠢᠨ ᠱᠠᠰᠢᠨ ᠤ᠋ ᠲᠡᠮᠳᠡᠭ ᠰᠦᠯᠳᠡ ᠪᠡᠷ ᠴᠢᠮᠡᠭᠯᠡᠵᠡᠢ᠃ ᠲᠡᠭ ᠳᠤᠮᠳᠠ ᠨᠢ ᠲᠦᠮᠡᠨ ᠵᠢᠷᠭᠠᠯᠠᠩ ᠤ᠋ᠨ ᠪᠡᠯᠭᠡ ᠲᠡᠮᠳᠡᠭ ᠪᠣᠯᠤᠭᠰᠠᠨ ᠬᠣᠷᠯᠣ ᠭᠢᠯᠠᠯᠵᠠᠵᠤ᠂ ᠬᠣᠶᠠᠷ ᠲᠠᠯ᠎ᠠ ᠳ᠋ᠤᠨᠢ ᠡᠨᠡᠳᠬᠡᠭ ᠦ᠋ᠨ ᠵᠥᠩᠨᠡᠭᠴᠢ ᠭᠤᠲᠠᠮᠠ ᠪᠤᠷᠬᠠᠨ ᠤ᠋ ᠬᠠᠮᠤᠭ ᠤ᠋ᠨ ᠠᠩᠬᠠᠨ ᠤ᠋ ᠨᠣᠮ ᠰᠣᠨᠣᠰᠤᠭᠴᠢ ᠪᠠᠢᠭᠰᠠᠨ ᠡᠷ᠎ᠡ ᠡᠮ᠎ᠡ ᠬᠣᠶᠠᠷ ᠪᠣᠳᠢ ᠭᠥᠷᠥᠭᠡᠰᠦ ᠶ᠋ᠢ ᠱᠤᠭᠤᠵᠠᠢ᠃ ᠰᠦᠮ᠎ᠡ ᠶ᠋ᠢᠨ ᠭᠠᠳᠠᠨᠠᠬᠢ ᠡᠪ ᠡᠩ ᠦ᠋ᠨ ᠪᠠᠷᠢᠭᠳᠠᠭᠰᠠᠨ ᠪᠠᠷᠢᠯᠭ᠎ᠠ ᠲᠠᠢ ᠬᠠᠷᠢᠴᠠᠭᠤᠯᠬᠤ ᠳ᠋ᠤ᠌ ᠰᠦᠮ᠎ᠡ ᠳᠣᠲᠣᠷ᠎ᠠ ᠨᠢ ᠬᠠᠷᠢᠨ ᠡᠯᠳᠡᠪ ᠥᠩᠭᠡ ᠶ᠋ᠢᠨ ᠪᠥᠰ ᠳᠡᠭᠡᠷ᠎ᠡ ᠪᠢᠴᠢᠭᠳᠡᠭᠰᠡᠨ ᠳᠠᠯᠪᠠᠭ᠎ᠠ ᠪᠠ ᠵᠢᠷᠤᠭ ᠤ᠋ᠳ ᠳᠦᠭᠦᠷᠲᠡᠯ᠎ᠡ ᠡᠯᠭᠦᠵᠦ᠂ ᠪᠤᠷᠬᠠᠨ ᠤ᠋ ᠬᠥᠷᠥᠭ ᠦ᠋ᠨ ᠢ᠋ ᠵᠢᠭᠰᠠᠭᠠᠨ ᠵᠡᠷᠭᠡᠯᠡᠵᠡᠢ᠃
ᠶᠡᠬᠡ ᠬᠣᠯᠠ ᠠ᠋ᠴᠠ ᠯᠠᠮᠠ ᠨᠠᠷ ᠤ᠋ᠨ ᠨᠣᠮ ᠤᠩᠰᠢᠬᠤ ᠳᠠᠩ ᠴᠤᠯᠭᠤᠢ ᠳᠠᠭᠤᠨ ᠨᠢ ᠳᠤᠭᠤᠯᠳᠠᠵᠤ ᠪᠠᠢᠭᠰᠠᠭᠠᠷ ᠪᠢᠳᠡᠨ ᠢ᠋ ᠯᠠᠮᠠ ᠨᠠᠷ ᠤ᠋ᠨ ᠪᠠᠢᠷᠢ ᠶ᠋ᠢᠨ ᠳᠤᠮᠳᠠᠭᠤᠷᠬᠢ ᠨᠠᠷᠢᠬᠠᠨ ᠬᠠᠪᠴᠢᠯ ᠢ᠋ᠶ᠋ᠠᠷ ᠰᠦᠯᠵᠢᠭᠰᠡᠭᠡᠷ ᠰᠦᠮ᠎ᠡ ᠶ᠋ᠢᠨ ᠡᠮᠦᠨᠡᠬᠢ ᠴᠢᠯᠥᠭᠡᠲᠡᠢ ᠲᠠᠯᠠᠪᠠᠢ ᠳ᠋ᠤ᠌ ᠬᠦᠷᠬᠦ ᠳ᠋ᠦ᠍ ᠨᠣᠮ ᠤᠩᠰᠢᠬᠤ ᠳᠠᠭᠤᠨ ᠭᠡᠨᠡᠳᠲᠡ ᠲᠠᠭ ᠪᠣᠯᠪᠠ᠃ ᠤᠯᠠᠭᠠᠨ ᠬᠦᠷᠡᠩ ᠪᠠᠩᠵᠠᠯ ᠲᠠᠢ ᠪᠠᠨᠳᠢ ᠨᠠᠷ ᠪᠢᠳᠡᠨ ᠤᠷᠤᠭᠤ ᠨᠢᠭᠡ ᠰᠦᠷᠦᠭ ᠬᠡᠭᠡᠷ᠎ᠡ ᠶ᠋ᠢᠨ ᠭᠥᠷᠥᠭᠡᠰᠦ ᠮᠡᠲᠦ ᠪᠡᠷ ᠳᠠᠪᠬᠢᠨ ᠢᠷᠡᠭᠡᠳ᠂ ᠪᠣᠯᠬᠤ ᠶ᠋ᠢᠨ ᠳᠣᠲᠣᠷ᠎ᠠ ᠵᠢᠷᠤᠭ ᠤ᠋ᠨ ᠮᠠᠰᠢᠨ ᠤ᠋ ᠡᠮᠦᠨ᠎ᠡ ᠨᠢ ᠭᠠᠷᠤᠨ᠎ᠠ ᠭᠡᠮᠡᠨ ᠴᠢᠬᠢᠯᠳᠦᠪᠡ᠃ ᠡᠳᠡᠭᠡᠷ ᠪᠢᠳᠡᠨ ᠢ᠋ ᠰᠣᠨᠢᠷᠬᠠᠬᠤ ᠪᠠᠷ ᠢᠷᠡᠭᠰᠡᠨ ᠪᠠᠨᠳᠢ ᠵᠢᠴᠢ ᠯᠠᠮᠠ ᠨᠠᠷ ᠨᠢ ᠪᠢᠳᠡᠨ ᠳ᠋ᠦ᠍ ᠠᠪᠴᠤ ᠬᠡᠯᠡᠪᠡᠯ ᠲᠡᠰᠪᠦᠷᠢᠯᠡᠰᠢ ᠦᠭᠡᠢ ᠵᠦᠢᠯ ᠪᠠᠢᠪᠠ᠃ ᠨᠠᠢ᠍ᠮᠠ ᠪᠤᠶᠤ ᠠᠷᠪᠠᠨ ᠨᠠᠰᠤᠨ ᠤ᠋ ᠪᠠᠨᠳᠢ ᠨᠠᠷ ᠠ᠋ᠴᠠ ᠭᠠᠳᠠᠨ᠎ᠠ ᠮᠥᠨ ᠲᠡᠳᠡᠭᠡᠷ ᠬᠦᠨᠳᠦᠳᠬᠡᠯᠲᠡᠢ ᠬᠥᠭᠰᠢᠨ ᠯᠠᠮᠠ ᠨᠠᠷ ᠴᠤ᠌ ᠵᠢᠷᠤᠭ ᠠᠪᠬᠠᠭᠤᠯᠬᠤ ᠭᠡᠮᠡᠨ ᠬᠦᠴᠦᠯᠡᠬᠦ ᠠᠵᠢ᠃
ᠲᠡᠷᠡ ᠬᠣᠯᠠ ᠰᠦᠮ᠎ᠡ ᠶ᠋ᠢᠨ ᠡᠭᠦᠳᠡ ᠪᠡᠷ ᠡᠷᠲᠡᠨ ᠦ᠌ ᠭᠷᠧᠺ ᠦ᠋ᠨ ᠴᠡᠷᠢᠭ ᠦ᠋ᠨ ᠮᠠᠯᠠᠭᠠᠢ ᠮᠡᠲᠦ ᠰᠢᠷ᠎ᠠ ᠮᠠᠯᠠᠭᠠᠢ ᠵᠡᠭᠦᠭᠰᠡᠨ ᠬᠦᠷᠡᠩ ᠳᠡᠪᠡᠯ ᠲᠡᠢ ᠬᠥᠮᠦᠨ ᠭᠠᠷᠴᠤ ᠢᠷᠡᠭᠡᠳ ᠲᠠᠶᠠᠭ ᠢ᠋ᠶ᠋ᠠᠷ ᠢ᠋ᠶ᠋ᠠᠨ ᠴᠢᠯᠠᠭᠤ ᠳᠡᠪᠢᠰᠦᠭᠰᠡᠨ ᠬᠠᠲᠠᠭᠤ ᠭᠠᠵᠠᠷ ᠢ᠋ ᠳᠤᠩᠰᠢᠨ ᠳᠤᠤᠭᠠᠷᠭᠠᠪᠠ᠃ ᠲᠡᠭᠦᠨ ᠦ᠌ ᠡᠨᠡ ᠬᠦ᠌ ᠰᠡᠷᠡᠮᠵᠢᠯᠡᠭᠦᠯᠬᠦ ᠳᠣᠬᠢᠶ᠎ᠠ ᠶ᠋ᠢ ᠨᠢ ᠯᠠᠮᠠ ᠨᠠᠷ ᠣᠯᠵᠤ ᠰᠣᠨᠣᠰᠬᠤ ᠦᠭᠡᠢ ᠪᠣᠯᠬᠤ ᠪᠠᠷ ᠨᠢ ᠬᠦᠴᠦᠲᠡᠢ ᠵᠠᠩᠳᠤᠷᠬᠤ ᠳ᠋ᠤ᠌ ᠬᠥᠭᠡᠷᠦᠯᠳᠦᠨ ᠢᠨᠢᠶᠡᠬᠦ ᠳᠠᠭᠤᠨ ᠳᠣᠣᠷ᠎ᠠ ᠪᠠᠨ ᠠᠯᠠᠭ᠎ᠠ ᠪᠣᠯᠪᠠ᠃
— ᠭᠡᠪᠬᠦᠢ ᠢᠷᠡᠯ᠎ᠡ ᠭᠡᠮᠡᠨ ᠯᠠᠮᠠ ᠨᠠᠷ ᠰᠢᠪᠡᠨᠡᠯᠳᠦᠨ ᠬᠤᠷᠳᠤᠨ ᠭᠡᠭᠴᠢ ᠥᠪᠡᠷ ᠦ᠋ᠨ ᠣᠷᠣᠨ ᠳ᠋ᠠᠭᠠᠨ ᠬᠦᠷᠬᠦ ᠪᠡᠷ ᠰᠦᠮ᠎ᠡ ᠶ᠋ᠢᠨ ᠭᠣᠣᠯ ᠡᠭᠦᠳᠡᠨ ᠦ᠌ ᠬᠣᠶᠠᠷ ᠲᠠᠯ᠎ᠠ ᠳ᠋ᠤ᠌ ᠪᠠᠢᠭ᠎ᠠ ᠨᠠᠷᠢᠬᠠᠨ ᠡᠭᠦᠳᠡ ᠵᠦᠭ ᠬᠠᠷᠠᠢᠯᠭᠠᠵᠠᠭᠠᠪᠠ᠃ ᠬᠡᠨ ᠴᠦ᠍ ᠭᠡᠳ ᠦᠳᠡᠰᠢ ᠶ᠋ᠢᠨ ᠤᠩᠰᠢᠯᠭ᠎ᠠ ᠳᠡᠭᠡᠷ᠎ᠡ ᠲᠠᠰᠢᠭᠤᠷᠳᠠᠨ ᠰᠢᠢᠳᠬᠡᠵᠦ ᠮᠡᠳᠡᠬᠦ ᠭᠡᠪᠬᠦᠢ ᠯᠠᠮᠠ ᠲᠠᠢ ᠣᠢᠷᠠᠳᠴᠤ ᠵᠢᠷᠦᠬᠡᠯᠡᠬᠦ ᠦᠭᠡᠢ ᠪᠠᠢᠪᠠ᠃
ᠪᠢᠳᠡ ᠠᠬᠢᠭᠠᠳ ᠯᠠ ᠥᠨᠳᠥᠷ ᠰᠦᠷᠯᠢᠭ ᠰᠦᠮ᠎ᠡ ᠶ᠋ᠢᠨ ᠡᠮᠦᠨ᠎ᠡ ᠴᠢᠯᠥᠭᠡᠲᠡᠢ ᠬᠥᠳᠡᠯᠵᠦ ᠪᠣᠯᠬᠤ ᠪᠠᠷ ᠪᠣᠯᠪᠠ᠃ ᠰᠦᠮ᠎ᠡ ᠳ᠋ᠦ᠍ ᠴᠦ᠍ ᠨᠣᠮ ᠤᠩᠰᠢᠬᠤ ᠳᠠᠭᠤᠨ ᠰᠢᠨ᠎ᠡ ᠪᠡᠷ ᠳᠤᠭᠤᠯᠳᠠᠵᠤ ᠡᠬᠢᠯᠡᠯ᠎ᠡ᠃ ᠬᠠᠶᠠ ᠨᠢᠭᠡ ᠪᠠᠨᠳᠢ ᠬᠤᠯᠠᠭᠠᠢᠴᠢ ᠪᠠᠷ ᠭᠠᠳᠠᠭᠰᠢ ᠪᠠᠨ ᠨᠢᠳᠦ ᠭᠦᠶᠦᠯᠭᠡᠬᠦ ᠳ᠋ᠦ᠍ ᠬᠠᠵᠠᠭᠤ ᠶ᠋ᠢᠨ ᠬᠢ ᠨᠢ ᠲᠣᠬᠣᠢ ᠪᠠᠷ ᠢ᠋ᠶ᠋ᠠᠨ ᠶᠣᠪᠣᠷᠤᠨ ᠰᠡᠷᠡᠮᠵᠢᠯᠡᠭᠦᠯᠵᠦ ᠪᠠᠢᠪᠠ᠃
ᠬᠠᠵᠠᠭᠤ ᠳ᠋ᠤᠨᠢ ᠪᠠᠢᠭ᠎ᠠ ᠲᠣᠭᠣᠭᠠᠨ ᠭᠡᠷ ᠦ᠋ᠨ ᠮᠠᠩᠵᠠᠨ ᠲᠣᠭᠣᠭ᠎ᠠ ᠳ᠋ᠤ᠌ ᠴᠠᠢ ᠴᠢᠨᠠᠵᠤ ᠪᠠᠢᠪᠠ᠃ ᠵᠤᠵᠠᠭᠠᠨ ᠥᠷᠭᠡᠨ ᠮᠣᠳᠣᠨ ᠬᠠᠪᠲᠠᠰᠤᠨ ᠳᠡᠭᠡᠷ᠎ᠡ ᠭᠢᠯᠠᠯᠵᠠᠲᠠᠯ᠎ᠠ ᠵᠦᠯᠭᠦᠭᠰᠡᠨ ᠵᠡᠰ ᠳᠡᠪᠦᠷ᠎ᠡ ᠨᠦ᠍ᠭᠦᠳ ᠢ᠋ ᠵᠢᠭᠰᠠᠭᠠᠨ ᠲᠠᠯᠪᠢᠵᠠᠢ᠃ ᠭᠡᠪᠬᠦᠢ ᠯᠠᠮᠠ ᠶ᠋ᠢᠨ ᠳᠠᠭᠤᠨ ᠭᠠᠷᠬᠤ ᠶ᠋ᠢᠨ ᠵᠡᠷᠭᠡ ᠪᠠᠨᠳᠢ ᠨᠠᠷ ᠪᠤᠵᠢᠭᠢᠠᠯᠳᠤᠨ ᠪᠣᠰᠴᠠᠭᠠᠵᠤ ᠲᠣᠭᠣᠭᠠᠨ ᠭᠡᠷ ᠵᠦᠭ ᠳᠠᠪᠬᠢᠯᠳᠤᠨ ᠬᠦᠷᠦᠭᠡᠳ ᠵᠡᠰ ᠳᠡᠪᠦᠷ᠎ᠡ ᠪᠡᠨ ᠳᠦᠭᠦᠷᠭᠡᠭᠡᠳ᠂ ᠠᠬᠠᠮᠠᠳ ᠯᠠᠮᠠ ᠨᠠᠷ ᠤ᠋ᠨ ᠥᠷᠯᠥᠭᠡ ᠶ᠋ᠢᠨ ᠴᠠᠢ ᠪᠠ ᠬᠦᠯᠢᠶᠡᠨ ᠰᠠᠭᠤᠵᠤ ᠪᠠᠢᠭ᠎ᠠ ᠭᠠᠵᠠᠷ ᠲᠤ᠌ ᠪᠤᠴᠠᠵᠤ ᠢᠷᠡᠪᠡ᠃ ᠪᠠᠰᠠ ᠨᠢᠭᠡᠨ ᠳᠠᠭᠤᠨ ᠰᠣᠨᠣᠰᠳᠠᠬᠤ ᠶ᠋ᠢᠨ ᠵᠡᠷᠭᠡ ᠯᠠᠮᠠ ᠪᠣᠯᠭᠠᠨ ᠥᠪᠡᠷ ᠦ᠋ᠨ ᠮᠣᠳᠣᠨ ᠠᠶᠠᠭᠠᠨ ᠳ᠋ᠠᠭᠠᠨ ᠬᠠᠷ᠎ᠠ ᠬᠦᠷᠡᠩ ᠥᠩᠭᠡ ᠲᠡᠢ ᠴᠠᠢ ᠬᠤᠪᠢᠲᠠᠨ ᠬᠢᠵᠦ ᠠᠪᠤᠪᠠ᠃ ᠲᠥᠪᠡᠳ ᠯᠠᠮᠠ ᠦᠨᠡᠨ ᠰᠠᠢᠨ ᠥᠭᠯᠢᠭᠡ ᠦᠭᠭᠦᠭᠰᠡᠨ ᠪᠣᠯᠤᠯᠲᠠᠢ᠂ ᠦᠷᠭᠦᠯᠵᠢ ᠬᠠᠷᠠᠭᠳᠠᠳᠠᠭ ᠵᠠᠮᠪᠠᠭ᠎ᠠ ᠶ᠋ᠢᠨ ᠭᠤᠯᠢᠷ ᠤ᠋ᠨ ᠣᠷᠣᠨ ᠳ᠋ᠤ᠌ ᠪᠦᠳᠦᠭᠦᠨ ᠰᠠᠭᠰᠤᠨ ᠳ᠋ᠤ᠌ ᠳᠦᠭᠦᠷᠲᠡᠯ᠎ᠡ ᠰᠢᠷᠠᠯᠠᠲᠠᠯ᠎ᠠ ᠬᠠᠭᠠᠷᠢᠭᠰᠠᠨ ᠪᠣᠣᠪᠣ ᠳᠠᠮᠵᠢᠯᠠᠨ ᠠᠪᠴᠢᠷᠠᠵᠤ ᠲᠠᠯᠪᠢᠪᠠ᠃ ᠢᠩᠭᠢᠭᠡᠳ ᠯᠡ ᠤᠩᠰᠢᠯᠭ᠎ᠠ ᠶ᠋ᠢᠨ ᠥᠷᠥᠭᠡ ᠶ᠋ᠢ ᠥᠨᠳᠥᠷ ᠳᠠᠭᠤᠨ ᠢ᠋ᠶ᠋ᠠᠷ ᠲᠠᠮᠰᠢᠶᠠᠯᠠᠬᠤ ᠳᠠᠭᠤᠨ ᠳᠦᠭᠦᠷᠭᠡᠵᠦ ᠣᠷᠬᠢᠭᠰᠠᠨ ᠪᠥᠭᠡᠳ ᠴᠠᠢ ᠠ᠋ᠴᠠ ᠬᠣᠶᠠᠷ ᠭᠤᠷᠪᠠ ᠤᠳᠠᠭ᠎ᠠ ᠠᠬᠢᠨ ᠳᠦᠭᠦᠷᠭᠡᠵᠦ ᠤᠤᠭᠤᠵᠠᠭᠠᠪᠠ᠃ ᠴᠠᠳᠲᠠᠯ᠎ᠠ ᠪᠠᠨ ᠢᠳᠡᠭᠰᠡᠨ ᠦ᠌ ᠬᠣᠢᠨ᠎ᠠ ᠲᠡᠳᠡ ᠠᠶᠠᠭ᠎ᠠ ᠪᠠᠨ ᠬᠡᠯᠡ ᠪᠡᠷ ᠢ᠋ᠶ᠋ᠡᠨ ᠤᠳᠠᠭᠠᠨ ᠭᠡᠭᠴᠢ ᠬᠢᠨᠠᠮᠠᠭᠠᠢ ᠳᠣᠯᠢᠶᠠᠭᠰᠠᠨ ᠢ᠋ᠶ᠋ᠠᠨ ᠡᠪᠦᠷ ᠲᠡᠭᠡᠨ ᠬᠢᠯ᠎ᠡ᠃ ᠢᠩᠭᠢᠭᠡᠳ ᠪᠤᠷᠬᠠᠨ ᠤ᠋ ᠰᠤᠳᠤᠷ ᠢ᠋ᠶ᠋ᠠᠨ ᠡᠠᠬᠢᠨ ᠡᠮᠦᠨ᠎ᠡ ᠪᠡᠨ ᠳᠡᠯᠭᠡᠵᠦ ᠲᠠᠯᠪᠢᠪᠠ᠃ ᠬᠥᠮᠦᠨ ᠪᠣᠯᠭᠠᠨ ᠤ᠋ ᠡᠮᠦᠨ᠎ᠡ ᠪᠠᠷᠤᠭ ᠵᠠᠭᠤᠭᠠᠳ ᠬᠠᠭᠤᠳᠠᠰᠤ ᠨᠠᠷᠢᠬᠠᠨ ᠤᠷᠲᠤ ᠪᠤᠷᠬᠠᠨ ᠤ᠋ ᠨᠣᠮ ᠲᠠᠢ ᠴᠠᠭᠠᠰᠤ ᠦᠷᠦᠭᠰᠡᠨ ᠪᠠᠢᠪᠠ᠃ ᠨᠢᠭᠡ ᠪᠤᠷᠬᠠᠨ ᠤ᠋ ᠰᠤᠳᠤᠷ ᠢ᠋ ᠬᠥᠮᠦᠨ ᠪᠣᠯᠭᠠᠨ ᠳ᠋ᠤ᠌ ᠬᠡᠰᠡᠭ ᠪᠦᠯᠦᠭ ᠢ᠋ᠶ᠋ᠡᠷ ᠠᠩᠭᠢᠯᠠᠨ ᠬᠤᠪᠢᠶᠠᠷᠢᠯᠠᠭᠰᠠᠨ ᠨᠢ ᠨᠢᠭᠡ ᠰᠤᠳᠤᠷ ᠢ᠋ ᠣᠬᠣᠷᠬᠠᠨ ᠬᠤᠭᠤᠴᠠᠭᠠᠨ ᠤ᠋ ᠳᠣᠲᠣᠷ᠎ᠠ ᠤᠩᠰᠢᠨ ᠪᠠᠷᠠᠭᠠᠬᠤ ᠶ᠋ᠢᠨ ᠲᠤᠰᠠᠳᠠ ᠠᠵᠢ ᠃ ᠪᠢ ᠪᠦᠷᠦᠩᠬᠦᠢ ᠰᠦᠮ᠎ᠡ ᠶ᠋ᠢᠨ ᠪᠤᠯᠤᠩ ᠳ᠋ᠤ᠌ ᠯᠠᠮᠠ ᠨᠠᠷ ᠤ᠋ᠨ ᠮᠧᠬᠠᠨᠢᠭ ᠢ᠋ᠶ᠋ᠠᠷ ᠨᠣᠮ ᠤᠩᠰᠢᠬᠤ ᠶ᠋ᠢ ᠰᠣᠨᠣᠰᠴᠤ ᠵᠣᠭᠰᠣᠪᠠ᠃
— ᠴᠢ ᠨᠢᠭᠡ ᠬᠠᠭᠤᠳᠠᠰᠤ ᠤᠩᠰᠢᠭ᠎ᠠ ᠦᠭᠡᠢ ᠪᠡᠷ ᠡᠷᠭᠢᠭᠦᠯᠵᠡᠢ ᠭᠡᠵᠦ ᠮᠢᠨᠦ ᠡᠮᠦᠨ᠎ᠡ ᠨᠢᠭᠡ ᠪᠠᠨᠳᠢ ᠬᠠᠵᠠᠭᠤ ᠶ᠋ᠢᠨ ᠬᠢ ᠳ᠋ᠡᠭᠡᠨ ᠶᠠᠷᠢᠬᠤ ᠳ᠋ᠤ᠌ :
— ᠴᠢᠨᠦ ᠨᠠᠳᠠ ᠠ᠋ᠴᠠ ᠪᠤᠯᠢᠶᠠᠨ ᠠᠪᠤᠭᠰᠠᠨ ᠪᠣᠣᠪᠣ ᠶ᠋ᠢᠨ ᠲᠥᠯᠥᠭᠡ ᠨᠢ ᠲᠡᠷᠡ ᠭᠡᠵᠦ ᠨᠥᠭᠥᠭᠡᠳᠡᠬᠢ ᠨᠢ ᠬᠠᠷᠢᠭᠤᠯᠪᠠ᠃
ᠲᠡᠷᠡ ᠬᠣᠶᠠᠷ ᠨᠢᠭᠡᠨ ᠵᠡᠷᠭᠡ ᠢᠨᠢᠶᠡᠯᠳᠦᠵᠦ ᠠᠪᠤᠭᠰᠠᠨ ᠢ᠋ᠶ᠋ᠠᠨ ᠡᠸᠷᠢᠺᠰᠣᠨ ᠰᠸᠡᠰᠣᠨ ᠤ᠋ ᠵᠣᠭᠰᠣᠵᠤ ᠪᠠᠢᠭ᠎ᠠ ᠡᠭᠦᠳᠡᠨ ᠵᠦᠭ ᠭᠠᠢᠬᠠᠨ ᠬᠠᠷᠠᠵᠤ ᠪᠠᠢᠪᠠ᠃ ᠳᠡᠮᠡᠢ ᠤᠳᠠᠯ ᠦᠭᠡᠢ ᠬᠥᠭᠰᠢᠨ ᠯᠠᠮᠠ ᠣᠯᠵᠤ ᠦᠵᠡᠭᠡᠳ ᠵᠠᠩᠳᠤᠷᠬᠤ ᠳ᠋ᠤ᠌ ᠲᠡᠷᠡ ᠬᠣᠶᠠᠭᠤᠯᠠ ᠳᠣᠣᠷ᠎ᠠ ᠪᠠᠨ ᠲᠣᠯᠣᠭᠠᠢ ᠪᠠᠨ ᠨᠣᠮ ᠵᠦᠭ ᠣᠢᠷᠠᠲᠤᠭᠤᠯᠤᠨ ᠪᠥᠬᠥᠢᠵᠦ ᠤᠩᠰᠢᠨ ᠡᠬᠢᠯᠡᠪᠡ᠃ ᠥᠨᠳᠥᠷ ᠳᠠᠭᠤᠨ ᠢ᠋ᠶ᠋ᠠᠷ ᠬᠦᠴᠦ ᠲᠠᠯᠪᠢᠨ ᠨᠣᠮ ᠢ᠋ᠶ᠋ᠠᠨ ᠤᠩᠰᠢᠬᠤ ᠳ᠋ᠠᠭᠠᠨ ᠨᠢᠭᠡ ᠨᠢᠭᠤᠷ ᠡᠴᠦᠰᠯᠡᠬᠦ ᠪᠡᠷ ᠠᠶᠠᠯᠭᠤᠯᠠᠨ ᠤᠷᠲᠤᠯᠠᠭᠤᠯᠵᠤ᠂ ᠳᠠᠷᠠᠭᠠᠴᠢ ᠶ᠋ᠢᠨ ᠨᠢᠭᠤᠷ ᠢ᠋ᠶ᠋ᠠᠨ ᠣᠯᠵᠤ ᠠᠪᠤᠭᠰᠠᠨ ᠤ᠋ ᠳᠠᠷᠠᠭ᠎ᠠ ᠰᠠᠶᠢ ᠵᠠᠯᠭᠠᠨ ᠠᠪᠴᠤ ᠪᠠᠢᠯ᠎ᠠ᠃
ᠪᠢᠳᠡ ᠲᠡᠳᠡᠨ ᠦ᠌ ᠨᠣᠮ ᠤᠩᠰᠢᠬᠤ ᠶ᠋ᠢ ᠪᠠᠬᠠᠨ ᠰᠣᠨᠣᠰᠴᠤ ᠪᠠᠢᠭᠰᠠᠨ ᠢ᠋ᠶ᠋ᠠᠨ ᠭᠠᠳᠠᠭᠰᠢ ᠭᠠᠷᠴᠤ ᠰᠦᠮ᠎ᠡ ᠶ᠋ᠢᠨ ᠠᠷᠤ ᠳ᠋ᠤ᠌ ᠪᠠᠢᠭ᠎ᠠ ᠬᠥᠲᠥᠯ ᠳᠡᠭᠡᠷ᠎ᠡ ᠭᠠᠷᠪᠠ᠃ ᠳᠤᠮᠳᠠ ᠪᠠᠨ ᠬᠠᠪᠴᠢᠯ ᠲᠠᠢ ᠬᠣᠶᠠᠷ ᠥᠨᠳᠥᠷ ᠴᠢᠯᠠᠭᠤᠨ ᠠᠭᠤᠯᠠ ᠪᠢᠳᠡᠨ ᠦ᠌ ᠡᠮᠦᠨ᠎ᠡ ᠰᠦᠨᠳᠡᠷᠯᠡᠵᠦ᠂ ᠬᠠᠪᠴᠢᠯ ᠤ᠋ᠨ ᠴᠠᠭᠠᠨ᠎ᠠ ᠨᠢ ᠤᠷᠲᠤ ᠭᠡᠭᠴᠢ ᠶ᠋ᠢᠨ ᠣᠷᠳᠣᠨ ᠬᠠᠷᠰᠢ ᠮᠠᠶᠢᠭ ᠤ᠋ᠨ ᠪᠠᠷᠢᠯᠭ᠎ᠠ ᠬᠠᠷᠠᠭᠳᠠᠪᠠ᠃
— ᠭᠡᠭᠡᠨ ᠦ᠌ ᠪᠠᠢᠰᠢᠩ ᠮᠥᠨ ᠭᠡᠵᠦ ᠡᠸᠷᠢᠺᠰᠣᠨ ᠪᠢᠳᠡᠨ ᠳ᠋ᠦ᠍ ᠲᠠᠢᠯᠪᠤᠷᠢᠯᠠᠪᠠ᠃ ᠲᠡᠷᠡ ᠪᠠᠷᠢᠯᠭ᠎ᠠ ᠴᠠᠭᠠᠨ᠎ᠠ ᠪᠠᠨ ᠰᠦᠷᠯᠢᠭ ᠰᠠᠢᠬᠠᠨ ᠪᠥᠭᠡᠳ ᠰᠢᠨᠡᠷᠭᠡᠦ ᠪᠠᠢᠵᠤ᠂ ᠡᠨᠡ ᠨᠤᠲᠤᠭ ᠤ᠋ᠨ ᠵᠣᠴᠢᠨᠰᠠᠭ ᠲᠦᠮᠡᠨ ᠦ᠌ ᠠᠮᠢᠳᠤᠷᠠᠳᠠᠭ ᠲᠥᠭᠥᠷᠢᠭ ᠭᠡᠷ ᠲᠡᠢ ᠠᠳᠠᠯᠢᠳᠬᠠᠪᠠᠯ ᠣᠨᠴᠠᠭᠠᠢ ᠰᠣᠨᠢᠨ ᠬᠠᠷᠠᠭᠳᠠᠵᠤ ᠪᠠᠢᠪᠠ᠃
ᠦᠳᠡ ᠣᠢᠷᠠᠳᠪᠠ᠃ ᠪᠢᠳᠡ ᠬᠡᠷᠪᠡ ᠪᠤᠷᠤᠢ ᠪᠣᠯᠬᠤ ᠠ᠋ᠴᠠ ᠡᠮᠦᠨ᠎ᠡ ᠴᠠᠭᠠᠨ ᠬᠦᠷᠢᠶᠡᠨ ᠦ᠌ ᠰᠦᠮ᠎ᠡ ᠳ᠋ᠡᠭᠡᠨ ᠬᠠᠷᠢᠶ᠎ᠠ ᠯᠠ ᠭᠡᠪᠡᠯ ᠣᠳᠣ ᠪᠠᠷ ᠢ᠋ᠶ᠋ᠠᠨ ᠬᠥᠳᠡᠯᠬᠦ ᠬᠡᠷᠡᠭᠲᠡᠢ ᠪᠠᠢᠪᠠ᠃ ᠪᠢᠳᠡ ᠠᠬᠢᠭᠠᠳ ᠯᠠ ᠪᠣᠭᠣᠨᠢᠬᠠᠨ ᠤᠷᠲᠤ ᠬᠡᠷᠡᠮ ᠢ᠋ ᠳ᠋ᠡᠭᠡᠨ ᠳᠠᠪᠬᠢᠭᠤᠯᠬᠤ ᠳ᠋ᠤ᠌ ᠰᠥᠨᠢᠳ ᠸᠠᠩ ᠤ᠋ᠨ ᠣᠷᠳᠣᠨ ᠤ᠋ ᠪᠡᠯᠭᠡ ᠲᠡᠮᠳᠡᠭ ᠪᠣᠯᠤᠭᠰᠠᠨ ᠪᠠᠶᠠᠨ ᠣᠪᠣᠭ᠎ᠠ ᠶᠡᠬᠡ ᠬᠣᠯᠠ ᠠ᠋ᠴᠠ ᠬᠠᠷᠠᠭᠳᠠᠵᠤ ᠪᠠᠢᠪᠠ᠃ ᠵᠠᠮ ᠳ᠋ᠠᠭᠠᠨ ᠪᠢᠳᠡ ᠡᠰᠡᠷᠭᠦ ᠡᠴᠡ ᠢᠷᠡᠵᠦ ᠶᠠᠪᠤᠭ᠎ᠠ ᠦᠬᠡᠷ ᠲᠡᠷᠭᠡ᠂ ᠬᠣᠨᠢ᠂ ᠦᠬᠡᠷ᠂ ᠠᠳᠤᠭᠤ ᠪᠠᠷ ᠪᠦᠷᠢᠯᠳᠦᠭᠰᠡᠨ ᠲᠣᠮᠣ ᠠᠶᠠᠨ ᠴᠥᠷᠬᠡ ᠲᠡᠢ ᠬᠠᠷᠭᠤᠪᠠ᠃ ᠡᠨᠡ ᠨᠢ ᠰᠢᠷᠠᠮᠦ᠋ᠷᠡᠨ ᠰᠦᠮ᠎ᠡ ᠶ᠋ᠢᠨ ᠪᠠᠳᠢᠷᠴᠢ ᠯᠠᠮᠠ ᠨᠠᠷ ᠪᠦᠲᠦᠨ ᠵᠤᠨ ᠲᠤᠷᠰᠢ ᠰᠦᠮ᠎ᠡ ᠳ᠋ᠡᠭᠡᠨ ᠥᠭᠯᠢᠭᠡ ᠬᠤᠷᠠᠮᠳᠤᠭᠤᠯᠤᠨ ᠪᠠᠳᠢᠷᠴᠢᠯᠠᠨ ᠲᠣᠭᠣᠷᠢᠭᠠᠳ ᠪᠤᠴᠠᠵᠤ ᠶᠠᠪᠤᠭ᠎ᠠ ᠠᠵᠢ ᠃ ᠡᠸᠷᠢᠺᠰᠣᠨ ᠡᠳᠡᠭᠡᠷ ᠬᠥᠮᠦᠰ ᠦ᠋ᠨ ᠠᠷᠠᠳ ᠲᠦᠮᠡᠨ ᠢ᠋ ᠮᠥᠯᠵᠢᠵᠦ ᠪᠠᠢᠭ᠎ᠠ ᠳ᠋ᠤᠨᠢ ᠠᠭᠤᠷᠯᠠᠵᠤ᠄
— ᠪᠢᠳᠡ ᠮᠣᠩᠭᠣᠯᠴᠤᠳ ᠢ᠋ ᠬᠠᠪᠰᠤᠷᠤᠨ᠎ᠠ ᠭᠡᠮᠡᠨ ᠬᠦᠴᠦᠯᠡᠵᠦ ᠪᠠᠢᠬᠤ ᠳ᠋ᠤ᠌ ᠡᠳᠡᠭᠡᠷ ᠬᠥᠮᠦᠨ ᠦ᠌ ᠬᠦᠴᠦ ᠪᠡᠷ ᠠᠮᠢᠳᠤᠷᠠᠭᠴᠢ ᠨᠠᠷ ᠬᠠᠷᠢᠨ ᠮᠠᠯᠴᠢᠳ ᠤ᠋ᠨ ᠬᠦᠴᠦ ᠬᠥᠯᠥᠰᠥ ᠶ᠋ᠢ ᠰᠤᠷᠤᠭᠠᠳ ᠯᠠ ᠪᠠᠢᠨ᠎ᠠ ᠭᠡᠯᠡ᠃
— ᠡᠨᠡ ᠲᠠᠯ᠎ᠠ ᠪᠠᠷ ᠪᠣᠯ ᠬᠠᠷᠢᠨ ᠨᠢᠭᠡ ᠶᠡᠬᠡ ᠬᠤᠪᠢᠷᠠᠬᠤ ᠦᠭᠡᠢ ᠪᠠᠢᠬ᠎ᠠ ᠳᠠ ᠭᠡᠵᠦ ᠪᠢ ᠶᠠᠷᠢᠪᠠ᠃
— ᠪᠢᠳᠡᠨ ᠢ᠋ ᠡᠨᠳᠡᠬᠢ ᠪᠦᠬᠦ ᠬᠥᠮᠦᠨ ᠠᠷᠠᠳ ᠢ᠋ ᠢᠰᠦ᠋ᠰ ᠢ᠋ ᠰᠢᠲᠦᠬᠦ ᠪᠣᠯᠭᠠᠲᠠᠯ᠎ᠠ ᠬᠤᠪᠢᠷᠠᠬᠤ ᠦᠭᠡᠢ ᠪᠠᠢᠬ᠎ᠠ ᠳᠠ᠃
— ᠡᠭᠦᠨ ᠢ᠋ ᠪᠢᠳᠡ ᠬᠣᠶᠠᠷ ᠴᠤ᠌ ᠡᠨᠡ ᠨᠠᠰᠤᠨ ᠳ᠋ᠠᠭᠠᠨ ᠣᠯᠵᠤ ᠦᠵᠡᠬᠦ ᠡᠴᠡ ᠥᠩᠭᠡᠷᠡᠵᠡᠢ !
— ᠲᠡᠢᠮᠦ ᠠ᠋ ! ᠭᠡᠳ ᠲᠡᠷᠡ ᠰᠠᠨᠠᠭ᠎ᠠ ᠠᠯᠳᠠᠭᠰᠠᠨ ᠢ᠋ᠶ᠋ᠠᠨ ᠯᠠᠮᠠ ᠨᠠᠷ ᠤ᠋ᠨ ᠳᠠᠭᠤᠨ ᠣᠳᠴᠤ ᠪᠠᠢᠭ᠎ᠠ ᠮᠠᠯ ᠰᠦᠷᠦᠭ ᠦ᠋ᠨ ᠬᠣᠢᠨ᠎ᠠ ᠠ᠋ᠴᠠ ᠬᠠᠷᠠᠯ᠎ᠠ᠃ ᠵᠠᠮ ᠤ᠋ᠨ ᠬᠠᠵᠠᠭᠤ ᠳ᠋ᠤ᠌ ᠠᠮᠳᠣᠣ ᠠ᠋ᠴᠠ ᠢᠷᠡᠭᠰᠡᠨ ᠬᠥᠮᠦᠰ ᠨᠢᠭᠡᠨᠲᠡ ᠮᠠᠢᠬᠠᠨ ᠢ᠋ᠶ᠋ᠠᠨ ᠪᠤᠰᠬᠠᠴᠢᠬᠠᠭᠰᠠᠨ ᠪᠠᠢᠪᠠ᠃ ᠲᠥᠪᠡᠳ ᠦ᠋ᠨ ᠲᠠᠷᠭᠤᠨ ᠠᠷᠠᠯᠴᠢᠶᠠᠴᠢᠨ ᠬᠣᠶᠠᠷ ᠭᠠᠷ ᠢ᠋ᠶ᠋ᠠᠨ ᠳᠡᠭᠡᠷ᠎ᠡ ᠡᠷᠭᠦᠨ᠂ ᠬᠡᠯᠡ ᠪᠡᠨ ᠤᠷᠲᠤ ᠭᠡᠭᠴᠢ ᠪᠤᠯᠲᠠᠢᠯᠭᠠᠨ ᠭᠦᠶᠦᠨ ᠢᠷᠡᠭᠰᠡᠨ ᠢ᠋ᠶ᠋ᠡᠨ᠄
— ᠲᠡᠳᠡ ᠨᠣᠮ ᠢ᠋ᠶ᠋ᠠᠨ ᠪᠠᠰᠠ ᠤᠩᠰᠢᠭᠰᠠᠭᠠᠷ ᠪᠠᠢᠨ᠎ᠠ ᠤᠤ ? ᠭᠡᠵᠦ ᠠᠰᠠᠭᠤᠯ᠎ᠠ᠃ ᠲᠠ ᠥᠨᠥ ᠰᠥᠨᠢ ᠰᠠᠨᠠᠭ᠎ᠠ ᠠᠮᠤᠷ ᠤᠨᠲᠠᠵᠤ ᠪᠣᠯᠤᠨ᠎ᠠ᠂ ᠡᠢᠮᠦ ᠣᠯᠠᠨ ᠯᠠᠮᠠ ᠬᠠᠮᠲᠤ ᠪᠠᠷ ᠪᠤᠷᠬᠠᠨ ᠤ᠋ ᠨᠣᠮ ᠤᠩᠰᠢᠵᠤ ᠪᠠᠢᠭ᠎ᠠ ᠶ᠋ᠢ ᠶᠡᠷᠦ ᠡᠴᠡ ᠣᠯᠵᠤ ᠬᠠᠷᠠᠭ᠎ᠠ ᠦᠭᠡᠢ ᠭᠡᠵᠦ ᠪᠢ ᠬᠠᠷᠢᠭᠤᠯᠪᠠ᠃
— ᠲᠡᠭᠡᠪᠡᠯ ᠰᠠᠢᠨ ᠪᠣᠯᠵᠠᠢ ᠭᠡᠵᠦ ᠰᠡᠳᠬᠢᠯ ᠬᠠᠨᠤᠭᠰᠠᠨ ᠪᠠᠢᠳᠠᠯ ᠲᠠᠢ ᠬᠡᠯᠡᠭᠰᠡᠨ ᠢ᠋ᠶ᠋ᠡᠨ ᠵᠠᠯᠭᠠᠵᠤ᠂ ᠲᠠ ᠲᠡᠭᠡᠭᠡᠳ ᠪᠠᠰᠠ ᠨᠣᠮ ᠤᠩᠰᠢᠭᠤᠯᠠᠬᠤ ᠪᠠᠷ ᠮᠥᠩᠭᠥ ᠬᠠᠨᠳᠢᠪᠯᠠᠭᠠ ᠤᠤ ᠭᠡᠮᠡᠨ ᠠᠰᠠᠭᠤᠬᠤ ᠳ᠋ᠤ᠌ ᠪᠢ ᠲᠣᠯᠣᠭᠠᠢ ᠪᠠᠨ ᠰᠠᠵᠢᠯᠠᠪᠠ᠃
— ᠡᠢᠮᠦ ᠰᠦᠰᠦᠭᠲᠦ ᠣᠷᠣᠨ ᠳ᠋ᠤ᠌ ᠬᠦᠷᠦᠭᠡᠳ ᠨᠣᠮ ᠤᠩᠰᠢᠭᠤᠯᠳᠠᠭ ᠦᠭᠡᠢ ᠭᠡᠭᠴᠢ ! ᠢᠩᠭᠢᠬᠦ ᠨᠢ ᠪᠡᠯᠭᠡ ᠮᠠᠭᠤᠲᠠᠢ ᠪᠠᠢᠳᠠᠭ᠃ ᠪᠤᠷᠬᠠᠨ ᠲᠡᠭᠷᠢ ᠲᠠ ᠨᠠᠷ ᠤ᠋ᠨ ᠵᠠᠮ ᠳ᠋ᠠᠭᠠᠨ ᠰᠠᠢᠨ ᠶᠠᠪᠤᠬᠤ ᠶ᠋ᠢ ᠢᠪᠡᠭᠡᠬᠦ ᠪᠣᠯᠤᠭᠠᠰᠠᠢ! ᠪᠤᠷᠬᠠᠨ ᠲᠡᠭᠷᠢ ᠪᠢᠳᠡᠨ ᠢ᠋ ᠢᠪᠡᠭᠡᠭᠡ ᠦᠭᠡᠢ᠂ ᠮᠠᠰᠢᠨ ᠪᠠᠢᠨ ᠪᠠᠢᠨ ᠡᠪᠳᠡᠷᠡᠵᠦ ᠤᠳᠠᠭᠰᠠᠭᠠᠷ ᠪᠠᠢᠭᠠᠳ᠂ ᠪᠦᠷᠦᠢ ᠪᠣᠯᠬᠤ ᠶ᠋ᠢᠨ ᠦᠶ᠎ᠡ ᠳ᠋ᠦ᠍ ᠬᠠᠷᠢᠨ᠎ᠠ ᠭᠡᠵᠦ ᠪᠠᠢᠭᠰᠠᠨ ᠪᠢᠳᠡ ᠰᠥᠨᠢ ᠳᠦᠯᠢ ᠶ᠋ᠢᠨ ᠦᠶ᠎ᠡ ᠪᠡᠷ ᠰᠠᠶᠢ ᠳᠥᠩᠭᠡᠵᠦ ᠴᠠᠭᠠᠨ ᠬᠦᠷᠢᠶᠡᠨ ᠦ᠌ ᠰᠦᠮ᠎ᠡ ᠳ᠋ᠡᠭᠡᠨ ᠬᠦᠷᠴᠦ ᠢᠷᠡᠯ᠎ᠡ᠃ ᠬᠡᠳᠦᠢᠪᠡᠷ ᠢᠩᠭᠢᠵᠦ ᠣᠷᠣᠢᠲᠠᠭᠰᠠᠨ ᠪᠣᠯᠪᠠᠴᠤ ᠡᠸᠷᠢᠺᠰᠣᠨ ᠬᠠᠷᠢᠨ ᠵᠠᠮ ᠲᠤᠷᠰᠢ ᠶᠡᠬᠡ ᠪᠠᠶᠠᠷᠲᠠᠢ ᠪᠠᠢᠯ᠎ᠠ᠃ ᠤᠴᠢᠷ ᠨᠢ ᠪᠤᠴᠠᠬᠤ ᠵᠠᠮ ᠳ᠋ᠠᠭᠠᠨ ᠲᠡᠷᠡ ᠮᠠᠨᠵᠤ ᠤᠯᠤᠰ ᠠ᠋ᠴᠠ ᠮᠥᠷᠭᠥᠯ ᠳ᠋ᠦ᠍ ᠶᠠᠪᠤᠭ᠎ᠠ ᠲᠡᠷᠡ ᠮᠥᠷᠭᠥᠯᠴᠢᠨ ᠦ᠌ ᠵᠠᠮ ᠤ᠋ᠨ ᠬᠠᠵᠠᠭᠤ ᠳ᠋ᠤ᠌ ᠲᠡᠭᠦᠨ ᠦ᠌ ᠥᠭᠭᠦᠭᠰᠡᠨ ᠨᠣᠮ ᠢ᠋ ᠤᠩᠰᠢᠵᠤ ᠪᠠᠢᠭ᠎ᠠ ᠶ᠋ᠢ ᠣᠯᠵᠤ ᠬᠠᠷᠠᠭᠰᠠᠨ ᠶᠤᠮ᠃
— ᠲᠡᠷᠡ ᠢᠰᠦ᠋ᠰ ᠦ᠋ᠨ ᠨᠣᠮ ᠢ᠋ ᠤᠩᠰᠢᠵᠤ ᠪᠠᠢᠨ᠎ᠠ ᠰᠢᠦ ᠭᠡᠳ ᠡᠸᠷᠢᠺᠰᠣᠨ ᠰᠡᠳᠬᠢᠯ ᠳᠦᠭᠦᠷᠡᠩ ᠬᠡᠯᠡᠭᠡᠳ ᠲᠡᠭᠦᠨ ᠵᠦᠭ ᠭᠠᠷ ᠢ᠋ᠶ᠋ᠠᠨ ᠳᠠᠯᠠᠯᠤᠭᠰᠠᠨ ᠪᠢᠯᠡ᠃
— ᠲᠡᠭᠦᠨ ᠢ᠋ ᠤᠩᠰᠢᠵᠤ ᠣᠢᠯᠠᠭᠠᠨ᠎ᠠ ᠭᠡᠵᠦ ᠲᠠ ᠪᠣᠳᠣᠵᠤ ᠪᠠᠢᠨ᠎ᠠ ᠤᠤ ? ᠭᠡᠵᠦ ᠨᠠᠮᠠᠶ᠋ᠢ ᠠᠰᠠᠭᠤᠬᠤᠯᠠᠷ ᠲᠡᠷᠡ ᠶᠡᠬᠡ ᠤᠳᠠᠭᠠᠨ ᠳᠤᠭᠤᠢ ᠪᠠᠢᠭᠰᠠᠨ ᠢ᠋ᠶ᠋ᠠᠨ ᠳᠠᠷᠠᠭᠠᠴᠢ ᠶ᠋ᠢᠨ ᠮᠠᠰᠢᠨ ᠵᠣᠭᠰᠣᠬᠤ ᠳᠡᠭᠡᠷ᠎ᠡ ᠨᠠᠳᠠ ᠤᠷᠤᠭᠤ ᠬᠠᠨᠳᠤᠨ᠄
— ᠨᠢᠭᠡ ᠦᠷ᠎ᠡ ᠰᠠᠢᠨ ᠬᠥᠷᠥᠰᠥᠨ ᠳ᠋ᠦ᠍ ᠤᠨᠠᠭᠰᠠᠨ ᠪᠠᠢᠵᠤ ᠮᠡᠳᠡᠨ᠎ᠡ ᠰᠢᠦ᠂ ᠬᠡᠨ ᠬᠡᠯᠡᠵᠦ ᠮᠡᠳᠡᠨ᠎ᠡ ᠳᠠ ᠭᠡᠵᠦ ᠬᠠᠷᠢᠭᠤᠯᠤᠯ᠎ᠠ᠃
