ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠠᠷᠪᠠᠨ ᠭᠤᠷᠪᠠ) Сэрүүхэн тал нутаг–<свис> Вальтер Босгард (Walter Bosshard)- Дөрөвдүгээр бөлөг 13 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠠᠷᠪᠠᠨ ᠭᠤᠷᠪᠠ) Сэрүүхэн тал нутаг–<свис> Вальтер Босгард (Walter Bosshard)- Дөрөвдүгээр бөлөг 13

ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠠᠷᠪᠠᠨ ᠭᠤᠷᠪᠠ) Сэрүүхэн тал нутаг–<свис> Вальтер Босгард (Walter Bosshard)- Дөрөвдүгээр бөлөг 13

ᠠᠩᠭᠢᠯᠠᠯ:ᠲᠤᠭᠤᠵᠢ ᠷᠣᠮᠠᠨ
2024-09-11

218

ᠠᠷᠪᠠᠨ ᠭᠤᠷᠪᠠ ᠂ ᠳᠠᠸᠠ ᠬᠦᠩ ᠦ᠋ᠨ ᠰᠢᠲᠠᠷ᠎ᠠ ᠶ᠋ᠢᠨ ᠬᠥᠯᠭᠡ


       ᠪᠢᠳᠡ ᠳᠥᠷᠪᠡᠳ ᠦ᠋ᠨ ᠬᠣᠢᠲᠤ ᠬᠡᠰᠡᠭ ᠵᠦᠭ ᠳᠠᠪᠬᠢᠵᠤ ᠪᠠᠢᠨ᠎ᠠ᠃ ᠡᠸᠷᠢᠺᠰᠦᠨ ᠨᠠᠳᠠ ᠲᠠᠢ ᠴᠣᠭ ᠮᠠᠰᠢᠨ ᠤ᠋ ᠠᠷᠤ ᠶ᠋ᠢᠨ ᠰᠠᠭᠤᠳᠠᠯ ᠳ᠋ᠤ᠌ ᠰᠠᠭᠤᠵᠤ᠂ ᠭᠦᠯᠦ ᠴᠠᠭᠠᠨ ᠳ᠋ᠠᠬᠢ ᠵᠠᠯᠠᠭᠤᠬᠠᠨ ᠱᠠᠰᠢᠨ ᠳᠡᠯᠭᠡᠷᠡᠭᠦᠯᠦᠭᠴᠢ ᠰᠸᠨᠰᠤᠨ ᠮᠠᠰᠢᠨ ᠢ᠋ ᠪᠠᠷᠢᠵᠤ ᠶᠠᠪᠤᠪᠠ᠃ ᠡᠨᠡ ᠬᠦ᠌ ᠮᠠᠰᠢᠨ ᠤ᠋ ᠲᠣᠨᠣᠭ ᠪᠦᠷᠢ ᠨᠢ ᠠᠶᠠᠯᠠᠯ ᠤ᠋ᠨ ᠳᠤᠮᠳᠠ ᠪᠠᠨ ᠬᠠᠲᠠᠭᠤ ᠲᠡᠮᠡᠴᠡᠯ ᠬᠢᠵᠦ ᠪᠠᠢᠭ᠎ᠠ ᠨᠢ ᠢᠯᠡᠬᠡᠨ ᠮᠡᠳᠡᠭᠳᠡᠵᠦ᠂ ᠲᠡᠭᠦᠨ ᠦ᠌ ᠬᠦᠨᠳᠦᠳᠬᠡᠮ᠎ᠡ ᠥᠨᠳᠥᠷ ᠨᠠᠰᠤᠨ ᠳ᠋ᠤ᠌ ᠬᠦᠷᠦᠭᠰᠡᠨ ᠢ᠋ ᠢᠯᠡᠷᠡᠭᠦᠯᠵᠦ ᠪᠠᠢᠪᠠ᠃ ᠮᠥᠨ ᠲᠡᠭᠡᠭᠡᠳ ᠴᠣᠩᠬᠣᠨ ᠤ᠋ ᠬᠢᠨᠢ ᠰᠢᠯ ᠢ᠋ ᠬᠦᠷᠲᠡᠯ᠎ᠡ ᠡᠮᠨᠡᠯᠭᠡ ᠳ᠋ᠦ᠍ ᠬᠡᠷᠡᠭᠯᠡᠬᠦ ᠵᠢᠶᠣᠤᠪᠦ᠋ ᠪᠡᠷ ᠲᠦᠷ ᠴᠠᠭ ᠨᠠᠭᠠᠯᠳᠤᠭᠤᠯᠤᠨ ᠲᠣᠭᠲᠠᠭᠠᠭᠰᠠᠨ ᠢ᠋ ᠪᠣᠳᠣᠭᠠᠴᠢ ᠳᠠ ! ᠭᠡᠬᠦ ᠳ᠋ᠦ᠍ ᠡᠨᠡ ᠬᠦ᠌ ᠬᠠᠭᠤᠴᠢᠨ ᠮᠠᠰᠢᠨ ᠳ᠋ᠤ᠌ ᠵᠠᠯᠠᠭᠤ ᠶ᠋ᠢᠨ ᠦᠶ᠎ᠡ ᠶ᠋ᠢᠨ ᠡᠷᠴᠢ ᠵᠣᠷᠢᠭ ᠨᠢ ᠪᠠᠰᠠ ᠬᠠᠳᠠᠭᠠᠯᠠᠭᠠᠰᠤᠲᠠᠢ ᠪᠠᠢᠵᠤ᠂ ᠳᠠᠪᠬᠢᠨ ᠡᠬᠢᠯᠡᠬᠦ ᠶ᠋ᠢᠨ ᠵᠡᠷᠭᠡ ᠬᠤᠷᠳᠤᠴᠠ ᠬᠡᠮᠵᠢᠭᠦᠷ ᠨᠢ ᠳᠥᠴᠢᠨ ᠺᠢᠯᠣᠮᠧᠲ᠋ᠷ ᠢ᠋ ᠵᠢᠭᠠᠵᠤ ᠪᠠᠢᠪᠠ᠃ 
       — ᠡᠨᠡ ᠬᠦ᠌ ᠬᠠᠭᠤᠴᠢᠨ ᠤᠷᠤᠯᠳᠤᠭᠠᠨ ᠤ᠋ ᠮᠣᠷᠢ ᠴᠤ᠌ ᠪᠠᠰᠠ ᠦᠬᠦᠳᠡᠭ ᠨᠢ ᠪᠢᠰᠢ ᠪᠠᠢᠨ᠎ᠠ ᠬᠦ ᠭᠡᠵᠦ ᠡᠩᠬᠦᠯ ᠳᠤᠩᠬᠤᠯ ᠵᠠᠮ ᠢ᠋ᠶ᠋ᠠᠷ ᠪᠠᠷᠠᠭᠤᠨᠰᠢ ᠪᠠᠨ ᠰᠥᠨᠢᠳ ᠸᠠᠩ ᠤ᠋ᠨ ᠣᠷᠳᠣᠨ ᠵᠦᠭ ᠳᠠᠪᠬᠢᠭᠤᠯᠵᠤ ᠪᠠᠢᠬᠤ ᠳ᠋ᠤ᠌ ᠪᠢ ᠢᠨᠢᠶᠡᠨ ᠬᠡᠯᠡᠪᠡ᠃ ᠡᠸᠷᠢᠺᠰᠦᠨ ᠰᠸᠨᠰᠤᠨ ᠤ᠋ ᠬᠠᠵᠠᠭᠤ ᠳ᠋ᠤ᠌ ᠣᠢᠷᠠᠲᠤᠨ ᠰᠠᠭᠤᠭᠠᠳ ᠵᠦᠭ ᠴᠢᠭᠯᠡᠯ ᠢ᠋ ᠨᠢ ᠵᠢᠭᠠᠨ ᠥᠭᠴᠦ ᠪᠠᠢᠪᠠ᠃ ᠨᠠᠳᠠ ᠳ᠋ᠤ᠌ ᠠᠪᠴᠤ ᠬᠡᠯᠡᠪᠡᠯ ᠠᠪ ᠠᠳᠠᠯᠢᠬᠠᠨ ᠬᠠᠷᠠᠭᠳᠠᠵᠤ ᠪᠠᠢᠭ᠎ᠠ ᠬᠥᠲᠥᠯ ᠳᠣᠪᠣᠴᠠᠭ ᠲᠠᠢ ᠬᠥᠳᠡᠭᠡ ᠪᠡᠷ ᠺᠣᠮᠫᠠᠰ ᠦᠭᠡᠢ ᠪᠡᠷ ᠵᠦᠭ ᠢ᠋ᠶ᠋ᠡᠨ ᠣᠯᠵᠤ ᠠᠶᠠᠯᠠᠨ᠎ᠠ ᠭᠡᠳᠡᠭ ᠴᠦ᠍ ᠰᠡᠳᠬᠢᠰᠢ ᠦᠭᠡᠢ ᠵᠦᠢᠯ ᠪᠠᠢᠪᠠ ( ᠵᠢᠷᠤᠭ 111 ) ᠃ 
       — ᠬᠠᠷᠠᠬᠤ ᠳ᠋ᠤ᠌ ᠲᠡᠢᠮᠦ ᠬᠡᠴᠡᠭᠦᠦ ᠰᠠᠨᠠᠭᠳᠠᠳᠠᠭ ᠶᠤᠮ ᠠ᠋᠃ ᠮᠣᠩᠭᠣᠯᠴᠤᠳ ᠬᠡᠴᠢᠨᠡᠨ ᠵᠠᠭᠤᠨ ᠵᠢᠯ ᠦ᠋ᠨ ᠲᠤᠷᠰᠢ ᠠᠩᠬᠠᠷᠤᠯᠲᠠᠢ ᠭᠠᠵᠠᠷ ᠢ᠋ ᠴᠡᠭᠡᠵᠢᠯᠡᠨ ᠠᠪᠴᠤ᠂ ᠴᠠᠭ ᠢᠮᠠᠭᠲᠠ ᠵᠦᠭ ᠴᠢᠭᠯᠡᠯ ᠢ᠋ᠶ᠋ᠡᠨ ᠣᠯᠵᠤ ᠳᠡᠢᠯᠳᠡᠭ᠃ ᠲᠡᠷᠡ ᠡᠮᠦᠨ᠎ᠡ ᠪᠠᠢᠭ᠎ᠠ ᠴᠠᠭᠠᠨ ᠬᠠᠳᠠ ᠬᠠᠷᠠᠭᠳᠠᠵᠤ ᠪᠠᠢᠭ᠎ᠠ ᠭᠠᠵᠠᠷ ᠢ᠋ ᠴᠠᠭᠠᠨ ᠣᠪᠣᠭ᠎ᠠ ᠭᠡᠳᠡᠭ ᠪᠥᠭᠡᠳ ᠵᠢᠯ ᠪᠦᠷᠢ ᠲᠡᠨᠳᠡ ᠨᠢᠭᠡ ᠤᠳᠠᠭ᠎ᠠ ᠲᠠᠬᠢᠯᠭ᠎ᠠ ᠶ᠋ᠢᠨ ᠶᠡᠬᠡ ᠨᠠᠢᠷ ᠪᠣᠯᠳᠠᠭ᠃ ᠰᠥᠨᠢᠳ ᠸᠠᠩ ᠤ᠋ᠨ ᠣᠷᠳᠣᠨ ᠠ᠋ᠴᠠ ᠬᠣᠯᠠ ᠪᠢᠰᠢ ᠪᠠᠢᠭ᠎ᠠ ᠪᠠᠶᠠᠨ ᠣᠪᠣᠭ᠎ᠠ ᠶ᠋ᠢ ᠪᠣᠯ ᠬᠣᠶᠠᠷ ᠵᠠᠭᠤ ᠰᠢᠬᠠᠮ ᠭᠠᠵᠠᠷ ᠬᠣᠯᠠ ᠠ᠋ᠴᠠ ᠣᠯᠵᠤ ᠦᠵᠡᠳᠡᠭ᠃ ᠬᠥᠮᠦᠰ ᠡᠳᠡᠭᠡᠷ ᠭᠠᠵᠠᠷ ᠢ᠋ ᠬᠠᠷᠠᠬᠤ ᠲᠠᠢ ᠵᠡᠷᠭᠡ ᠥᠪᠡᠷ ᠦ᠋ᠨ ᠵᠠᠮ ᠢ᠋ᠶ᠋ᠠᠨ ᠴᠤ᠌ ᠣᠯᠳᠠᠭ ᠶᠤᠮ ᠭᠡᠵᠦ ᠰᠡᠳᠬᠢᠯ ᠥᠶᠥᠭ ᠡᠸᠷᠢᠺᠰᠦᠨ ᠱᠠᠰᠢᠨ ᠤ᠋ ᠨᠣᠮᠴᠢ ᠶ᠋ᠢᠨ ᠬᠣᠭᠣᠯᠠᠢ ᠪᠠᠷ ᠵᠢᠭᠠᠵᠤ ᠥᠭᠭᠦᠯ᠎ᠡ᠃ 
       ᠬᠠᠭᠠᠰ ᠲᠣᠭᠣᠷᠢᠭ ᠬᠡᠯᠪᠡᠷᠢᠲᠡᠢ ᠳᠠᠪᠠᠭᠠᠨ ᠤ᠋ ᠡᠮᠦᠨ᠎ᠡ ᠪᠠᠢᠭ᠎ᠠ ᠬᠦᠷᠢᠶᠡᠨ ᠦ᠌ ᠬᠡᠷᠡᠮ ᠢ᠋ ᠨᠢ ᠰᠢᠨᠡᠬᠡᠨ ᠪᠣᠳᠣᠭᠰᠠᠨ ᠪᠤᠢᠨ ᠰᠦᠮ᠎ᠡ ᠳ᠋ᠦ᠍ ᠪᠢᠳᠡ ᠪᠠᠬᠠᠨ ᠵᠣᠭᠰᠣᠪᠠ᠃ ᠰᠸᠸᠳ᠋ᠸᠨᠴᠤᠳ ᠠᠳᠠ ᠨᠢᠭᠡ ᠵᠢᠵᠢᠭ ᠱᠠᠰᠢᠨ ᠳᠡᠯᠭᠡᠷᠡᠭᠦᠯᠬᠦ ᠥᠷᠲᠡᠭᠡ ᠲᠡᠢ ᠪᠠᠢᠵᠤ᠂ ᠱᠠᠰᠢᠨ ᠳ᠋ᠤ᠌ ᠣᠷᠣᠭᠰᠠᠨ ᠨᠢᠭᠡ ᠮᠣᠩᠭᠣᠯ ᠡᠨᠳᠡᠬᠢ ᠶ᠋ᠢ ᠬᠠᠮᠢᠶᠠᠷᠴᠤ᠂ ᠡᠮ ᠪᠣᠯᠤᠨ ᠤᠬᠠᠭᠤᠯᠭ᠎ᠠ ᠶ᠋ᠢᠨ ᠳᠡᠪᠲᠡᠷ ᠢ᠋ ᠨᠢ ᠲᠠᠷᠬᠠᠭᠠᠳᠠᠭ ᠪᠠᠢᠨ᠎ᠠ᠃ ᠨᠢᠭᠡ ᠡᠪᠡᠳᠴᠢᠨ ᠲᠡᠢ ᠯᠠᠮᠠ ᠢᠷᠡᠵᠦ ᠶᠡᠬᠡ ᠤᠳᠠᠭᠰᠠᠨ ᠠ᠋ᠴᠠ ᠴᠠᠭ ᠴᠤ᠌ ᠣᠷᠣᠢᠲᠠᠵᠤ᠂ ᠪᠢᠳᠡ ᠡᠰᠡᠪᠡᠯ ᠡᠨᠳᠡ ᠬᠣᠨᠣᠭᠯᠠᠳᠠᠭ ᠶᠤᠮ ᠤᠤ ᠭᠡᠵᠦ ᠬᠡᠯᠡᠯᠴᠡᠪᠡ᠃ ᠾᠷᠢᠰᠲ᠋ᠣᠰ ᠰᠢᠲᠦᠭᠰᠡᠨ ᠮᠣᠩᠭᠣᠯ ᠨᠡᠯᠢᠶᠡᠳ ᠪᠣᠳᠣᠯᠬᠢᠯᠠᠭᠰᠠᠨ ᠢ᠋ᠶ᠋ᠠᠨ᠄ 
       — ᠳᠠᠸᠠ ᠬᠦᠩ ᠠᠳᠠ ᠠ᠋ᠴᠠ ᠭᠤᠴᠢᠨ ᠭᠠᠵᠠᠷ ᠵᠠᠢᠲᠠᠢ ᠵᠤᠰᠠᠵᠤ ᠪᠠᠢᠭ᠎ᠠ᠃ ᠬᠡᠷᠪᠡ ᠲᠡᠷᠡ ᠲᠠ ᠨᠠᠷ ᠤ᠋ᠨ ᠡᠨᠳᠡ ᠬᠣᠨᠣᠭᠯᠠᠭᠠᠳ ᠭᠠᠷᠤᠭᠰᠠᠨ ᠢ᠋ ᠰᠣᠨᠣᠰᠪᠠᠯ ᠴᠤ᠌ ᠁ ᠭᠡᠮᠡᠨ ᠡᠷᠡᠭᠡᠯᠵᠡᠭᠰᠡᠨ ᠮᠠᠶᠢᠭᠲᠠᠢ ᠦᠭᠡ ᠪᠡᠨ ᠲᠠᠰᠤᠯᠤᠭᠠᠳ᠂ ᠮᠠᠯᠠᠭᠠᠢ ᠪᠠᠨ ᠵᠡᠭᠦᠨ ᠴᠢᠬᠢ ᠤᠷᠤᠭᠤ ᠪᠠᠨ ᠲᠦᠯᠬᠢᠰᠬᠢᠪᠡ᠃ 
       — ᠳᠠᠸᠠ ᠬᠦᠩ ? ᠳᠡᠭᠡᠷᠡᠮᠴᠢᠳ ᠡᠴᠡ ᠠᠶᠤᠵᠤ ᠪᠠᠢᠭᠰᠠᠨ ᠮᠢᠨᠦ ᠬᠠᠭᠤᠴᠢᠨ ᠨᠠᠢᠵᠠ ᠤᠤ? ᠭᠡᠵᠦ ᠪᠢ ᠠᠰᠠᠭᠤᠪᠠ᠃ 
       — ᠮᠥᠨ ᠲᠡᠷᠡ᠃ ᠲᠡᠷᠡ ᠦᠶ᠎ᠡ ᠳ᠋ᠦ᠍ ᠠᠭᠤᠯᠠ ᠶ᠋ᠢᠨ ᠬᠣᠷᠮᠣᠢ ᠳ᠋ᠤ᠌ ᠡᠪᠦᠯᠵᠢᠶ᠎ᠡ ᠳ᠋ᠡᠭᠡᠨ ᠪᠠᠢᠭᠰᠠᠨ᠃ ᠵᠤᠨ ᠳ᠋ᠠᠭᠠᠨ ᠲᠠᠯ᠎ᠠ ᠤᠷᠤᠭᠤ ᠮᠠᠯ ᠢ᠋ᠶ᠋ᠠᠨ ᠪᠡᠯᠴᠢᠭᠡᠳᠡᠭ ᠶᠦᠮ ᠠ᠋ ᠭᠡᠵᠦ ᠡᠸᠷᠢᠺᠰᠦᠨ ᠬᠡᠯᠡᠯ᠎ᠡ᠃ 
       — ᠪᠢ ᠲᠡᠭᠦᠨ ᠲᠡᠢ ᠠᠬᠢᠨ ᠠᠭᠤᠯᠵᠠᠮᠠᠷ ᠪᠠᠢᠨ᠎ᠠ ᠭᠡᠵᠦ ᠪᠢ ᠥᠪᠡᠷ ᠦ᠋ᠨ ᠰᠠᠨᠠᠯ ᠢ᠋ᠶ᠋ᠠᠨ ᠳᠡᠪᠰᠢᠭᠦᠯᠬᠦ ᠳ᠋ᠦ᠍ ᠬᠣᠶᠠᠷ ᠱᠠᠰᠢᠨ ᠰᠤᠷᠲᠠᠯᠴᠢᠯᠠᠭᠴᠢ ᠵᠥᠪᠰᠢᠶᠡᠷᠡᠭᠡᠳ᠂ ᠦᠳᠡᠰᠢ ᠶ᠋ᠢᠨ ᠬᠥᠰᠢᠭᠡ ᠪᠠᠭᠤᠬᠤ ᠶ᠋ᠢᠨ ᠦᠶ᠎ᠡ ᠪᠡᠷ ᠲᠡᠳᠡᠨ ᠦ᠌ ᠬᠢ ᠤᠷᠤᠭᠤ ᠳᠠᠪᠬᠢᠯ᠎ᠠ᠃ ᠤᠳᠠᠯ ᠦᠭᠡᠢ ᠨᠢᠭᠡᠨᠲᠡ ᠬᠠᠷᠠᠩᠭᠤᠢ ᠪᠣᠯᠵᠤ᠂ ᠡᠸᠷᠢᠺᠰᠦᠨ ᠴᠦ᠍ ᠠᠳᠡᠬᠢ ᠭᠠᠵᠠᠷ ᠢ᠋ ᠰᠠᠢᠨ ᠮᠡᠳᠡᠬᠦ ᠦᠭᠡᠢ ᠪᠠᠢᠪᠠ᠃ ᠲᠡᠷᠡ ᠮᠠᠰᠢᠨ ᠢ᠋ ᠵᠣᠭᠰᠣᠭᠠᠭᠠᠳ ᠴᠢᠬᠢ ᠲᠠᠯᠪᠢᠨ ᠴᠢᠩᠨᠠᠭᠰᠠᠨ ᠢ᠋ᠶ᠋ᠠᠨ᠄ 
       — ᠪᠢᠳᠡ ᠪᠠᠷᠠᠭᠤᠨᠰᠢ ᠪᠠᠨ ᠬᠡᠲᠦᠷᠡᠵᠦ ᠭᠠᠷᠴᠠᠢ᠂ ᠲᠡᠳᠡᠨ ᠦ᠌ ᠬᠢᠨ ᠲᠡᠨᠳᠡ ᠪᠠᠢᠨ᠎ᠠ ᠭᠡᠯ᠎ᠡ᠃ ᠨᠡᠯᠢᠶᠡᠳ ᠵᠠᠢᠲᠠᠢ ᠨᠣᠬᠠᠢ ᠬᠤᠴᠠᠬᠤ ᠳᠠᠭᠤᠨ ᠰᠣᠨᠣᠰᠳᠠᠨ᠎ᠠ᠃ ᠮᠠᠰᠢᠨ ᠤ᠋ ᠭᠡᠷᠡᠯ ᠪᠠ ᠳᠠᠭᠤᠨ ᠤ᠋ ᠠᠨᠢᠷ ᠢ᠋ ᠠᠪᠤᠭᠰᠠᠨ ᠡᠳᠡᠭᠡᠷ ᠰᠡᠷᠭᠡᠭ ᠮᠠᠨᠠᠭᠠᠴᠢ ᠡᠵᠡᠨ ᠳ᠋ᠡᠭᠡᠨ ᠪᠢᠳᠡᠨ ᠦ᠌ ᠢᠷᠡᠭᠰᠡᠨ ᠢ᠋ ᠮᠡᠳᠡᠭᠳᠡᠵᠦ ᠪᠠᠢᠭ᠎ᠠ ᠠᠵᠢ᠃ 
       ᠳᠠᠸᠠ ᠬᠦᠩ ᠪᠢᠳᠡᠨ ᠢ᠋ ᠪᠠᠷᠤᠭ ᠯᠠ ᠮᠠᠰᠢᠨ ᠤ᠋ ᠡᠭᠦᠳᠡᠨ ᠡᠴᠡ ᠲᠣᠰᠴᠤ ᠠᠪᠤᠭᠠᠳ᠂ ᠲᠣᠮᠣ ᠭᠡᠷ ᠲᠡᠭᠡᠨ ᠳᠠᠭᠠᠭᠤᠯᠤᠨ ᠬᠦᠷᠦᠯ᠎ᠡ᠃ ᠭᠡᠷ ᠲᠦ᠍ ᠡᠳ᠋ ᠲᠠᠸᠠᠷ ᠳᠦᠭᠦᠷᠡ᠊ᠩ ᠪᠠᠢᠵᠤ᠂ ᠠᠩ ᠬᠦᠷᠦᠭᠡᠳ ᠦ᠋ᠨ ᠵᠢᠷᠤᠭ ᠲᠠᠢ ᠭᠣᠶᠣ ᠬᠠᠭᠤᠴᠢᠨ ᠠᠪᠳᠠᠷ᠎ᠠ᠂ ᠬᠦᠷᠡᠯ ᠬᠣᠷᠯᠣ ᠵᠡᠷᠭᠡ ᠨᠢ ᠴᠥᠮ ᠪᠠᠢᠯ᠎ᠠ᠃ ᠥᠨᠳᠥᠷᠬᠡᠨ ᠵᠠᠰᠠᠭᠰᠠᠨ ᠰᠠᠭᠤᠳᠠᠯ ᠤ᠋ᠨ ᠬᠠᠵᠠᠭᠤ ᠳ᠋ᠠᠬᠢ ᠪᠣᠭᠣᠨᠢᠬᠠᠨ ᠰᠢᠷᠡᠭᠡᠨ ᠳᠡᠭᠡᠷ᠎ᠡ ᠰᠢᠳᠡᠷ᠎ᠡ ᠶ᠋ᠢᠨ ᠬᠥᠯᠭᠡ ᠲᠠᠯᠪᠢᠵᠠᠢ᠃ ᠪᠢᠳᠡᠨ ᠢ᠋ ᠣᠷᠣᠬᠤ ᠳ᠋ᠤ᠌ ᠰᠢᠷ᠎ᠠ ᠲᠣᠷᠭᠠᠨ ᠲᠡᠷᠯᠢᠭ ᠲᠡᠢ ᠯᠠᠮᠠ ᠪᠣᠰᠴᠤ ᠮᠠᠯᠠᠭᠠᠢ ᠪᠠᠨ ᠡᠮᠦᠰᠦᠯ᠎ᠡ᠃ ᠪᠢᠳᠡᠨ ᠦ᠌ ᠵᠣᠴᠢᠯᠠᠨ ᠪᠠᠭᠤᠭᠰᠠᠨ ᠠ᠋ᠴᠠ ᠪᠣᠯᠵᠤ ᠦᠳᠡ ᠶ᠋ᠢᠨ ᠬᠣᠢᠨ᠎ᠠ ᠠ᠋ᠴᠠ ᠡᠬᠢᠯᠡᠭᠰᠡᠨ ᠨᠢᠭᠡᠨ ᠬᠥᠯᠭᠡ ᠰᠢᠲᠠᠷ᠎ᠠ ᠶ᠋ᠢ ᠬᠠᠭᠠᠰ ᠳᠤᠲᠠᠭᠤ ᠵᠣᠭᠰᠣᠭᠠᠭᠰᠠᠨ ᠠᠵᠢ ( ᠵᠢᠷᠤᠭ 102 ) ᠃ ᠳᠠᠸᠠ ᠬᠦᠩ ᠶᠡᠬᠡ ᠬᠢᠴᠢᠶᠡᠮᠵᠢᠲᠡᠢ ᠪᠡᠷ ᠰᠢᠲᠠᠷ᠎ᠠ ᠶ᠋ᠢᠨ ᠬᠥᠯᠭᠡ ᠶ᠋ᠢ ᠠᠪᠴᠤ ᠬᠠᠵᠠᠭᠤ ᠲᠠᠢᠰᠢ ᠪᠠᠨ ᠲᠠᠯᠪᠢᠭᠠᠳ᠄ 
       — ᠪᠢᠳᠡ ᠳᠥᠷᠪᠡᠳ ᠬᠤᠰᠢᠭᠤᠨ ᠤ᠋ ᠲᠤᠯᠠᠳᠠ ᠲᠣᠭᠯᠠᠵᠤ ᠪᠠᠢᠭ᠎ᠠ᠃ ᠮᠢᠨᠦ ᠴᠡᠷᠢᠭ ᠬᠠᠮᠠᠭᠠᠯᠠᠵᠤ᠂ ᠯᠠᠮᠠ ᠶ᠋ᠢᠨ ᠴᠡᠷᠢᠭ ᠳᠠᠭᠠᠷᠢᠵᠤ ᠪᠠᠢᠭ᠎ᠠ᠃ ᠲᠣᠭᠯᠠᠵᠤ ᠳᠠᠭᠤᠰᠤᠭ᠎ᠠ ᠦᠭᠡᠢ ᠪᠠᠢᠭᠰᠠᠭᠠᠷ ᠰᠢᠦ ᠭᠡᠵᠦ ᠢᠨᠢᠶᠡᠨ ᠬᠡᠯᠡᠭᠡᠳ ᠯᠠᠮᠠ ᠤᠷᠤᠭᠤ ᠬᠠᠨᠳᠤᠨ᠄ 
       — ᠴᠢ ᠬᠡᠳᠦᠢ ᠪᠡᠷ ᠣᠳᠣ ᠨᠠᠳᠠ ᠠ᠋ᠴᠠ ᠪᠠᠭ᠎ᠠ ᠤᠷᠢᠲᠠᠵᠤ ᠪᠠᠢᠭ᠎ᠠ ᠪᠣᠯᠪᠠᠴᠤ ᠪᠢ ᠴᠢᠮᠠᠶ᠋ᠢ ᠳᠡᠢᠯᠦᠨ᠎ᠡ ᠳᠠ ᠭᠡᠵᠦ ᠨᠥᠬᠥᠨ ᠬᠡᠯᠡᠯ᠎ᠡ᠃ 
       ᠳᠠᠸᠠ ᠬᠦᠩ ᠦ᠋ᠨ ᠬᠠᠲᠤᠨ ᠣᠷᠣᠵᠤ ᠢᠷᠡᠯ᠎ᠡ᠃ ᠮᠥᠨ ᠯᠡ ᠴᠣᠯ ᠠᠯᠲᠠᠨ ᠬᠦᠨᠳᠦ ᠳᠠᠷᠤᠭᠤᠯᠭ᠎ᠠ ᠪᠠᠨ ᠵᠡᠭᠦᠭᠰᠡᠨ ᠪᠠᠢᠭ᠎ᠠ ᠨᠢ ᠴᠠᠢ ᠠᠶᠠᠭᠠᠯᠠᠬᠤ ᠳ᠋ᠤ᠌ ᠯᠠ ᠶ᠋ᠢᠨ ᠭᠡᠷᠡᠯ ᠳ᠋ᠦ᠍ ᠭᠢᠯᠠᠯᠵᠠᠨ ᠦᠵᠡᠭᠳᠡᠵᠦ ᠪᠠᠢᠪᠠ᠃ 
       ᠳᠠᠸᠠ ᠬᠦᠩ ᠶᠡᠬᠡ ᠪᠠᠶᠠᠷᠲᠠᠢ ᠪᠠᠢᠵᠤ᠂ ᠪᠢᠳᠡᠨ ᠦ᠌ ᠠᠶᠠᠯᠠᠯ ᠤ᠋ᠨ ᠲᠤᠬᠠᠢ ᠪᠣᠯᠤᠨ ᠥᠨᠥᠳᠥᠷ ᠦ᠋ᠨ ᠥᠩᠭᠡᠷᠡᠯᠲᠡ ᠪᠡᠨ ᠶᠠᠷᠢᠬᠤ ᠵᠠᠭᠤᠷ᠎ᠠ ᠪᠠᠨ ᠢᠨᠢᠶᠡᠳᠦᠮ ᠱᠣᠭ ᠭᠠᠷᠭᠠᠨ ᠬᠠᠳᠠᠭᠠᠨᠠᠨ ᠢᠨᠢᠶᠡᠵᠦ ᠪᠠᠢᠪᠠ᠃ 
       — ᠪᠢᠳᠡᠨ ᠢ᠋ ᠤᠯᠤᠰ ᠲᠥᠷᠥ ᠶ᠋ᠢᠨ ᠲᠤᠬᠠᠢ ᠶᠠᠷᠢᠬᠤ ᠪᠣᠯᠤᠭᠰᠠᠭᠠᠷ ᠲᠠ ᠬᠦᠷᠦᠭᠡᠳ ᠯᠡ ᠢᠷᠡᠳᠡᠭ ᠰᠠᠨ᠃ ᠪᠢ ᠲᠠᠨ ᠤ᠋ ᠰᠡᠭᠦᠯᠴᠢ ᠶ᠋ᠢᠨ ᠤᠳᠠᠭᠠᠨ ᠤ᠋ ᠵᠣᠴᠢᠯᠠᠨ ᠢᠷᠡᠭᠰᠡᠨ ᠢ᠋ ᠰᠠᠨᠠᠵᠤ ᠪᠠᠢᠨ᠎ᠠ᠂ ᠲᠠ ᠲᠡᠷᠡ ᠤᠳᠠᠭ᠎ᠠ ᠨᠠᠳᠠ ᠳ᠋ᠤ᠌ ᠨᠢᠭᠡ ᠬᠠᠢᠷᠴᠠᠭ ᠭᠠᠳᠠᠭᠠᠳᠤ ᠶ᠋ᠢᠨ ᠰᠠᠢᠨ ᠲᠠᠮᠠᠬᠢ ᠥᠭᠭᠦᠭᠰᠡᠨ ᠶᠦᠮ ᠳᠡ ᠭᠡᠬᠦ ᠳ᠋ᠦ᠍ᠨᠢ ᠪᠢ ᠪᠣᠭᠴᠣ ᠪᠠᠨ ᠠᠭᠤᠳᠠᠯᠤᠨ ᠵᠠᠳᠠᠯᠤᠭᠰᠠᠨ ᠬᠠᠢᠷᠴᠠᠭ ᠲᠠᠢ ᠲᠠᠮᠠᠬᠢ ᠪᠠᠨ ᠪᠠᠷᠢᠯ᠎ᠠ᠃ ᠲᠡᠷᠡ ᠤᠯᠠᠮᠵᠢᠯᠠᠯᠲᠤ ᠵᠠᠩ ᠢ᠋ᠶ᠋ᠠᠷ ᠢ᠋ᠶ᠋ᠠᠨ ᠭᠤᠷᠪᠠ ᠤᠳᠠᠭ᠎ᠠ ᠲᠠᠲᠠᠭᠠᠯᠵᠠᠭᠰᠠᠨ ᠢ᠋ᠶ᠋ᠠᠨ ᠠᠪᠴᠤ᠂ ᠨᠢᠭᠡ ᠶ᠋ᠢ ᠨᠣᠴᠣᠭᠠᠭᠠᠳ ᠲᠠᠪᠠᠲᠠᠢᠬᠠᠨ ᠰᠤᠷᠤᠭᠰᠠᠨ ᠢ᠋ᠶ᠋ᠠᠨ ᠨᠠᠨᠵᠢᠩ ᠤ᠋ᠨ ᠵᠠᠰᠠᠭ ᠤ᠋ᠨ ᠣᠷᠳᠣᠨ ᠤ᠋ ᠵᠤᠳ ᠤ᠋ᠨ ᠲᠤᠰᠠᠯᠠᠮᠵᠢ ᠶ᠋ᠢᠨ ᠲᠤᠬᠠᠢ ᠶᠠᠷᠢᠯ᠎ᠠ᠃
       ᠳᠥᠷᠪᠡᠳ ᠬᠣᠰᠢᠭᠤ ᠬᠣᠶᠠᠷ ᠲᠦᠮᠡᠨ ᠲᠥᠭᠥᠷᠢᠭ ᠢ᠋ ᠵᠤᠳ ᠲᠤ᠌ ᠮᠠᠯ ᠰᠦᠷᠦᠭ ᠢ᠋ᠶ᠋ᠡᠨ ᠠᠯᠳᠠᠭᠰᠠᠨ ᠶᠠᠳᠠᠭᠤ ᠵᠦᠳᠡᠭᠦᠦ ᠬᠥᠮᠦᠰ ᠲᠦ᠍ ᠲᠤᠰᠠᠯᠠᠬᠤ ᠪᠠᠷ ᠣᠯᠵᠠᠢ᠃ ᠲᠤᠰᠠᠯᠠᠮᠵᠢ ᠶ᠋ᠢᠨ ᠮᠥᠩᠭᠥ ᠨᠢ ᠬᠦᠷᠴᠦ ᠢᠷᠡᠭᠰᠡᠨ ᠦ᠌ ᠬᠣᠢᠨ᠎ᠠ ᠳᠥᠷᠪᠡᠳ ᠸᠠᠩ ᠬᠤᠰᠢᠭᠤᠨ ᠤ᠋ ᠲᠦᠰᠢᠮᠡᠳ ᠠᠯᠪᠠᠲᠠᠨ ᠢ᠋ ᠴᠤᠭᠯᠠᠭᠤᠯᠤᠨ᠂ ᠡᠨᠡ ᠮᠥᠩᠭᠥ ᠶ᠋ᠢ ᠬᠡᠷᠬᠢᠨ ᠬᠤᠪᠢᠶᠠᠷᠢᠯᠠᠬᠤ ᠶ᠋ᠢ ᠵᠥᠪᠳᠡᠯᠴᠡᠪᠡ᠃ 
       — ᠬᠡᠨ ᠲᠡᠭᠡᠭᠡᠳ ᠡᠨᠡ ᠮᠥᠩᠭᠥ ᠡᠴᠡ ᠬᠠᠮᠤᠭ ᠤ᠋ᠨ ᠶᠡᠬᠡ ᠬᠤᠪᠢᠶᠠᠨ ᠣᠯᠤᠭᠰᠠᠨ ᠢ᠋ ᠲᠠ ᠮᠡᠳᠡᠨ᠎ᠡ ᠤᠤ? ᠶᠠᠳᠠᠭᠤ ᠵᠦᠳᠡᠭᠦᠦ ᠮᠠᠯᠴᠢᠨ ᠠᠷᠠᠳ ᠪᠢᠰᠢ᠂ ᠬᠠᠷᠢᠨ ᠪᠠᠶᠠᠯᠢᠭ ᠠᠮᠢᠳᠤᠷᠠᠯ ᠲᠠᠢ ᠨᠣᠶᠠᠳ ᠲᠦᠰᠢᠮᠡᠳ ᠰᠢᠦ! ᠸᠠᠩ ᠥᠪᠡᠰᠦᠪᠡᠨ ᠮᠢᠩᠭᠠᠨ ᠲᠥᠭᠥᠷᠢᠭ ᠬᠤᠪᠢᠲᠠᠨ ᠣᠯᠵᠤ᠂ ᠨᠠᠳᠠ ᠪᠣᠯᠤᠨ ᠨᠥᠭᠦᠭᠡ ᠲᠤᠰᠠᠯᠠᠭᠴᠢ ᠳ᠋ᠤ᠌ ᠳᠥᠷᠪᠡ ᠳᠥᠷᠪᠡᠨ ᠵᠠᠭᠤ ᠥᠭᠬᠦ ᠪᠡᠷ᠂ ᠠᠬᠢᠭᠠᠳ ᠳᠣᠷᠣᠭᠰᠢ ᠪᠠᠨ ᠤᠯᠠᠮ ᠪᠠᠭᠠᠰᠤᠭᠰᠠᠭᠠᠷ ᠢᠷᠭᠡᠳ ᠦ᠋ᠨ ᠲᠣᠯᠣᠭᠠᠢ ᠳ᠋ᠤ᠌ ᠢᠷᠡᠬᠦ ᠳ᠋ᠦ᠍ ᠬᠣᠶᠠᠷ ᠲᠥᠭᠥᠷᠢᠭ ᠴᠦ᠍ ᠬᠦᠷᠬᠦ ᠦᠭᠡᠢ ᠪᠣᠯᠪᠠ ᠭᠡᠵᠦ ᠬᠡᠯᠡᠭᠡᠳ ᠦᠯᠦ ᠲᠣᠭᠣᠮᠰᠠᠷᠯᠠᠭᠰᠠᠨ ᠮᠡᠲᠦ ᠭᠡᠷ ᠦ᠋ᠨ ᠪᠤᠯᠤᠩ ᠵᠦᠭ ᠨᠤᠯᠮᠤᠭᠠᠳ᠂ ᠲᠠᠮᠠᠬᠢ ᠪᠠᠨ ᠬᠡᠳᠦ ᠤᠳᠠᠭ᠎ᠠ ᠬᠦᠴᠦᠲᠡᠢ ᠰᠣᠷᠣᠵᠤ ᠠᠪᠤᠭᠰᠠᠨ ᠢ᠋ᠶ᠋ᠠᠨ ᠵᠠᠯᠭᠠᠵᠤ᠄ 
       — ᠪᠢ ᠥᠪᠡᠷ ᠦ᠋ᠨ ᠬᠤᠪᠢ ᠪᠠᠨ ᠲᠠᠲᠠᠭᠠᠯᠵᠠᠭᠰᠠᠨ ᠪᠥᠭᠡᠳ ᠪᠦᠬᠦ ᠮᠥᠩᠭᠥ ᠶ᠋ᠢ ᠶᠠᠳᠠᠭᠤ ᠬᠦᠴᠢᠷᠳᠡᠯᠲᠡᠢ ᠠᠢᠯ ᠳ᠋ᠤ᠌ ᠬᠤᠪᠢᠶᠠᠬᠤ ᠰᠠᠨᠠᠯ ᠳᠤᠷᠠᠳ᠌ᠤᠪᠠ᠃ ᠬᠠᠷᠢᠨ ᠲᠡᠳᠡ ᠨᠠᠳᠠ ᠳ᠋ᠤ᠌ ᠣᠯᠠᠩᠬᠢ ᠨᠢ ᠠᠭᠤᠷᠯᠠᠨ ᠤᠨᠲᠤᠭᠤᠴᠠᠭᠰᠠᠨ ᠪᠣᠯᠬᠣᠷ ᠪᠢ ᠲᠡᠨᠳᠡ ᠡᠴᠡ ᠡᠭᠦᠳᠡ ᠰᠠᠪᠠᠭᠠᠳ ᠭᠠᠷᠴᠤ ᠢᠷᠡᠭᠰᠡᠨ ᠶᠦᠮ᠃ 
       ᠲᠡᠷᠡ ᠬᠣᠢᠰᠢ ᠪᠠᠨ ᠤᠬᠤᠷᠢᠨ ᠲᠦᠰᠢᠯᠭᠡ ᠲᠦᠰᠢᠵᠦ ᠰᠠᠭᠤᠭᠰᠠᠨ ᠢ᠋ᠶ᠋ᠠᠨ ᠲᠣᠭᠣᠷᠢᠨ ᠰᠣᠨᠣᠰᠤᠭᠴᠢᠳ ᠢ᠋ᠶ᠋ᠠᠨ ᠬᠠᠷᠠᠭᠠᠳ᠄ 
       — ᠲᠡᠳᠡ ᠨᠠᠳᠠ ᠤᠷᠤᠭᠤ ᠮᠥᠩᠭᠥ ᠢᠯᠡᠭᠡᠬᠦ ᠳ᠋ᠦ᠍ ᠪᠢ ᠪᠤᠴᠠᠭᠠᠭᠰᠠᠨ ᠪᠥᠭᠡᠳ ᠣᠨᠳᠣᠣ ᠲᠦᠰᠢᠮᠡᠳ ᠴᠦ᠍ ᠮᠢᠨᠦ ᠬᠣᠢᠨ᠎ᠠ ᠠ᠋ᠴᠠ ᠢᠩᠭᠢᠵᠦ ᠬᠢᠬᠦ ᠶ᠋ᠢ ᠬᠦᠰᠡᠵᠦ ᠪᠠᠢᠯ᠎ᠠ᠃ ᠭᠡᠬᠦ ᠳ᠋ᠦ᠍ ᠬᠠᠷᠠᠮᠰᠠᠯᠲᠠᠢ ᠨᠢ ᠲᠡᠳᠡ ᠬᠢᠲᠠᠳ ᠤ᠋ᠨ ᠵᠠᠩ ᠢ᠋ ᠰᠠᠢᠨ ᠰᠤᠷᠴᠢᠬᠠᠭᠰᠠᠨ ᠪᠠᠢᠵᠠᠢ᠃ ᠵᠢᠩᠬᠢᠨᠢ ᠮᠣᠩᠭᠣᠯ ᠪᠣᠯ ᠯᠠᠪ ᠡᠢᠮᠦ ᠦᠢᠯᠡ ᠦᠢᠯᠡᠳᠬᠦ ᠦᠭᠡᠢ ᠶᠦᠮ ᠭᠡᠮᠡᠨ ᠲᠣᠭᠣ ᠶᠠᠳᠠᠨ ᠬᠡᠯᠡᠯ᠎ᠡ᠃ 
       ᠪᠢ ᠰᠢᠳᠡᠷ᠎ᠡ ᠶ᠋ᠢᠨ ᠲᠡᠮᠡᠴᠡᠭᠡᠨ ᠬᠡᠷᠬᠢᠨ ᠲᠡᠭᠦᠰᠬᠦ ᠶ᠋ᠢ ᠦᠵᠡᠬᠦ ᠶ᠋ᠢ ᠶᠡᠬᠡ ᠬᠦᠰᠡᠵᠦ ᠪᠠᠢᠭᠰᠠᠨ ᠪᠢᠯᠡ᠃ ᠪᠢᠳᠡᠨ ᠦ᠌ ᠰᠢᠲᠠᠷ᠎ᠠ ᠲᠠᠢ ᠠᠳᠠᠯᠢᠳᠬᠠᠪᠠᠯ ᠶᠡᠬᠡ ᠥᠭᠡᠷ᠎ᠡ ᠪᠠᠢᠯ᠎ᠠ᠃ ᠬᠠᠭᠠᠨ ᠤ᠋ ᠣᠷᠣᠨ ᠳᠡᠭᠡᠷ᠎ᠡ ᠥᠨᠳᠥᠷ ᠰᠠᠨᠳᠠᠯᠢ ᠳᠡᠭᠡᠷ᠎ᠡ ᠲᠥᠪ ᠴᠢᠩᠭ᠎ᠠ ᠮᠥᠷᠲᠡᠭᠡᠨ ᠨᠠᠮᠪᠠᠭ᠎ᠠ ᠲᠠᠢ ᠰᠠᠭᠤᠭᠰᠠᠨ ᠮᠣᠩᠭᠣᠯ ᠸᠠᠩ ᠪᠠᠢᠵᠤ᠂ ᠬᠠᠲᠤᠨ ᠤ᠋ ᠣᠷᠣᠨ ᠳ᠋ᠤ᠌ ᠨᠢᠭᠡ ᠲᠠᠯ᠎ᠠ ᠳ᠋ᠤᠨᠢ ᠠᠷᠰᠯᠠᠨ᠂ ᠨᠥᠭᠦᠭᠡ ᠡᠲᠡᠭᠡᠳ ᠦ᠋ᠨ ᠬᠢᠨᠢ ᠲᠡᠨᠳᠡ ᠪᠠᠷᠰ ᠪᠠᠢᠪᠠ᠃ ᠬᠣᠶᠠᠷ ᠲᠠᠯ᠎ᠠ ᠶ᠋ᠢ ᠤᠯᠠᠭᠠᠨ ᠨᠣᠭᠣᠭᠠᠨ ᠬᠣᠶᠠᠷ ᠥᠩᠭᠡ ᠪᠡᠷ ᠪᠣᠳᠣᠵᠤ ᠢᠯᠭᠠᠭᠠᠳ ᠵᠠᠭᠠᠨ ᠤ᠋ ᠣᠷᠣᠨ ᠳ᠋ᠤ᠌ ᠲᠡᠮᠡᠭᠡ ᠪᠠᠢᠪᠠ᠃ ᠮᠣᠷᠢ ᠬᠡᠯᠡᠯᠭᠡᠨ ᠦᠭᠡᠢ ᠳᠤᠲᠠᠭᠳᠠᠵᠤ ᠪᠣᠯᠣᠰᠢ ᠦᠭᠡᠢ ᠯᠡ ᠳᠡ᠃ ᠬᠠᠮᠤᠭ ᠤ᠋ᠨ ᠥᠨᠴᠥᠭ ᠲᠦ᠍ ᠨᠢ ᠬᠠᠩᠭᠠᠢ ᠬᠡᠮᠡᠬᠦ ᠨᠡᠷ᠎ᠡ ᠲᠡᠢ ᠬᠣᠶᠠᠷ ᠬᠦᠷᠳᠦ ᠲᠡᠢ ᠪᠡᠭᠡᠵᠢᠩ ᠲᠡᠷᠭᠡ ᠪᠠᠢᠪᠠ᠃ ᠡᠳᠡᠭᠡᠷ ᠢ᠋ ᠣᠢᠷ᠎ᠠ ᠣᠷᠴᠢᠮ ᠳ᠋ᠠᠭᠠᠨ ᠪᠠᠢᠭ᠎ᠠ ᠠᠮᠢᠲᠠᠨ ᠪᠣᠳᠠᠰ ᠢ ᠦᠨᠳᠦᠰᠦᠯᠡᠨ ᠤᠷᠠᠨ ᠮᠡᠷᠭᠡᠵᠢᠯ ᠲᠡᠢ ᠮᠣᠩᠭᠣᠯ ᠰᠡᠢᠯᠪᠦᠷᠢᠴᠢᠨ ᠦᠬᠡᠷ ᠪᠤᠶᠤ ᠢᠮᠠᠭᠠᠨ ᠤ᠋ ᠡᠪᠡᠷ ᠢ᠋ᠶ᠋ᠡᠷ ᠰᠡᠢᠯᠵᠦ ᠬᠢᠵᠡᠢ᠃ ᠮᠣᠩᠭᠣᠯ ᠨᠤᠲᠤᠭ ᠲᠤ᠌ ᠲᠠᠷᠢᠶᠠᠴᠢᠨ ᠪᠠᠢᠳᠠᠭ ᠦᠭᠡᠢ ᠲᠤᠯᠠ ᠡᠭᠦᠨ ᠦ᠌ ᠣᠷᠣᠨ ᠳ᠋ᠤ᠌ ᠨᠣᠭᠣᠭᠠᠨ ᠥᠩᠭᠡ ᠶ᠋ᠢᠨ ᠬᠢᠨ ᠦ᠌ ᠲᠠᠯ᠎ᠠ ᠳ᠋ᠤ᠌ ᠪᠥᠬᠡᠴᠢᠳ ᠪᠠᠢᠵᠤ᠂ ᠤᠯᠠᠭᠠᠨ ᠥᠩᠭᠡ ᠶ᠋ᠢᠨ ᠬᠢᠨ ᠦ᠌ ᠲᠠᠯ᠎ᠠ ᠳ᠋ᠤ᠌ ᠳᠠᠪᠬᠢᠭᠤᠯᠵᠤ ᠪᠠᠢᠭ᠎ᠠ ᠮᠣᠷᠢᠲᠠᠳ ᠪᠠᠢᠯ᠎ᠠ᠃ 
       ᠳᠠᠸᠠ ᠬᠦᠩ ᠮᠢᠨᠦ ᠰᠠᠨᠠᠭᠤᠯᠭ᠎ᠠ ᠶ᠋ᠢ ᠳᠣᠣᠷ᠎ᠠ ᠪᠠᠨ ᠵᠥᠪᠰᠢᠶᠡᠷᠡᠵᠦ᠂ ᠰᠢᠲᠠᠷ᠎ᠠ ᠶ᠋ᠢᠨ ᠬᠥᠯᠭᠡ ᠪᠡᠨ ᠠᠪᠴᠢᠷᠠᠨ ᠰᠢᠷᠡᠭᠡᠨ ᠳᠡᠭᠡᠷ᠎ᠡ ᠲᠠᠯᠪᠢᠭᠠᠳ ᠯᠠ ᠪᠠᠨ ᠣᠢᠷᠠᠲᠤᠭᠤᠯᠤᠨ ᠬᠥᠯᠭᠡ ᠪᠡᠨ ᠬᠠᠷᠠᠯ᠎ᠠ᠃ ᠤᠯᠠᠭᠠᠨ ᠨᠢ ᠲᠡᠭᠦᠨ ᠦ᠌ ᠬᠢ ᠪᠠᠢᠵᠤ᠂ ᠨᠣᠭᠣᠭᠠᠨ ᠨᠢ ᠯᠠᠮᠠ ᠶ᠋ᠢᠨ ᠲᠠᠯ᠎ᠠ ᠠᠵᠢ᠃ 
       — ᠴᠢᠨᠦ ᠬᠠᠭᠤᠴᠢᠨ ᠪᠡᠭᠡᠵᠢᠩ ᠲᠡᠷᠭᠡ ᠴᠢᠨᠢ ᠨᠠᠳᠠ ᠠ᠋ᠴᠠ ᠬᠣᠯᠠ ᠪᠠᠢᠨ᠎ᠠ ᠳᠠ ᠭᠡᠳ ᠳᠠᠸᠠ ᠬᠦᠩ ᠤᠯᠠᠭᠠᠨ ᠮᠣᠷᠢᠲᠠᠨ ᠢ᠋ᠶ᠋ᠠᠨ ᠡᠮᠦᠨᠡᠰᠢ ᠪᠡᠨ ᠲᠦᠯᠬᠢᠭᠡᠳ ᠵᠠᠯᠭᠠᠵᠤ᠄ 
       — ᠲᠡᠷᠭᠡᠨ ᠳᠣᠲᠣᠷ᠎ᠠ ᠪᠠᠨ ᠨᠢᠭᠡ ᠬᠢᠲᠠᠳ ᠪᠤᠶᠤ ᠡᠰᠡᠪᠡᠯ ᠨᠢᠭᠡ ᠶᠠᠫᠣᠨ ᠨᠢᠭᠤᠵᠤ ᠪᠠᠢᠭ᠎ᠠ ᠶᠤᠮ ᠤᠤ? ᠲᠡᠷᠭᠡᠨ ᠳᠣᠲᠣᠷᠠᠬᠢ ᠰᠠᠭᠤᠳᠠᠯ ᠨᠢ ᠮᠣᠩᠭᠣᠯ ᠡᠮᠡᠭᠡᠯ ᠢ᠋ ᠪᠤᠳᠣᠪᠠ᠊ᠯ ᠴᠤ᠌ ᠶᠣᠰᠣᠲᠠᠢ ᠵᠥᠭᠡᠯᠡᠨ ᠰᠢᠦ ᠳᠡ ᠭᠡᠯ᠎ᠡ᠃ 
       ᠯᠠᠮᠠ ᠬᠥᠯᠭᠡ ᠶ᠋ᠢ ᠰᠢᠷᠲᠡᠨ ᠨᠡᠯᠢᠶᠡᠳ ᠤᠳᠠᠭᠠᠨ ᠪᠣᠳᠣᠯᠬᠢᠯᠠᠭᠰᠠᠨ ᠢ᠋ᠶ᠋ᠠᠨ ᠪᠣᠷᠣ ᠲᠡᠮᠡᠭᠡ ᠪᠡᠨ ᠠᠪᠴᠤ ᠵᠢᠰᠢᠭᠦᠦ ᠪᠡᠷ ᠳᠥᠷᠪᠡᠨ ᠳᠥᠷᠪᠡᠯᠵᠢᠨ ᠰᠢᠯᠵᠢᠭᠦᠯᠬᠦ ᠳ᠋ᠡᠭᠡᠨ ᠠᠷᠰᠯᠠᠨ ᠤ᠋ ᠠᠶᠤᠯ ᠪᠠᠢᠭ᠎ᠠ ᠶ᠋ᠢ ᠰᠡᠷᠡᠭᠰᠡᠨ ᠦᠭᠡᠢ᠃ ᠳᠠᠸᠠ ᠬᠦᠩ ᠳᠠᠭᠠᠷᠢᠯᠲᠠ ᠬᠢᠵᠦ ᠡᠬᠢᠯᠡᠭᠡᠳ᠄ 
       — ᠬᠠᠷᠠᠭᠠᠴᠢ ᠳᠠ ! ᠲᠠᠨ ᠤ᠋ ᠳ᠋ᠢᠯᠦ᠎ᠠ ᠬᠤᠲᠤᠭᠲᠤ ᠶᠠᠭᠠᠬᠢᠵᠤ ᠠᠳᠠ ᠠ᠋ᠴᠠ ᠦᠰᠦᠷᠦᠭᠰᠡᠨ ᠴᠦ᠍ ᠮᠢᠨᠦ ᠳᠠᠷᠠᠭᠠᠴᠢ ᠶ᠋ᠢᠨ ᠶᠠᠪᠤᠳᠠᠯ ᠳ᠋ᠤ᠌ ᠲᠡᠮᠳᠦᠭᠲᠦᠩᠷᠣᠪ ᠨᠣᠶᠠᠨ ᠴᠢᠨᠢ ᠠᠮᠤᠷ ᠰᠠᠭᠤᠯᠭᠠᠬᠤ ᠦᠭᠡᠢ ᠳᠡ᠃ ᠵᠠ ᠲᠡᠭᠡᠭᠡᠳ ᠲᠡᠷᠡ ᠪᠠᠭ᠎ᠠ ᠪᠥᠬᠡᠴᠢᠨ ᠢ᠋ᠶ᠋ᠡᠨ ᠬᠠᠪᠰᠤᠷᠤᠭᠤᠯᠬᠤ ᠪᠠᠷ ᠳᠠᠭᠤᠳᠠᠵᠤ ᠪᠠᠢᠭ᠎ᠠ ᠶ᠋ᠢ ᠨᠢ ᠬᠠᠷᠠ ᠳᠠ᠃ ᠵᠡᠭᠦᠨ ᠡᠴᠡ ᠢᠷᠡᠭᠰᠡᠨ ᠲᠤᠰᠠᠯᠠᠮᠵᠢ ᠴᠢᠮ᠎ᠠ ᠳ᠋ᠤ᠌ ᠶᠡᠬᠡ ᠲᠤᠰᠠ ᠪᠣᠯᠵᠤ ᠳᠡᠢᠯᠬᠦ ᠦᠭᠡᠢ ᠨᠢ ᠠ᠋᠂ ᠮᠢᠨᠦ ᠮᠣᠷᠢ ᠬᠤᠷᠳᠤᠨ ᠰᠢᠦ᠃ ᠬᠠᠷᠢᠨ ᠳᠡᠢᠯᠪᠡᠯ ᠦᠯᠡᠳᠡᠭᠰᠡᠨ ᠮᠣᠷᠢ ᠪᠠᠨ ᠬᠠᠮᠠᠭᠠᠯᠠᠬᠤ ᠪᠠᠨ ᠪᠣᠳᠣᠭᠠᠷᠠᠢ ! ᠭᠡᠮᠡᠨ ᠱᠣᠭᠯᠠᠨ ᠬᠡᠯᠡᠯ᠎ᠡ᠃ 
       ᠭᠡᠬᠦ ᠳ᠋ᠦ᠍ ᠶᠠᠭᠤᠮ᠎ᠠ ᠭᠡᠬᠦ  ᠪᠦᠬᠦᠨ ᠣᠷᠣᠢᠲᠠᠵᠤ᠂ ᠴᠠᠭᠠᠨ ᠪᠣᠲᠣᠭᠣ ᠲᠠᠢ ᠲᠡᠮᠡᠭᠡ ᠬᠠᠵᠠᠭᠤ ᠲᠠᠯ᠎ᠠ ᠳ᠋ᠤ᠌ ᠰᠢᠬᠠᠭᠳᠠᠨ᠂ ᠬᠤᠷᠳᠤᠨ ᠭᠡᠭᠴᠢ ᠬᠣᠢᠰᠢ ᠪᠠᠨ ᠤᠬᠤᠷᠢᠪᠠ᠃ 
       — ᠵᠠ ᠲᠡᠭᠡᠭᠡᠳ ᠬᠣᠶᠠᠳᠠᠬᠢ ᠲᠡᠷᠭᠡ ᠪᠡᠨ ᠡᠯᠡᠰᠦ ᠳᠠᠪᠠᠭᠤᠯᠵᠤ ᠢᠷᠡᠯ᠎ᠡ᠃ ᠲᠡᠢᠮᠦ ᠪᠠᠭ᠎ᠠ ᠤᠷᠤᠭᠰᠢᠯᠠᠳᠠᠭ ᠶᠤᠮ ᠤᠤ? ᠮᠥᠩᠭᠥᠨ ᠲᠥᠭᠥᠷᠢᠭ ᠠᠴᠢᠶᠠᠯᠠᠭᠠᠳ ᠶᠠᠪᠤᠵᠤ ᠳᠡᠢᠯᠬᠦ ᠦᠭᠡᠢ ᠪᠠᠢᠭ᠎ᠠ ᠴᠤ᠌ ᠶᠤᠮ ᠤᠤ? ᠭᠡᠵᠦ ᠳᠠᠸᠠ ᠬᠦᠩ ᠱᠣᠣᠯᠠᠨ ᠬᠡᠯᠡᠭᠰᠡᠭᠡᠷ ᠪᠠᠢᠪᠠ᠃ 
       ᠯᠠᠮᠠ ᠣᠳᠣ ᠳ᠋ᠤ᠌ ᠬᠦᠷᠲᠡᠯ᠎ᠡ ᠦᠭᠡ ᠳᠠᠭᠤ ᠦᠭᠡᠢ ᠰᠢᠲᠠᠷ᠎ᠠ ᠪᠠᠨ ᠶᠠᠪᠤᠭᠤᠯᠤᠭᠰᠠᠭᠠᠷ ᠪᠠᠢᠪᠠ ᠃ ᠲᠡᠷᠡ ᠳᠣᠲᠣᠷ᠎ᠠ ᠪᠠᠨ ᠲᠣᠭᠠᠲᠠᠢ ᠮᠡᠲᠦ ᠲᠣᠪ ᠳᠤᠭᠤᠢ ᠰᠢᠷ᠎ᠠ ᠮᠠᠯᠠᠭᠠᠢ ᠪᠠᠨ ᠬᠠᠵᠠᠭᠤ ᠲᠠᠢᠰᠢ ᠪᠠᠨ ᠬᠡᠯᠪᠡᠢᠯᠭᠡᠭᠰᠡᠨ ᠢ᠋ᠶ᠋ᠡᠨ ᠬᠦᠯᠢᠶᠡᠵᠦ ᠪᠠᠢᠪᠠ ᠃ ᠭᠡᠨᠡᠳᠲᠡ ᠯᠠᠮᠠ ᠠᠪᠤᠭᠠᠢ ᠮᠣᠷᠢ ᠪᠠᠨ ᠡᠮᠦᠨᠡᠰᠢᠯᠡᠭᠦᠯᠵᠦ 《ᠱᠠᠳ !》ᠬᠡᠮᠡᠭᠡᠳ: 
       — ᠵᠠ ᠣᠳᠣ ᠴᠢ ᠲᠠᠨ ᠤ᠋ ᠳᠥᠷᠪᠡᠳ ᠸᠠᠩ ᠢ᠋ᠶ᠋ᠠᠨ ᠠᠶᠤᠯ ᠦᠭᠡᠢ ᠭᠠᠵᠠᠷ ᠲᠤ᠌ ᠰᠢᠯᠵᠢᠭᠦᠯᠬᠦ ᠯᠡ ᠬᠡᠷᠡᠭᠲᠡᠢ ᠪᠣᠯᠤᠯ᠎ᠠ᠂ ᠲᠡᠭᠡᠭᠡᠳ ᠪᠡᠷᠰᠡ ᠪᠡᠨ ᠴᠦ᠍ ᠨᠠᠳᠠ ᠡᠷᠭᠦᠬᠦ ᠪᠣᠯᠤᠨ᠎ᠠ ᠭᠡᠵᠦ ᠬᠡᠯᠡᠯ᠎ᠡ᠃ 
       — ᠴᠢᠨᠦ ᠮᠠᠭᠤ ᠮᠢᠷᠢᠶᠠᠳᠠᠭ ᠶᠠᠫᠣᠨ ᠴᠢᠨᠢ ᠬᠡᠳᠦᠢᠨ ᠥᠨᠴᠥᠭ ᠪᠦᠬᠦᠨ ᠳ᠋ᠦ᠍ ᠢᠷᠡᠭᠡᠳ ᠪᠠᠢᠭᠰᠠᠨ ᠪᠠᠢᠨ᠎ᠠ ᠬᠦ ᠂ ᠲᠡᠭᠡᠭᠡᠳ ᠪᠠᠰᠠ ᠮᠥᠩᠭᠥᠨ ᠦ᠌ ᠲᠡᠷᠭᠡ ᠴᠢᠨᠢ ᠮᠢᠨᠦ ᠵᠠᠮ ᠢ᠋ ᠬᠠᠭᠠᠭᠠᠳ ᠪᠠᠢᠨ᠎ᠠ ᠭᠡᠵᠦ ᠳᠠᠸᠠ ᠬᠦᠩ ᠠᠭᠤᠷᠯᠠᠨ ᠶᠠᠷᠢᠪᠠ᠃ 
       ᠲᠡᠷᠡ ᠸᠠᠩ ᠢ᠋ᠶ᠋ᠠᠨ ᠬᠣᠢᠰᠢ ᠪᠠᠨ ᠤᠬᠤᠷᠢᠭᠤᠯᠵᠤ᠂ ᠥᠪᠡᠷ ᠦ᠋ᠨ ᠢ᠋ᠶ᠋ᠡᠨ ᠪᠡᠷᠰᠡ ᠶ᠋ᠢᠨ ᠢᠳᠡᠭᠳᠡᠬᠦ ᠶ᠋ᠢ ᠨᠢ ᠬᠠᠷᠠᠵᠤ ᠰᠠᠭᠤᠪᠠ᠃ ᠪᠠᠢᠳᠠᠯ ᠨᠢᠭᠡᠨᠲᠡ ᠮᠠᠭᠤᠳᠠᠵᠤ᠂ ᠯᠠᠮᠠ ᠶ᠋ᠢᠨ ᠲᠠᠯ᠎ᠠ ᠶ᠋ᠢᠨ ᠬᠢᠨ ᠦ᠌ ᠪᠦᠬᠦ ᠴᠡᠷᠢᠭ ᠮᠣᠷᠢ ᠬᠥᠳᠡᠯᠦᠯᠴᠡᠨ ᠲᠡᠭᠦᠨ ᠦ᠌ ᠸᠠᠩ ᠢ᠋ ᠪᠦᠰᠡᠯᠡᠨ ᠳᠠᠭᠠᠷᠢᠭᠰᠠᠭᠠᠷ ᠪᠠᠢᠪᠠ᠃ 
       — ᠨᠠᠳᠠ ᠳ᠋ᠤ᠌ ᠪᠠᠰᠠ ᠳᠥᠷᠪᠡᠨ ᠮᠣᠷᠢᠲᠠᠨ ᠪᠠᠢᠭᠰᠠᠭᠠᠷ᠂ ᠲᠡᠭᠦᠨ ᠢ᠋ᠶ᠋ᠡᠷ ᠯᠡ ᠴᠢᠨᠦ ᠲᠣᠭᠣᠷᠢᠵᠤ ᠢᠷᠡᠭᠰᠡᠨ ᠮᠢᠷᠢᠶᠡᠮᠡᠯ ᠠᠮᠢᠲᠠᠳ ᠢ᠋ ᠠᠬᠤᠢᠯᠨ᠎ᠠ ᠳᠠ ᠭᠡᠵᠦ ᠳᠠᠸᠠ ᠬᠦᠩ ᠪᠣᠳᠣᠯᠭᠠᠰᠢᠷᠠᠨ ᠶᠠᠷᠢᠯ᠎ᠠ᠃ 
       ᠳᠠᠸᠠ ᠬᠦᠩ ᠢ᠋ ᠨᠢᠭᠡ ᠮᠣᠷᠢᠲᠠᠨ ᠢ᠋ᠶ᠋ᠠᠨ ᠬᠥᠳᠡᠯᠭᠡᠭᠰᠡᠨ ᠦ᠌ ᠳᠠᠷᠠᠭ᠎ᠠ ᠯᠠᠮᠠ ᠥᠪᠡᠷᠦᠨ ᠬᠠᠩᠭᠠᠢ ᠪᠠᠨ ᠬᠥᠳᠡᠯᠭᠡᠬᠦ ᠳ᠋ᠦ᠍ ᠳᠠᠸᠠ ᠬᠦᠩ ᠳᠣᠣᠷ᠎ᠠ ᠪᠠᠨ ᠥᠪᠡᠷ ᠦ᠋ᠨ ᠸᠠᠩ ᠳ᠋ᠤ᠌ ᠬᠦᠷᠴᠦ ᠢᠷᠡᠭᠰᠡᠨ ᠠᠶᠤᠯ ᠲᠦᠭᠰᠢᠭᠦᠷᠢ ᠶ᠋ᠢ ᠣᠯᠵᠤ ᠮᠡᠳᠡᠭᠡᠳ ᠰᠠᠨᠳᠤᠷᠤᠨ ᠯᠠᠮᠠ ᠶ᠋ᠢᠨ ᠭᠠᠷ ᠢ᠋ ᠲᠦᠯᠬᠢᠨ ᠵᠠᠢᠯᠠᠭᠤᠯᠵᠤ ᠂ ᠰᠢᠯᠵᠢᠭᠦᠯᠦᠭᠰᠡᠨ ᠮᠣᠷᠢᠲᠠᠨ ᠢ᠋ᠶ᠋ᠠᠨ ᠥᠭᠡᠷ᠎ᠡ ᠭᠠᠵᠠᠷ ᠲᠤ᠌ ᠰᠢᠯᠵᠢᠭᠦᠯᠦᠨ ᠲᠠᠯᠪᠢᠪᠠ᠃ 
       — ᠪᠤᠴᠠᠭᠤᠯᠵᠤ ᠲᠠᠯᠪᠢᠯ᠎ᠠ ᠳᠠ ᠭᠡᠵᠦ ᠯᠠᠮᠠ ᠬᠠᠳᠠᠭᠠᠨᠠᠨ ᠢᠨᠢᠶᠡᠭᠰᠡᠭᠡᠷ ᠲᠤᠰᠠᠯᠠᠭᠴᠢ ᠠᠪᠤᠭᠠᠢ ᠴᠤ᠌ ᠬᠣᠨᠵᠢᠭᠳᠠᠯ᠎ᠠ ᠪᠣᠯᠤᠯᠲᠠᠢ᠂ ᠮᠢᠨᠦ ᠬᠠᠩᠭᠠᠢ ᠲᠠᠢᠪᠤᠩ ᠯᠠ ᠪᠠᠢᠨ ᠭᠡᠮᠡᠨ ᠳᠣᠭᠣᠭᠢᠯᠠᠨ ᠬᠡᠯᠡᠯ᠎ᠡ᠃ 
       — ᠶᠠᠫᠣᠨ ᠤ᠋ ᠰᠠᠶᠠᠲᠠᠨ ᠴᠢᠨᠢ ᠮᠥᠩᠭᠥ ᠪᠡᠷ ᠢ᠋ᠶ᠋ᠡᠨ ᠪᠦᠬᠦ ᠶᠠᠭᠤᠮ᠎ᠠ ᠶ᠋ᠢ ᠪᠣᠯᠭᠠᠨ᠎ᠠ ᠭᠡᠵᠦ ᠪᠣᠳᠣᠵᠤ ᠪᠠᠢᠨ᠎ᠠ ᠤᠤ?  ᠭᠡᠵᠦ ᠳᠠᠸᠠ ᠬᠦᠩ ᠬᠠᠷᠢᠭᠤᠯᠬᠤ ᠳ᠋ᠤ᠌ ᠯᠠᠮᠠ: 
       — ᠮᠣᠷᠢ ᠪᠠᠨ ᠬᠡᠳᠦᠢᠪᠡᠷ ᠠᠯᠳᠠᠭᠰᠠᠨ ᠪᠣᠯᠪᠠᠴᠤ ᠲᠡᠮᠡᠭᠡ ᠮᠢᠨᠢ ᠪᠠᠰᠠ ᠬᠤᠷᠳᠤᠨ ᠭᠦᠶᠦᠭᠰᠡᠭᠡᠷ ᠪᠠᠢᠨ᠎ᠠ᠃ ᠣᠳᠣ ᠭᠤᠷᠪᠠᠨ ᠠᠯᠬᠤᠮ ᠳ᠋ᠤ᠌  ᠴᠢᠮᠠᠶ᠋ᠢ ᠰᠢᠢᠳᠪᠦᠷᠢᠯᠡᠴᠢᠬᠡᠨ᠎ᠡ ᠭᠡᠯ᠎ᠡ᠃ 
       ᠰᠢᠳᠡᠷ᠎ᠡ ᠶ᠋ᠢᠨ ᠲᠡᠮᠡᠴᠡᠭᠡᠨ ᠨᠢᠭᠡᠨᠲᠡ ᠰᠡᠭᠦᠯ ᠬᠤᠷᠢᠶᠠᠵᠤ᠂ ᠳᠠᠸᠠ ᠬᠦᠩ ᠦᠯᠡᠳᠡᠭᠰᠡᠨ ᠬᠡᠳᠦᠨ ᠴᠡᠷᠢᠭ ᠮᠣᠷᠢ ᠪᠠᠨ ᠡᠮᠦᠨᠡᠰᠢ ᠪᠡᠨ ᠲᠦᠯᠬᠢᠭᠡᠳ ᠳᠤᠷ᠎ᠠ ᠠᠯᠳᠠᠷᠠᠭᠰᠠᠨ ᠮᠠᠶᠢᠭᠲᠠᠢ ᠪᠠᠷ: 
       — ᠵᠠ᠂ ᠡᠢᠮᠦ ᠯᠡ ᠪᠠᠢᠨ᠎ᠠ᠃ ᠰᠥᠨᠢᠳ ᠸᠠᠩ ᠪᠣᠯᠤᠨ ᠳ᠋ᠢᠯᠸ᠎ᠡ ᠬᠤᠲᠤᠭᠲᠤ ᠥᠨᠥᠳᠥᠷ ᠪᠣᠯᠲᠠᠯ᠎ᠠ ᠪᠠᠰᠠ ᠲᠡᠮᠡᠭᠡᠨ ᠳᠡᠭᠡᠷ᠎ᠡ ᠪᠡᠨ ᠪᠠᠢᠭᠰᠠᠭᠠᠷ᠂ ᠠᠯᠢ ᠨᠢᠭᠡᠨ ᠡᠳᠦᠷ ᠲᠡᠷᠡ ᠰᠢᠨ᠎ᠡ ᠨᠠᠢᠵᠠ ᠨᠢ ᠮᠥᠩᠭᠥ ᠦᠭᠡᠢ ᠪᠣᠯᠬᠤ ᠴᠠᠭ ᠲᠤ᠌ ᠶᠠᠭᠠᠬᠢᠳᠠᠭ ᠢ᠋ ᠪᠢᠳᠡ ᠬᠠᠷᠠᠵᠤ ᠯᠠ ᠪᠠᠢᠶ᠎ᠠ ᠳᠠ ᠭᠡᠪᠡ᠃ 
       ᠲᠡᠷᠡ ᠥᠪᠡᠷ ᠦ᠋ᠨ ᠬᠣᠶᠠᠷ ᠰᠠᠢᠨ ᠨᠠᠢᠵᠠ ᠰᠥᠨᠢᠳ ᠸᠠᠩ ᠪᠣᠯᠤᠨ ᠬᠤᠲᠤᠭᠲᠤ ᠨᠢ ᠶᠠᠫᠣᠨ ᠬᠥᠮᠦᠨ ᠦ᠌ ᠥᠭᠶᠥᠬᠡᠨ ᠳ᠋ᠦ᠍ ᠣᠷᠣᠭᠰᠠᠨ ᠳ᠋ᠤ᠌ ᠬᠢᠯᠢᠩᠯᠡᠵᠦ ᠪᠠᠢᠬᠤ ᠨᠢ ᠢᠯᠡᠬᠡᠨ ᠪᠠᠢᠯ᠎ᠠ᠃ 
       — ᠲᠡᠳᠡ ᠪᠢᠳᠡᠨ ᠳ᠋ᠦ᠍ ᠶᠠᠮᠠᠷ ᠲᠤᠰᠠ ᠪᠣᠯᠬᠤ ᠪᠢᠯᠡ?  ᠪᠢᠳᠡ ᠵᠥᠪᠬᠡᠨ ᠲᠡᠷᠭᠡᠨ ᠦ᠌ ᠨᠡᠮᠡᠯᠲᠡ ᠮᠣᠷᠢ ᠲᠠᠢ ᠠᠳᠠᠯᠢᠬᠠᠨ᠃ ᠪᠢᠳᠡᠨ ᠢ᠋ ᠠᠴᠢᠶ᠎ᠠ ᠲᠠᠢ ᠲᠡᠷᠭᠡ ᠪᠡᠨ ᠡᠯᠡᠰᠦᠨ ᠡᠴᠡ ᠲᠡᠳᠡᠨ ᠭᠠᠷᠭᠠᠮᠠᠭᠴᠠ ᠲᠡᠳᠡ ᠪᠢᠳᠡᠨ ᠢ᠋ ᠡᠯᠡᠰᠦ ᠪᠠᠯᠠᠷ ᠲᠠᠢ ᠨᠤᠲᠤᠭ ᠥᠭᠡᠳᠡ ᠦᠯᠳᠡᠬᠦ ᠪᠣᠯᠤᠨ᠎ᠠ᠃ ᠪᠢᠳᠡᠨ ᠳ᠋ᠦ᠍ ᠲᠤᠰᠠᠯᠠᠮᠵᠢ ᠬᠡᠷᠡᠭ ᠦᠭᠡᠢ᠂ ᠪᠢᠳᠡ ᠵᠥᠪᠬᠡᠨ ᠲᠠᠯ᠎ᠠ ᠨᠤᠲᠤᠭ ᠳᠡᠭᠡᠷ᠎ᠡ ᠪᠡᠨ ᠡᠩᠬᠡ ᠠᠮᠤᠭᠤᠯᠠᠩ ᠠᠮᠢᠳᠤᠷᠠᠬᠤ ᠶ᠋ᠢ ᠬᠦᠰᠡᠵᠦ ᠪᠠᠢᠨ᠎ᠠ᠃ ᠬᠥᠮᠦᠰ ᠪᠢᠳᠡᠨ ᠢ᠋ ᠲᠦᠢᠪᠡᠭᠡᠬᠦ ᠦᠭᠡᠢ ᠪᠠᠢᠬᠤ ᠶ᠋ᠢ ᠯᠡ ᠬᠦᠰᠡᠨ᠎ᠡ᠃ ᠪᠢᠳᠡᠨ ᠦ᠌ ᠡᠪᠦᠭᠡ ᠳᠡᠭᠡᠳᠦᠰ ᠡᠷᠲᠡ ᠦᠶ᠎ᠡ ᠳ᠋ᠦ᠍ ᠪᠦᠬᠦ ᠬᠢᠲᠠᠳ ᠢ᠋ ᠵᠠᠬᠢᠷᠴᠤ ᠪᠠᠢᠭᠰᠠᠨ ᠪᠥᠭᠡᠳ ᠪᠢᠳᠡᠨ ᠦ᠌ ᠶᠡᠬᠡᠰ ᠠᠬᠠᠮᠠᠳ ᠵᠢᠯ ᠪᠣᠯᠭᠠᠨ ᠮᠠᠨᠵᠤ ᠶ᠋ᠢᠨ ᠯᠤᠤ ᠶ᠋ᠢᠨ ᠰᠢᠷᠡᠭᠡᠨ᠎ᠡ ᠰᠠᠭᠠᠲᠠᠭᠰᠠᠨ ᠬᠠᠭᠠᠨ ᠳ᠋ᠤ᠌ ᠪᠡᠯᠡᠭ ᠰᠡᠯᠲᠡ ᠬᠦᠷᠭᠡᠳᠡᠭ ᠪᠠᠢᠭᠰᠠᠨ᠃ ᠣᠳᠣ ᠪᠣᠯᠬᠤ ᠳ᠋ᠤ᠌ ᠡᠨᠡ ᠶᠠᠪᠤᠨᠴᠤᠳ ᠬᠦᠷᠴᠦ ᠢᠷᠡᠭᠡᠳ ᠪᠢᠳᠡᠨ ᠢ ᠬᠢᠲᠠᠳ ᠲᠠᠢ ᠳᠠᠢᠲᠤᠭᠤᠯᠬᠤ ᠪᠠᠷ ᠬᠡᠯᠡᠵᠦ ᠪᠢᠰᠢᠷᠡᠭᠦᠯᠬᠦ ᠭᠡᠵᠦ ᠤᠷᠤᠯᠳᠤᠵᠤ ᠪᠠᠢᠨ᠎ᠠ᠃ 
       ᠳᠠᠸᠠ ᠬᠦᠩ ᠱᠤᠤᠬᠢᠲᠤᠨᠠᠨ ᠳᠤᠤᠭᠠᠷᠴᠤ ᠪᠠᠢᠭ᠎ᠠ ᠴᠠᠢ ᠶ᠋ᠢᠨ ᠳᠡᠪᠦᠷ᠎ᠡ ᠶ᠋ᠢᠨ ᠳᠣᠣᠷᠠᠬᠢ ᠲᠤᠯᠭᠠᠨ ᠤ᠋ ᠭᠠᠯ ᠢ᠋ ᠮᠡᠯᠡᠷᠡᠨ ᠰᠢᠷᠲᠡᠪᠡ᠃ ᠬᠦᠩ ᠦ᠋ᠨ ᠬᠠᠲᠤᠨ ᠪᠢᠳᠡ ᠳ᠋ᠦ᠍ ᠴᠠᠢ ᠨᠡᠮᠡᠵᠦ ᠠᠶᠠᠭᠠᠯᠠᠭᠰᠠᠨ ᠤ᠋ ᠬᠣᠢᠨ᠎ᠠ ᠬᠥᠮᠦᠨ ᠰᠣᠴᠢᠭᠠᠮ᠎ᠠ ᠨᠠᠮ ᠵᠢᠮ ᠠᠭᠤᠷ ᠠᠮᠢᠰᠬᠤᠯ ᠡᠨᠡ ᠭᠡᠷ ᠢ᠋ ᠪᠦᠷᠬᠦᠵᠦ ᠢᠷᠡᠯ᠎ᠡ᠃ 
       — ᠡᠨᠡ ᠬᠦ᠌ ᠬᠠᠷᠢ ᠭᠠᠵᠠᠷ ᠤ᠋ᠨ ᠬᠥᠮᠦᠰ ᠬᠠᠮᠢᠭ᠎ᠠ ᠠ᠋ᠴᠠ ᠪᠢᠳᠡᠨ ᠢ᠋ ᠵᠠᠷᠯᠢᠭᠳᠠᠬᠤ ᠡᠷᠬᠡ ᠶ᠋ᠢ ᠣᠯᠵᠤ ᠠᠪᠤᠪᠠ?  ᠴᠢᠩᠭᠢᠰ ᠪᠣᠭᠳᠠ ᠬᠠᠭᠠᠨ ᠯᠠ ᠡᠨᠡ ᠬᠦ᠌ ᠡᠷᠬᠡ ᠶ᠋ᠢ ᠡᠳ᠋ᠯᠡᠵᠦ᠂ ᠦᠷ᠎ᠡ ᠬᠣᠢᠴᠢᠰ ᠢ᠋ᠶ᠋ᠠᠨ ᠡᠵᠡᠨ ᠮᠡᠳᠡᠵᠦ ᠪᠠᠢᠳᠠᠭ ᠶᠤᠮ᠃ ᠪᠡᠭᠡᠵᠢᠩ ᠦ᠋ᠨ ᠬᠠᠭᠠᠨ ᠤ᠋ ᠵᠠᠷᠯᠢᠭ ᠢ᠋ ᠪᠢᠳᠡ ᠳᠠᠭᠠᠵᠤ᠂ ᠮᠥᠨ ᠲᠡᠭᠦᠨ ᠦ᠌ ᠲᠠᠭᠠᠯᠠᠯ ᠢ᠋ᠶ᠋ᠠᠷ ᠥᠪᠡᠷ ᠦ᠋ᠨ ᠢ᠋ᠶ᠋ᠡᠨ ᠨᠡᠢᠵᠡᠳ ᠢ᠋ ᠬᠣᠷᠣᠭᠠᠵᠤ ᠪᠠᠢᠭᠰᠠᠨ ᠶᠤᠮ᠃ ᠲᠠ ᠨᠠᠷ ᠴᠤ᠌ ᠮᠠᠨ ᠤ᠋ ᠮᠣᠩᠭᠣᠯᠴᠤᠳ ᠢ᠋ ᠬᠡᠷᠴᠡᠭᠡᠢ ᠬᠡᠴᠡᠭᠦᠦ ᠦᠨᠳᠦᠰᠦᠲᠡᠨ ᠭᠡᠵᠦ ᠪᠣᠳᠣᠵᠤ ᠪᠠᠢᠯ ᠦᠭᠡᠢ ᠳᠡ ! ᠭᠡᠬᠦ ᠳ᠋ᠦ᠍ ᠬᠡᠨ ᠬᠡᠷᠪᠡ ᠪᠢᠳᠡᠨ ᠢ᠋ ᠵᠠᠬᠢᠷᠬᠤ ᠲᠡᠭᠷᠢᠯᠢᠭ ᠡᠷᠬᠡ ᠶ᠋ᠢ ᠠᠳᠬᠤᠵᠤ ᠪᠠᠢᠪᠠᠯ ᠪᠢᠳᠡ ᠴᠦ᠍ ᠲᠡᠭᠦᠨ ᠦ᠌ ᠵᠠᠷᠯᠢᠭ ᠢ᠋ ᠵᠥᠷᠢᠯ ᠦᠭᠡᠢ ᠳᠠᠭᠠᠨ᠎ᠠ ᠪᠢᠵᠡ᠃ ᠲᠡᠭᠷᠢ ᠶ᠋ᠢᠨ ᠬᠥᠪᠡᠭᠦᠨ ᠤ ᠵᠠᠷᠯᠢᠭ ᠢ᠋ᠶ᠋ᠠᠷ ᠪᠢ ᠬᠣᠶᠠᠷ ᠰᠠᠢᠨ ᠨᠠᠢᠵᠠ ᠪᠠᠨ ᠬᠣᠷᠣᠭᠠᠭᠰᠠᠨ ᠶᠤᠮ᠃ ᠬᠠᠷᠢᠨ ᠲᠡᠭᠦᠨ ᠢ᠋ ᠰᠠᠭᠤᠷᠢᠨ ᠡᠴᠡ ᠪᠡᠨ ᠤᠨᠠᠭᠰᠠᠨ ᠤ᠋ ᠰᠡᠭᠦᠯᠡᠷ ᠪᠢᠳᠡᠨ ᠦ᠌ ᠳᠣᠲᠣᠷᠠᠬᠢ ᠤᠴᠢᠷ ᠲᠤ᠌ ᠭᠠᠷ ᠲᠥᠷᠥᠬᠦ ᠬᠥᠮᠦᠨ ᠦᠭᠡᠢ ᠪᠣᠯᠤᠭᠰᠠᠨ ᠶᠤᠮ᠃ 
       — ᠬᠣᠶᠠᠷ ᠨᠠᠢᠵᠠ ᠶ᠋ᠢᠨ ᠴᠢᠨᠢ ᠦᠯᠢᠭᠡᠷ ᠨᠢ ᠶᠠᠭᠤ ᠪᠣᠯᠪᠠ?  ᠲᠡᠳᠡ ᠶᠠᠭᠤᠨ ᠳ᠋ᠤ᠌ ᠵᠠᠪᠠᠯ ᠦᠬᠦᠬᠦ ᠶᠣᠰᠣᠲᠠᠢ ᠪᠣᠢ?  ᠭᠡᠵᠦ ᠪᠢ ᠠᠰᠠᠭᠤᠪᠠ᠃ 
       — ᠡᠨᠡ ᠪᠣᠯ ᠪᠠᠳᠠᠷᠠᠭᠤᠯᠲᠤ ᠲᠥᠷᠥ ᠶ᠋ᠢᠨ ᠬᠣᠷᠢᠨ ᠵᠢᠷᠭᠤᠳᠤᠭᠠᠷ ᠣᠨ ᠤ᠋ ᠤᠴᠢᠷ ᠶᠤᠮ᠃ ᠨᠢᠭᠡᠨ ᠡᠳᠦᠷ ᠤᠯᠠᠭᠠᠴᠢ ᠶ᠋ᠢᠨ ᠠᠪᠴᠢᠷᠠᠭᠰᠠᠨ ᠵᠠᠬᠢᠶ᠎ᠠ ᠳ᠋ᠤ᠌ ᠠᠳᠠ ᠠᠮᠢᠳᠤᠷᠠᠵᠤ ᠪᠠᠢᠭ᠎ᠠ ᠪᠦᠬᠦ ᠬᠠᠷᠢ ᠬᠥᠮᠦᠰ ᠵᠢᠴᠢ ᠲᠡᠳᠡᠨ ᠲᠡᠢ ᠣᠢᠷᠠᠲᠤᠨ ᠶᠠᠪᠤᠯᠴᠠᠵᠤ ᠪᠠᠢᠭ᠎ᠠ ᠨᠤᠲᠤᠭ ᠤ᠋ᠨ ᠬᠥᠮᠦᠰ ᠢ᠋ ᠬᠣᠷᠣᠭᠠᠬᠤ ᠬᠡᠷᠡᠭᠲᠡᠢ ᠭᠡᠰᠡᠨ ᠵᠠᠷᠯᠢᠭ ᠤ᠋ᠨ ᠪᠢᠴᠢᠭ ᠪᠠᠢᠯ᠎ᠠ᠃ ᠪᠢᠳᠡᠨ ᠦ᠌ ᠠᠳᠠ ᠲᠡᠷᠡ ᠦᠶ᠎ᠡ ᠳ᠋ᠦ᠍ ᠬᠠᠷᠢ ᠶ᠋ᠢᠨ ᠬᠥᠮᠦᠨ ᠪᠠᠢᠭ᠎ᠠ ᠦᠭᠡᠢ ᠂ ᠬᠠᠷᠢᠨ ᠬᠠᠷᠢ ᠶ᠋ᠢᠨ ᠱᠠᠰᠢᠨ ᠰᠢᠲᠦᠳᠡᠭ ᠪᠥᠭᠡᠳ ᠡᠮᠦᠨ᠎ᠡ ᠬᠡᠰᠡᠭ ᠲᠦ᠍ ᠭᠠᠭᠴᠠ ᠪᠡᠶ᠎ᠡ ᠪᠡᠷ ᠠᠮᠢᠳᠤᠷᠠᠵᠤ ᠪᠠᠢᠭ᠎ᠠ ᠪᠢᠲᠡᠭᠦᠦ ᠰᠠᠬᠠᠯ ᠲᠠᠢ ᠱᠠᠰᠢᠨ ᠰᠤᠷᠲᠠᠯᠴᠢᠯᠠᠭᠴᠢ ᠲᠠᠢ ᠠᠭᠤᠯᠵᠠᠯᠳᠤᠳᠠᠭ ᠬᠢᠲᠠᠳ ᠤ᠋ᠳ ᠪᠠᠢᠭᠰᠠᠨ ᠶᠤᠮ᠃ ᠪᠢᠳᠡ ᠶᠠᠭᠠᠬᠢᠪᠠᠯ ᠲᠠᠭᠠᠷᠠᠨ᠎ᠠ ᠪᠣᠢ?  ᠬᠣᠰᠢᠭᠤ ᠸᠠᠩ ᠲᠦᠰᠢᠮᠡᠳ ᠢ᠋ᠶ᠋ᠡᠨ ᠴᠤᠭᠯᠠᠭᠤᠯᠵᠤ ᠵᠥᠪᠳᠡᠯᠴᠡᠪᠡ᠃ ᠪᠢ ᠲᠡᠷᠡ ᠦᠶ᠎ᠡ ᠳ᠋ᠦ᠍ ᠵᠠᠯᠠᠭᠤ ᠪᠠᠢᠭᠰᠠᠨ ᠪᠥᠭᠡᠳ ᠦᠷᠭᠦᠯᠵᠢ ᠮᠠᠨ ᠤ᠋ ᠬᠢᠨ ᠳ᠋ᠦ᠍ ᠢᠷᠡᠳᠡᠭ ᠬᠣᠶᠠᠷ ᠬᠢᠲᠠᠳ ᠨᠠᠢᠵᠠ ᠲᠠᠢ ᠪᠠᠢᠭᠰᠠᠨ ᠶᠤᠮ᠃ ᠲᠡᠢᠮᠦ ᠠᠮᠠᠷᠬᠠᠨ ᠬᠥᠮᠦᠨ ᠬᠣᠷᠣᠭᠠᠵᠤ ᠪᠣᠯᠬᠤ ᠦᠭᠡᠢ ᠲᠤᠯᠠ ᠪᠢ ᠡᠰᠡᠷᠭᠦᠴᠡᠯ ᠢᠯᠡᠷᠬᠡᠢᠯᠡᠪᠡ᠃ ᠲᠡᠳᠡᠭᠡᠷ ᠬᠢᠲᠠᠳ ᠪᠢᠳᠡᠨ ᠦ᠌ ᠳᠣᠣᠷ᠎ᠠ ᠠᠮᠢᠳᠤᠷᠠᠵᠤ ᠪᠠᠢᠭ᠎ᠠ ᠪᠥᠭᠡᠳ ᠲᠡᠳᠡ ᠬᠠᠤᠯᠢ ᠳ᠋ᠤ᠌ ᠬᠠᠯᠳᠠᠭᠰᠠᠨ ᠠᠵᠢᠯ ᠬᠢᠭᠡ ᠦᠭᠡᠢ ᠶ᠋ᠢ ᠲᠠ ᠨᠠᠷ ᠤ᠋ᠨ ᠬᠡᠨ ᠨᠢ ᠴᠦ᠍ ᠮᠡᠳᠡᠨ᠎ᠡ ᠰᠢᠦ ᠳᠡ᠃ ᠪᠤᠭᠤᠷᠤᠯᠴᠤᠳ ᠮᠠᠨᠢ ᠨᠠᠳᠠ ᠳ᠋ᠤ᠌ ᠬᠠᠭᠠᠨ ᠤ᠋ ᠵᠠᠷᠯᠢᠭ ᠬᠠᠷᠢᠯᠲᠠ ᠦᠭᠡᠢ᠂ ᠡᠵᠡᠨ ᠦ᠌ ᠵᠠᠷᠯᠢᠭ ᠡᠷᠭᠢᠯᠲᠡ ᠦᠭᠡᠢ ᠭᠡᠮᠡᠨ ᠰᠤᠷᠭᠠᠵᠤ᠂ ᠲᠡᠭᠷᠢ ᠶ᠋ᠢᠨ ᠬᠥᠪᠡᠭᠦᠨ ᠦ᠌ ᠵᠠᠷᠯᠢᠭ ᠢ᠋ ᠰᠥᠷᠪᠡᠯ ᠶᠠᠭᠠᠬᠢᠨ᠎ᠠ ᠭᠡᠵᠦ ᠮᠡᠳᠡᠭᠦᠯᠦᠭᠰᠡᠨ ᠲᠤᠯᠠ ᠪᠢ ᠶᠠᠭᠠᠬᠢᠨ᠎ᠠ ᠪᠢᠯᠡ? ᠮᠠᠷᠭᠠᠰᠢ ᠨᠢ ᠲᠡᠳᠡ ᠴᠥᠮ ᠠᠯᠠᠭᠳᠠᠭᠰᠠᠨ᠃ ᠭᠡᠲᠡᠯ᠎ᠡ ᠰᠡᠭᠦᠯᠴᠢ ᠶ᠋ᠢᠨ ᠨᠢᠭᠡ ᠶ᠋ᠢᠨ ᠬᠢᠨᠢ ᠬᠡᠭᠦᠷ ᠪᠡᠶ᠎ᠡ ᠰᠢᠷᠣᠢᠲᠤᠬᠤ ᠠ᠋ᠴᠠ ᠡᠮᠦᠨ᠎ᠡ ᠪᠠᠰᠠ ᠨᠢᠭᠡ ᠤᠯᠠᠭᠠᠴᠢ ᠵᠠᠷᠯᠢᠭ ᠬᠦᠷᠭᠡᠵᠦ ᠢᠷᠡᠭᠰᠡᠨ ᠶᠦᠮ᠃ ᠡᠨᠡ ᠬᠦ᠌ ᠵᠠᠷᠯᠢᠭ ᠲᠠᠭᠠᠨ ᠬᠠᠷᠢᠴᠤᠳ ᠢ᠋ ᠬᠠᠮᠠᠭᠠᠯᠠᠬᠤ ᠬᠡᠷᠡᠭᠲᠡᠢ᠂ ᠲᠡᠳᠡᠨ ᠦ᠌ ᠱᠠᠰᠢᠨ ᠢ᠋ ᠰᠢᠳᠦᠭᠴᠢᠳ ᠲᠦ᠍ ᠬᠣᠣᠷ ᠬᠦᠷᠭᠡᠵᠦ ᠪᠣᠯᠬᠤ ᠦᠭᠡᠢ ᠭᠡᠰᠡᠨ ᠪᠠᠢᠯ᠎ᠠ᠃ ᠭᠡᠬᠦ ᠳ᠋ᠦ᠍ ᠶᠠᠭᠤᠮ᠎ᠠ ᠪᠦᠬᠦᠨ ᠣᠷᠣᠢᠲᠠᠵᠤ᠂ ᠪᠢ ᠥᠪᠡᠷ ᠢ᠋ᠶ᠋ᠡᠨ ᠡᠨᠡ ᠬᠦ᠌ ᠬᠠᠷᠠᠰᠠᠯ ᠭᠣᠮᠣᠳᠠᠯ ᠢ᠋ ᠶᠡᠬᠡ ᠤᠳᠠᠭᠠᠳ ᠰᠠᠶᠢ ᠲᠤᠭᠤᠯᠤᠭᠰᠠᠨ ᠶᠤᠮ᠃ ᠳᠥᠷᠪᠡᠳ ᠬᠤᠰᠢᠭᠤᠨ ᠤ᠋ ᠡᠮᠦᠨ᠎ᠡ ᠬᠡᠰᠡᠭ ᠡᠴᠡ ᠨᠢᠭᠡ ᠬᠡᠰᠡᠭ ᠭᠠᠵᠠᠷ ᠢ᠋ ᠣᠭᠲᠣᠯᠵᠤ ᠬᠠᠷᠢ ᠶ᠋ᠢᠨ ᠱᠠᠰᠢᠨ ᠰᠤᠷᠲᠠᠯᠴᠢᠯᠠᠭᠴᠢ ᠨᠠᠷ ᠲᠤ᠌ ᠲᠥᠯᠥᠪᠦᠷᠢ ᠪᠣᠯᠭᠠᠭᠰᠠᠨ ᠨᠢ ᠪᠤᠷᠬᠠᠨ ᠲᠡᠭᠷᠢ ᠡᠴᠡ ᠮᠣᠩᠭᠣᠯᠴᠤᠳ ᠤ᠋ᠨ ᠬᠢᠲᠠᠳ ᠨᠠᠢᠵᠠ ᠨᠠᠷ ᠲᠠᠭᠠᠨ ᠲᠡᠷᠰᠯᠡᠭᠰᠡᠨ ᠠᠵᠢᠯ ᠬᠢᠭᠰᠡᠨ ᠳ᠋ᠦ᠍ ᠥᠭᠭᠦᠭᠰᠡᠨ ᠵᠣᠬᠢᠰᠲᠠᠢ ᠰᠢᠢᠳᠬᠡᠯ ᠪᠠᠢᠭᠰᠠᠨ ᠶᠤᠮ᠃ 
       — ᠲᠡᠢᠮᠦ ᠰᠢᠦ ᠳᠡ!  ᠭᠡᠵᠦ ᠯᠠᠮᠠ ᠠᠶᠠᠯᠳᠠᠨ ᠳᠠᠭᠠᠬᠤ ᠳ᠋ᠤ᠌ ᠪᠤᠰᠤᠳ ᠰᠣᠨᠣᠰᠤᠭᠴᠢ ᠨᠠᠷ ᠴᠤ᠌ ᠲᠣᠪ ᠳᠤᠭᠤᠢ ᠲᠣᠯᠣᠭᠠᠢ ᠪᠠᠨ ᠳᠣᠬᠢᠵᠠᠭᠠᠵᠤ ᠪᠠᠢᠪᠠ᠃ ᠨᠢᠭᠡ ᠮᠣᠩᠭᠣᠯ ᠣᠷᠣᠵᠤ ᠢᠷᠡᠭᠡᠳ ᠳᠠᠸᠠ ᠬᠦᠩ ᠳ᠋ᠦ᠍ ᠨᠢᠭᠡ ᠶᠠᠭᠤᠮ᠎ᠠ ᠶᠠᠷᠢᠬᠤ ᠳ᠋ᠤ᠌ ᠳᠠᠸᠠ ᠬᠦᠩ : 
       — ᠲᠠ ᠨᠠᠷ ᠤ᠋ᠨ ᠭᠡᠷ ᠪᠡᠯᠡᠨ ᠪᠣᠯᠵᠠᠢ᠂ ᠮᠥᠨ ᠲᠡᠭᠡᠭᠡᠳ ᠲᠠ ᠨᠠᠷ ᠴᠤ᠌ ᠰᠦᠷᠡᠬᠡᠢ ᠥᠯᠥᠰᠴᠦ ᠪᠠᠢᠬ᠎ᠠ ᠳᠠ ᠭᠡᠵᠦ ᠪᠢᠳᠡᠨ ᠢ᠋ ᠲᠤᠰᠬᠠᠢ ᠪᠡᠯᠡᠳᠦᠭᠰᠡᠨ ᠭᠡᠷ ᠲᠦ᠍ ᠤᠷᠢᠯ᠎ᠠ᠃ 
       ᠲᠡᠷᠡ ᠪᠣᠰᠴᠤ ᠵᠣᠭᠰᠣᠭᠠᠳ ᠪᠢᠳᠡᠨ ᠢ᠋ ᠳᠠᠭᠠᠭᠤᠯᠤᠨ ᠭᠣᠶᠣ ᠰᠠᠢᠬᠠᠨ ᠮᠥᠷᠲᠡᠭᠡᠨ ᠵᠥᠭᠡᠯᠡᠬᠡᠨ ᠬᠡᠪᠢᠰ ᠳᠡᠪᠢᠰᠦᠭᠰᠡᠨ ᠬᠠᠵᠠᠭᠤ ᠶ᠋ᠢᠨ ᠭᠡᠷ ᠲᠦ᠍ ᠣᠷᠣᠪᠠ᠃ ᠬᠣᠶᠠᠷ ᠡᠷ᠎ᠡ ᠲᠣᠮᠣ ᠰᠠᠪᠠ ᠲᠠᠢ ᠬᠣᠭᠣᠯᠠ ᠠᠪᠴᠢᠷᠠᠪᠠ᠃ ᠮᠢᠬ᠎ᠠ ᠲᠠᠢ ᠭᠤᠯᠢᠷ ᠬᠣᠭᠣᠯᠠ ᠪᠠᠢᠭᠰᠠᠨ ᠪᠥᠭᠡᠳ ᠡᠭᠦᠨ ᠦ᠌ ᠬᠠᠮᠲᠤ ᠪᠠᠰᠠ ᠰᠢᠷ᠎ᠠ ᠲᠣᠰᠣ ᠬᠥᠪᠦᠭᠰᠡᠨ ᠰᠢᠷᠭᠠᠯᠬᠠᠨ ᠰᠠᠢᠬᠠᠨ ᠴᠠᠢ ᠪᠠᠢᠯ᠎ᠠ᠃ 
       ᠨᠠᠮᠠᠶ᠋ᠢ ᠠᠬᠢᠨ ᠨᠢᠭᠡ ᠤᠳᠠᠭ᠎ᠠ ᠲᠠᠯ᠎ᠠ ᠨᠤᠲᠤᠭ ᠤ᠋ᠨ ᠦᠵᠡᠰᠬᠦᠯᠡᠩᠲᠦ ᠰᠠᠢᠬᠠᠨ ᠣᠳᠣ ᠲᠠᠢ ᠲᠡᠭᠷᠢ ᠶ᠋ᠢ ᠦᠵᠡᠬᠦ ᠪᠡᠷ ᠭᠠᠷᠬᠤ ᠦᠶ᠎ᠡ ᠳ᠋ᠦ᠍ ᠪᠦᠬᠦ ᠬᠣᠲᠠ ᠠᠢᠯ ᠨᠣᠢᠷ ᠲᠠᠭᠠᠨ ᠣᠷᠣᠭᠰᠠᠨ ᠪᠠᠢᠯ᠎ᠠ᠃ ᠰᠥᠨᠢ ᠶ᠋ᠢᠨ ᠲᠥᠪ ᠰᠦᠷᠯᠢᠭ ᠪᠠᠢᠳᠠᠯ ᠨᠢ ᠲᠠᠯ᠎ᠠ ᠨᠤᠲᠤᠭ ᠤ᠋ᠨ ᠭᠤᠸ᠎ᠠ ᠰᠠᠢᠬᠠᠨ ᠢ᠋ ᠬᠠᠯᠬᠠᠯᠠᠵᠤ ᠴᠢᠳᠠᠬᠤ ᠦᠭᠡᠢ ᠠᠵᠢ᠃ ᠰᠠᠷᠠᠨ ᠤ᠋ ᠭᠡᠷᠡ᠊ᠯ ᠬᠥᠳᠡᠭᠡ ᠲᠠᠯ᠎ᠠ ᠳ᠋ᠤ᠌ ᠮᠥᠩᠭᠥᠨ ᠨᠥᠮᠥᠷᠭᠡ ᠨᠥᠮᠥᠷᠦᠭᠦᠯᠬᠦ ᠳ᠋ᠦ᠍ ᠣᠢᠷᠠᠬᠠᠨ ᠮᠥᠷᠲᠡᠭᠡᠨ ᠣᠢᠷᠠᠬᠠᠨ ᠪᠤᠰᠤ ᠬᠠᠷᠠᠭᠳᠠᠵᠤ ᠪᠠᠢᠭ᠎ᠠ ᠲᠦᠮᠡ ᠮᠢᠩᠭᠠᠨ ᠭᠢᠯᠠᠯᠵᠠᠭᠰᠠᠨ ᠣᠳᠣᠳ ᠲᠠᠢ ᠬᠥᠬᠡ ᠣᠭᠲᠠᠷᠭᠤᠢ ᠡᠰᠡᠷᠭᠦ ᠳ᠋ᠦ᠍ᠨᠢ ᠬᠠᠷᠠᠭᠳᠠᠨ᠎ᠠ᠃ ᠡᠢᠮᠦᠷᠬᠦᠦ ᠰᠥᠨᠢ ᠶ᠋ᠢᠨ ᠭᠣᠶᠣ ᠦᠵᠡᠰᠬᠦᠯᠡᠩ᠂ ᠨᠠᠮ ᠲᠠᠢᠪᠤᠭᠤ ᠪᠠᠢᠳᠠᠯ ᠨᠢ ᠨᠠᠮᠠᠶ᠋ᠢ ᠠᠶᠠᠭᠲᠠᠭᠠᠨ ᠪᠠᠢᠭᠠᠯᠢ ᠶ᠋ᠢᠨ ᠰᠠᠢᠬᠠᠨ ᠢ᠋ ᠭᠠᠢᠬᠠᠨ᠂ ᠭᠦᠨ ᠪᠣᠳᠣᠯ ᠳ᠋ᠤ᠌ ᠠᠪᠲᠠᠬᠤ ᠳ᠋ᠤ᠌ ᠬᠦᠷᠭᠡᠳᠡᠭ ᠪᠢᠯᠡ᠃ ᠡᠢᠮᠦ ᠰᠠᠢᠬᠠᠨ ᠦᠳᠡᠰᠢ ᠪᠡᠷ ᠪᠢ ᠪᠠᠢᠭᠠᠯᠢ ᠳᠡᠯᠡᠬᠡᠢ ᠶ᠋ᠢᠨ ᠭᠤᠸ᠎ᠠ ᠰᠠᠢᠬᠠᠨ ᠢ᠋ ᠬᠡᠳᠦ ᠬᠡᠳᠦᠨ ᠴᠠᠭ ᠤ᠋ᠨ ᠲᠤᠷᠰᠢ ᠭᠠᠢᠬᠠᠨ ᠱᠠᠭᠰᠢᠵᠤ᠂ ᠡᠨᠡ ᠳᠡᠯᠡᠬᠡᠢ ᠵᠢᠴᠢ ᠲᠡᠭᠦᠨ ᠦ᠌ ᠳᠡᠭᠡᠷᠡᠬᠢ ᠬᠥᠮᠦᠨ ᠲᠥᠷᠥᠯᠬᠢᠲᠡᠨ ᠢ᠋ ᠡᠭᠦᠳᠦᠨ ᠪᠦᠲᠦᠭᠡᠭᠰᠡᠨ ᠲᠤᠬᠠᠢ ᠪᠣᠳᠣᠯ ᠳ᠋ᠤ᠌ ᠱᠤᠮᠪᠠᠨ ᠪᠠᠢᠳᠠᠭ ᠪᠢᠯᠡ᠃ 
       ᠪᠢ ᠬᠥᠳᠡᠭᠡ ᠲᠠᠯ᠎ᠠ ᠪᠠᠷ ᠲᠣᠭᠣᠷᠢᠨ ᠠᠯᠬᠤᠯᠠᠬᠤ ᠰᠠᠨᠠᠭᠠᠲᠠᠢ ᠪᠠᠢᠭᠰᠠᠨ ᠪᠣᠯᠪᠠᠴᠤ ᠲᠠᠯ᠎ᠠ ᠨᠤᠲᠤᠭ ᠤ᠋ᠨ ᠰᠥᠨᠢ ᠶ᠋ᠢᠨ ᠠᠶᠤᠮᠰᠢᠭ ᠢ᠋ ᠮᠡᠳᠡᠳᠡᠭ ᠨᠣᠬᠠᠳ ᠨᠢ ᠨᠠᠮᠠᠶ᠋ᠢ ᠬᠣᠷᠭᠣᠭᠣᠵᠤ ᠬᠤᠴᠠᠭᠠᠳ ᠭᠠᠳᠠᠭᠰᠢ ᠭᠠᠷᠭᠠᠭᠰᠠᠨ ᠦᠭᠡᠢ ᠶᠦᠮ᠃ ᠨᠢᠷᠤᠭᠤᠨ ᠳ᠋ᠠᠭᠠᠨ ᠫᠤᠤ ᠡᠭᠦᠷᠦᠭᠰᠡᠨ ᠮᠠᠨᠠᠭᠠᠴᠢ ᠨᠠᠮᠠᠶ᠋ᠢ ᠭᠡᠷ ᠤᠷᠤᠭᠤ ᠬᠦᠷᠭᠡᠭᠡᠳ᠄ 
       — ᠬᠦᠢᠲᠡᠨ ᠪᠣᠯᠤᠯ᠎ᠠ ᠳᠠ᠂ ᠵᠤᠨ ᠲᠡᠭᠡᠭᠡᠳ ᠤᠳᠠᠯ ᠦᠭᠡᠢ ᠥᠩᠭᠡᠷᠡᠬᠦ ᠨᠢ ᠪᠠᠢᠨ᠎ᠠ ᠭᠡᠵᠦ ᠬᠡᠯᠡᠯ᠎ᠡ᠃
       ᠲᠡᠭᠦᠨ ᠦ᠌ ᠬᠥᠯ ᠦ᠋ᠨ ᠴᠢᠮᠡᠭᠡ ᠤᠳᠠᠲᠠᠯ᠎ᠠ ᠰᠣᠨᠣᠰᠳᠠᠵᠤ ᠪᠠᠢᠭᠰᠠᠨ ᠪᠥᠭᠡᠳ ᠴᠢᠨᠠᠭᠰᠢ ᠨᠢ ᠪᠢ ᠨᠣᠢᠷ ᠲᠠᠭᠠᠨ ᠠᠪᠲᠠᠨ ᠤᠨᠲᠠᠭᠰᠠᠨ ᠪᠢᠯᠡ᠃ ᠰᠥᠨᠢᠵᠢᠨ ᠲᠡᠮᠡᠭᠡᠨ ᠵᠢᠩ ᠵᠢᠴᠢ ᠳᠠᠸᠠ ᠬᠦᠩ ᠦ᠋ᠨ ᠠᠪᠳᠠᠷᠠᠨ ᠳᠡᠭᠡᠷ᠎ᠡ ᠵᠢᠷᠤᠵᠤ ᠪᠠᠢᠭᠰᠠᠨ ᠮᠡᠲᠦ ᠨᠤᠮᠤ ᠰᠤᠮᠤ ᠪᠠᠷ ᠴᠢᠨᠣ᠎ᠠ ᠠᠩᠨᠠᠵᠤ ᠪᠠᠢᠨ᠎ᠠ ᠭᠡᠮᠡᠨ ᠵᠡᠭᠦᠳᠦᠯᠡᠭᠰᠡᠭᠡᠷ ᠥᠷᠯᠥᠭᠡ ᠬᠦᠷᠭᠡᠪᠡ᠃ ᠦᠦᠷ ᠦ᠋ᠨ ᠭᠡᠭᠡ ᠲᠣᠳᠣᠷᠠᠬᠤ ᠶ᠋ᠢᠨ ᠬᠢᠷᠢ ᠳ᠋ᠦ᠍ ᠬᠣᠲᠠ ᠳ᠋ᠤ᠌ ᠠᠬᠢᠭᠠᠳ ᠠᠮᠢᠳᠤᠷᠠᠯ ᠤ᠋ᠨ ᠳᠠᠭᠤᠨ ᠪᠢᠯᠬᠠᠵᠤ᠂ ᠦᠨᠢᠶ᠎ᠡ ᠪᠡᠨ ᠰᠠᠭᠠᠵᠤ᠂ ᠬᠣᠨᠢᠳ ᠢ᠋ᠶ᠋ᠠᠨ ᠪᠡᠯᠴᠢᠭᠡᠨ ᠠᠯᠤᠰ ᠬᠣᠯᠠ ᠶ᠋ᠢᠨ ᠵᠡᠭᠦᠨ ᠲᠡᠭᠷᠢ ᠶ᠋ᠢᠨ ᠬᠠᠶᠠᠭᠠᠨ ᠳ᠋ᠠᠬᠢ ᠭᠡᠭᠡ ᠨᠢ ᠰᠢᠨ᠎ᠡ ᠨᠢᠭᠡᠨ ᠡᠳᠦᠷ ᠬᠦᠷᠴᠦ ᠢᠷᠡᠭᠰᠡᠨ ᠢ᠋ ᠲᠤᠩᠬᠠᠭᠯᠠᠵᠤ ᠪᠠᠢᠯ᠎ᠠ᠃ ᠲᠡᠷᠡᠬᠡᠨ ᠬᠣᠭᠣᠷᠣᠨᠳᠣ ᠭᠡᠷ ᠦ᠋ᠳ ᠨᠢᠳᠦᠨ᠎ᠡ ᠲᠣᠳᠣᠬᠠᠨ ᠬᠠᠷᠠᠭᠳᠠᠵᠤ᠂ ᠨᠠᠷᠠ ᠮᠠᠨᠳᠤᠵᠤ ᠭᠠᠷᠤᠯ᠎ᠠ᠃ ᠭᠠᠯ ᠤᠯᠠᠭᠠᠨ ᠨᠠᠷᠠ ᠠᠯᠲᠠᠨ ᠭᠡᠷᠡᠯ ᠢ᠋ᠶ᠋ᠡᠨ ᠰᠠᠴᠤᠷᠠᠭᠤᠯᠤᠭᠰᠠᠭᠠᠷ ᠳᠣᠷᠣᠨ᠎ᠠ ᠵᠦᠭ ᠦ᠋ᠨ ᠲᠡᠭᠷᠢ ᠶ᠋ᠢᠨ ᠬᠠᠶᠠᠭᠠᠨ ᠠ᠋ᠴᠠ ᠮᠠᠨᠳᠤᠨ ᠭᠠᠷᠤᠭᠠᠳ᠂ ᠬᠣᠨᠢᠳ ᠪᠠ ᠲᠠᠯ᠎ᠠ ᠨᠤᠲᠤᠭ᠂ ᠮᠥᠨ ᠲᠡᠭᠡᠭᠡᠳ ᠪᠢᠳᠡ ᠴᠦ᠍ ᠡᠨᠡ ᠬᠦ᠌ ᠠᠯᠲᠠᠨ ᠰᠢᠷᠭᠠᠯ ᠥᠩᠭᠡᠨ ᠳᠤᠮᠳᠠ ᠰᠦᠯᠡᠭᠳᠡᠨ ᠣᠷᠣᠯ᠎ᠠ᠃ ᠡᠨᠡ ᠬᠦ᠌ ᠰᠠᠢᠬᠠᠨ ᠡᠳᠦᠷ ᠦ᠋ᠨ ᠭᠤᠸ᠎ᠠ ᠰᠠᠢᠬᠠᠨ ᠳ᠋ᠤ᠌ ᠪᠢ ᠰᠣᠭᠲᠣᠭᠤᠷᠠᠨ᠂ ᠠᠯᠠᠭ᠎ᠠ ᠲᠠᠰᠢᠨ ᠤᠳᠬᠠᠢᠯᠠᠮᠠᠷ ᠪᠣᠯᠪᠠ᠃ ᠭᠡᠬᠦ ᠳ᠋ᠦ᠍ ᠬᠥᠮᠦᠨ ᠲᠥᠷᠥᠯᠬᠢᠲᠡᠨ ᠦ᠌ ᠨᠢᠭᠡᠬᠡᠨ ᠪᠣᠳᠠᠭᠠᠯᠢ ᠪᠣᠯᠤᠭᠰᠠᠨ ᠤ᠋ ᠬᠤᠪᠢ ᠳ᠋ᠤ᠌ ᠪᠢ ᠠᠳᠠ ᠤᠳᠬᠠᠢᠯᠠᠨ ᠰᠣᠭᠲᠣᠭᠤᠷᠠᠬᠤ ᠨᠢ ᠡᠬᠡ ᠪᠠᠢᠭᠠᠯᠢ ᠶ᠋ᠢᠨ ᠲᠦᠮᠡᠨ ᠦᠵᠡᠭᠳᠡᠯ ᠲᠡᠢ ᠬᠠᠷᠢᠴᠠᠭᠤᠯᠪᠠᠯ ᠬᠡᠴᠢᠨᠡᠭᠡᠨ ᠵᠢᠵᠢᠭᠬᠡᠨ ᠠᠵᠢ᠃ ᠪᠢ ᠭᠡᠷ ᠦ᠋ᠨ ᠡᠮᠦᠨ᠎ᠡ ᠨᠠᠮ ᠨᠠᠮᠵᠢᠭᠤᠬᠠᠨ ᠵᠣᠭᠰᠣᠭᠠᠳ ᠡᠨᠡ ᠬᠦ᠌ ᠪᠠᠢᠭᠠᠯᠢ ᠳᠡᠯᠡᠬᠡᠢ ᠶ᠋ᠢᠨ ᠰᠠᠢᠨ ᠰᠠᠢᠬᠠᠨ ᠢ᠋ ᠤᠳᠠᠲᠠᠯ᠎ᠠ ᠱᠠᠭᠰᠢᠨ ᠭᠠᠢᠬᠠᠪᠠ᠃ 
       ᠬᠠᠮᠤᠭ ᠤ᠋ᠨ ᠡᠮᠦᠨ᠎ᠡ ᠪᠠᠢᠷᠢᠯᠠᠵᠤ ᠪᠠᠢᠭ᠎ᠠ ᠪᠤᠷᠬᠠᠨ ᠤ᠋ ᠭᠡᠷ ᠡᠴᠡ ᠯᠠᠮᠠ ᠶ᠋ᠢᠨ ᠨᠣᠮ ᠤᠩᠰᠢᠬᠤ ᠳᠠᠭᠤᠨ ᠳᠤᠭᠤᠯᠳᠠᠨ᠎ᠠ᠃ ᠡᠨᠡ ᠠᠢᠯ ᠤ᠋ᠨ ᠭᠡᠷ ᠦ᠋ᠨ ᠡᠵᠡᠨ ᠵᠢᠴᠢ ᠲᠡᠭᠦᠨ ᠦ᠌ ᠭᠡᠷ ᠪᠦᠯᠢ ᠶ᠋ᠢᠨ ᠬᠢᠨ ᠦ᠌ ᠰᠠᠢᠨ ᠰᠠᠢᠬᠠᠨ ᠶᠠᠪᠤᠬᠤ ᠶ᠋ᠢ ᠬᠦᠰᠡᠨ ᠵᠥᠩᠨᠡᠵᠦ᠂ ᠨᠢᠭᠡ ᠯᠠᠮᠠ ᠪᠤᠷᠬᠠᠨ ᠤ᠋ ᠨᠣᠮ ᠤᠩᠰᠢᠵᠤ ᠪᠠᠢᠭ᠎ᠠ ᠠᠵᠢ᠃ ᠳᠠᠸᠠ ᠬᠦᠩ ᠬᠠᠵᠠᠭᠤ ᠳ᠋ᠤ᠌ ᠮᠢᠨᠢ ᠵᠣᠭᠰᠣᠵᠤ ᠪᠠᠢᠭ᠎ᠠ ᠨᠢ ᠨᠠᠳᠠ ᠭᠡᠨᠡᠳᠲᠡ ᠰᠡᠷᠡᠭᠳᠡᠨ᠂ ᠲᠡᠷᠡ ᠴᠦ᠍ ᠮᠢᠨᠦ ᠬᠠᠷᠠᠴᠠ ᠶ᠋ᠢ ᠲᠠᠭᠠᠨ ᠬᠠᠷᠠᠵᠤ ᠪᠠᠢᠯ᠎ᠠ᠃ 
       — ᠲᠠ ᠪᠤᠷᠬᠠᠨ ᠤ᠋ ᠭᠡᠷ ᠲᠦ᠍ ᠣᠷᠣᠵᠤ ᠦᠵᠡᠵᠦ ᠪᠣᠯᠤᠨ᠎ᠠ ᠭᠡᠵᠦ ᠲᠡᠷᠡ ᠶᠠᠷᠢᠪᠠ᠃ ᠣᠯᠠᠩᠬᠢ ᠮᠣᠩᠭᠣᠯᠴᠤᠳ ᠨᠢ ᠪᠤᠷᠬᠠᠨ ᠤ᠋ ᠭᠡᠷ ᠲᠡᠭᠡᠨ ᠥᠭᠡᠷ᠎ᠡ ᠬᠥᠮᠦᠰ ᠢ ᠣᠷᠣᠭᠤᠯᠬᠤ ᠶ᠋ᠢ ᠴᠡᠭᠡᠷᠯᠡᠳᠡᠭ ᠪᠣᠯᠬᠣᠷ ᠲᠡᠭᠦᠨ ᠦ᠌ ᠡᠨᠡ ᠶᠠᠷᠢᠶ᠎ᠠ ᠨᠢ ᠲᠡᠭᠦᠨ ᠦ᠌ ᠥᠶᠥᠭ ᠲᠠᠩᠰᠤᠭ ᠰᠡᠳᠬᠢᠯ ᠲᠡᠢ ᠪᠠᠢᠭ᠎ᠠ ᠶ᠋ᠢ ᠨᠢ ᠬᠠᠷᠠᠭᠤᠯᠵᠤ ᠪᠠᠢᠭ᠎ᠠ ᠶᠤᠮ᠃ 
       ᠪᠠᠶᠠᠨ ᠲᠠᠩᠰᠤᠭ ᠪᠠᠢᠷᠢᠯᠠᠭᠤᠯᠤᠭᠰᠠᠨ ᠪᠤᠷᠬᠠᠨ ᠤ᠋ ᠭᠡᠷ ᠦ᠋ᠨ ᠲᠣᠭᠣᠨᠣ ᠶ᠋ᠢ ᠲᠣᠭᠣᠷᠢᠭᠤᠯᠤᠨ ᠲᠥᠪᠡᠳ ᠨᠣᠮ ᠲᠠᠢ ᠳᠠᠯᠪᠠᠭ᠎ᠠ ᠬᠢᠭᠢᠷᠢ ᠭᠦᠢᠴᠡᠳ ᠡᠯᠭᠦᠵᠦ᠂ ᠰᠢᠯ ᠴᠣᠩᠬᠣ ᠲᠠᠢ ᠭᠦᠩᠭᠠᠷᠠᠪᠠ ᠳᠣᠲᠣᠷ᠎ᠠ ᠨᠢ ᠰᠦᠷᠯᠢᠭ ᠶᠡᠬᠡᠮᠰᠦᠭ ᠱᠠᠭᠵᠠᠮᠤᠨᠢ ᠪᠤᠷᠬᠠᠨ᠂ ᠽᠦᠩᠺᠸ᠎ᠠ ᠵᠢᠴᠢ ᠣᠨᠳᠣᠣ ᠪᠤᠷᠬᠠᠳ ᠤ᠋ᠨ ᠠᠯᠲᠠᠨ ᠱᠤᠭᠤᠮᠠᠯ ᠢ᠋ ᠲᠠᠯᠪᠢᠵᠠᠢ ( ᠵᠢᠷᠤᠭ 109 ) ᠃ ᠪᠤᠷᠬᠠᠨ ᠪᠣᠯᠭᠠᠨ ᠳ᠋ᠤ᠌ ᠵᠤᠯᠠ ᠪᠠᠷᠢᠭᠰᠠᠨ ᠲᠤᠯᠠ ᠲᠣᠭᠠᠯᠠᠰᠢ ᠦᠭᠡᠢ ᠣᠯᠠᠨ ᠵᠤᠯᠠ ᠠᠰᠠᠭᠠᠵᠠᠢ᠃ ᠡᠭᠦᠳᠡ ᠪᠡᠷ ᠣᠷᠣᠬᠤ ᠳ᠋ᠤ᠌ ᠪᠠᠷᠠᠭᠤᠨ ᠲᠠᠯ᠎ᠠ ᠳ᠋ᠤᠨᠢ ᠨᠢᠭᠡ ᠯᠠᠮᠠ ᠰᠠᠭᠤᠭᠠᠳ ᠨᠣᠮ ᠤᠩᠰᠢᠯᠭ᠎ᠠ ᠳ᠋ᠤ᠌ ᠰᠡᠳᠬᠢᠯ ᠲᠠᠯᠪᠢᠬᠤ ᠶ᠋ᠢᠨ ᠣᠷᠣᠨ ᠳ᠋ᠤ᠌ ᠪᠢᠳᠡᠨ ᠦ᠌ ᠠᠪᠴᠤ ᠶᠠᠪᠤᠵᠤ ᠪᠠᠢᠭ᠎ᠠ ᠵᠢᠷᠤᠭ ᠤ᠋ᠨ ᠮᠠᠰᠢᠨ ᠢ᠋ ᠭᠠᠢᠬᠠᠬᠤ ᠨᠢ ᠢᠯᠡᠭᠦᠦ ᠪᠠᠢᠪᠠ᠃ 
       ᠲᠠᠯ᠎ᠠ ᠨᠤᠲᠤᠭ ᠳᠡᠭᠡᠷ᠎ᠡ ᠲᠣᠭᠠᠯᠠᠰᠢ ᠦᠭᠡᠢ ᠣᠯᠠᠨ ᠤᠳᠠᠭ᠎ᠠ ᠨᠠᠭᠠᠰᠢ ᠴᠠᠭᠠᠰᠢ ᠪᠠᠨ ᠨᠡᠭᠦᠭᠰᠡᠨ ᠪᠤᠷᠬᠠᠨ ᠤ᠋ ᠭᠡᠷ ᠦ᠋ᠨ ᠡᠮᠦᠨ᠎ᠡ ᠬᠦᠩ ᠦ᠋ᠨ ᠬᠠᠲᠤᠨ ᠮᠥᠷᠭᠥᠯ ᠦᠢᠯᠡᠳᠦᠨ ᠠᠮᠠᠨ ᠳ᠋ᠠᠭᠠᠨ ᠳᠦᠳᠦᠨᠡᠨ ᠮᠠᠨᠢ ᠤᠩᠰᠢᠬᠤ ᠠᠵᠢ᠃ ᠲᠡᠷᠡ ᠤᠳᠠᠯ ᠦᠭᠡᠢ ᠨᠢᠭᠡᠨ ᠬᠥᠪᠡᠭᠦᠨ ᠵᠠᠶᠠᠭᠠᠬᠤ ᠶ᠋ᠢ ᠴᠢᠩ ᠰᠡᠳᠬᠢᠯ ᠡᠴᠡ ᠪᠡᠨ ᠬᠦᠰᠡᠨ ᠮᠥᠷᠥᠭᠡᠳᠴᠦ ᠪᠠᠢᠯ᠎ᠠ᠃ ᠳᠠᠸᠠ ᠬᠦᠩ ᠦ᠋ᠨ ᠬᠣᠶᠠᠷ ᠬᠥᠪᠡᠭᠦᠨ ᠨᠢ ᠬᠡᠳᠦᠨ ᠵᠢᠯ ᠦ᠋ᠨ ᠡᠮᠦᠨ᠎ᠡ ᠬᠠᠯᠠᠭᠤᠨ ᠲᠣᠮᠣᠭᠤᠨ ᠳ᠋ᠤ᠌ ᠨᠡᠷᠪᠡᠭᠳᠡᠨ ᠶᠢᠷᠲᠢᠨᠴᠦ ᠡᠴᠡ ᠠᠩᠭᠢᠵᠢᠷᠠᠭᠰᠠᠨ ᠪᠣᠯᠬᠣᠷ ᠣᠷᠣ ᠰᠢᠷᠠᠬᠤ ᠬᠥᠪᠡᠭᠦᠨ ᠦᠭᠡᠢ ᠪᠣᠯᠬᠤ ᠳ᠋ᠤ᠌ ᠬᠦᠷᠦᠭᠰᠡᠨ ᠪᠠᠢᠨ᠎ᠠ᠃ ᠬᠥᠪᠡᠭᠦᠳ ᠨᠢ ᠨᠠᠰᠤ ᠪᠠᠷᠠᠭᠰᠠᠨ ᠤ᠋ ᠰᠡᠭᠦᠯᠡᠷ ᠨᠠᠰᠤᠲᠠᠢ ᠬᠦᠩ ᠲᠥᠷᠥᠯ ᠦ᠋ᠨ ᠢ᠋ᠶ᠋ᠡᠨ ᠨᠢᠭᠡᠨ ᠰᠡᠷᠭᠦᠯᠡᠩ ᠬᠥᠪᠡᠭᠦᠨ ᠢ᠋ ᠦᠷᠡᠴᠢᠯᠡᠨ ᠠᠪᠤᠭᠠᠳ᠂ ᠣᠷᠣ ᠵᠠᠯᠭᠠᠮᠵᠢᠯᠠᠬᠤ ᠬᠥᠪᠡᠭᠦᠨ ᠲᠡᠢ ᠪᠣᠯᠤᠭᠰᠠᠨ ᠤᠬᠠᠭᠠᠨ ᠲᠠᠢ ᠪᠣᠯᠵᠤ᠂ ᠮᠥᠨ ᠲᠡᠷᠡ ᠬᠥᠪᠡᠭᠦᠨ ᠢ᠋ᠶ᠋ᠡᠨ ᠶᠠᠮᠠᠷ ᠨᠢᠭᠡᠨ ᠭᠡᠮᠲᠦᠯ ᠭᠠᠷᠬᠤ ᠠ᠋ᠴᠠ ᠡᠮᠢᠶᠡᠨ ᠨᠢᠳᠦᠨ ᠡᠴᠡ ᠰᠠᠯᠭᠠᠯ ᠦᠭᠡᠢ ᠣᠢᠷ᠎ᠠ ᠪᠠᠢᠯᠭᠠᠬᠤ ᠶ᠋ᠢ ᠬᠢᠴᠢᠶᠡᠳᠡᠭ ᠠᠵᠢ᠃ 
       ᠪᠢᠳᠡᠨ ᠢ᠋ ᠰᠠᠯᠬᠤ ᠶᠣᠰᠣ ᠭᠦᠢᠴᠡᠳᠬᠡᠬᠦ ᠦᠶ᠎ᠡ ᠳ᠋ᠦ᠍ ᠳᠠᠸᠠ ᠬᠦᠩ : 
       — ᠳᠠᠷᠠᠭᠠᠴᠢ ᠶ᠋ᠢᠨ ᠤᠳᠠᠭ᠎ᠠ ᠭᠡᠬᠦ ᠳ᠋ᠦ᠍ ᠪᠢᠳᠡ ᠳᠠᠬᠢᠭᠠᠳ ᠲᠡᠢᠨ ᠳᠠᠵᠢᠨ ᠤ᠋ ᠲᠤᠬᠠᠢ ᠶᠠᠷᠢᠬᠤ ᠦᠭᠡᠢ ᠰᠢᠦ ᠭᠡᠯ᠎ᠡ ᠃ 
       — ᠲᠡᠭᠡᠪᠡᠯ ᠪᠢᠳᠡ ᠬᠠᠮᠲᠤ ᠳ᠋ᠠᠭᠠᠨ ᠰᠢᠳᠡᠷ᠎ᠡ ᠲᠠᠯᠪᠢᠶ᠎ᠠ ᠳᠠ ᠭᠡᠵᠦ ᠪᠢ ᠬᠠᠷᠢᠭᠤᠯᠪᠠ ᠃ 
       — ᠲᠡᠭᠡᠵᠦ ᠪᠣᠯᠤᠨ᠎ᠠ ᠠ᠋᠂ ᠲᠠ ᠰᠢᠲᠠᠷ᠎ᠠ ᠰᠠᠢᠨ ᠲᠠᠯᠪᠢᠳᠠᠭ ᠤᠤ ? 
       — ᠲᠡᠭᠦᠨ ᠳ᠋ᠡᠭᠡᠨ ᠶᠣᠰᠣᠲᠠᠢ ᠮᠠᠭᠤ ᠰᠢᠦ ᠳᠡ ! 
       — ᠲᠡᠭᠡᠪᠡᠯ ᠬᠤᠷᠳᠤᠨ ᠢᠷᠡᠭᠡᠷᠡᠢ᠂ ᠬᠡᠳᠦᠨ ᠭᠠᠷᠠᠭ ᠤ᠋ᠨ ᠳᠠᠷᠠᠭ᠎ᠠ ᠡᠪᠦᠯ ᠪᠣᠯᠵᠤ᠂ ᠰᠥᠨᠢ ᠤᠷᠲᠤ ᠪᠣᠯᠤᠨ᠎ᠠ ᠠ᠋᠃ ᠯᠠᠮᠠ ᠠᠪᠤᠭᠠᠢ ᠠᠬᠢᠭᠠᠳ ᠯᠠ ᠬᠢᠳᠡᠯ ᠦᠭᠡᠢ ᠪᠣᠯᠵᠤ᠂ ᠨᠠᠮᠠᠶ᠋ᠢ ᠬᠣᠨᠵᠢᠭᠤᠯᠤᠨ᠎ᠠ ᠭᠡᠵᠦ ᠪᠠᠢᠬᠤ ᠦᠭᠡᠢ ᠰᠢᠦ ᠳᠡ ᠭᠡᠵᠦ ᠳᠠᠸᠠ ᠬᠦᠩ ᠬᠡᠯᠡᠯ᠎ᠡ᠃