ᠮᠣᠩᠭᠣᠯᠴᠤᠳ ᠪᠢᠳᠡᠨ ᠴᠢᠷᠮᠠᠢᠶ᠎ᠠ -ᠲᠠᠯ᠎ᠠ ᠶ᠋ᠢᠨ ᠳᠠᠭᠤᠴᠢᠨМонголчууд бидэн чармайя-Талын дуучин ᠦᠯᠢᠭᠡᠷ ᠬᠣᠯᠪᠣᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯᠴᠤᠳ ᠪᠢᠳᠡᠨ ᠴᠢᠷᠮᠠᠢᠶ᠎ᠠ -ᠲᠠᠯ᠎ᠠ ᠶ᠋ᠢᠨ ᠳᠠᠭᠤᠴᠢᠨМонголчууд бидэн чармайя-Талын дуучин

ᠮᠣᠩᠭᠣᠯᠴᠤᠳ ᠪᠢᠳᠡᠨ ᠴᠢᠷᠮᠠᠢᠶ᠎ᠠ -ᠲᠠᠯ᠎ᠠ ᠶ᠋ᠢᠨ ᠳᠠᠭᠤᠴᠢᠨМонголчууд бидэн чармайя-Талын дуучин

2024-09-15

2290

ᠮᠣᠩᠭᠣᠯᠴᠤᠳ ᠪᠢᠳᠡᠨ ᠴᠢᠷᠮᠠᠢᠶ᠎ᠠ

  ᠲᠠᠯ᠎ᠠ ᠶ᠋ᠢᠨ ᠳᠠᠭᠤᠴᠢᠨ 
ᠠᠯᠲᠠᠨ  ᠤ᠋ ᠳᠡᠯᠡᠬᠡᠢ ᠳ᠋ᠦ᠍ ᠪᠡᠨ 
ᠠᠰᠪᠤᠷ ᠴᠠᠭᠠᠪᠤᠷᠢ ᠮᠣᠩᠭᠣᠯᠴᠤᠳ ᠮᠢᠨᠢ 
ᠠᠯᠠᠭ᠎ᠠ ᠪᠠᠨ ᠨᠤᠬᠤᠯᠠᠭᠠᠳ ᠵᠣᠪᠠᠵᠤ ᠪᠠᠢᠨ᠎ᠠ 
ᠠᠩᠭ᠎ᠠ ᠶ᠋ᠢᠨ ᠮᠢᠨᠢ ᠢᠷᠡᠭᠡᠳᠦᠢ ᠶᠦᠮ ᠰᠢᠦ 
ᠠᠰ ᠤ᠋ᠨ ᠮᠣᠩᠭᠣᠯ ᠤ᠋ᠨ ᠰᠣᠶᠣᠯ ᠶᠤᠮ ᠰᠢᠦ 
ᠠᠪᠤᠷᠠᠭᠠᠳ ᠠᠪᠤᠨ᠎ᠠ ᠤᠤ ᠬᠦᠰᠡᠵᠦ ᠪᠠᠢᠨ᠎ᠠ 
ᠮᠣᠩᠭᠣᠯ ᠡᠬᠡ ᠬᠡᠯᠡ ᠪᠡᠷ ᠢ᠋ᠶ᠋ᠡᠨ 
ᠥᠰᠦᠭᠡᠳ ᠲᠡᠭᠡᠭᠰᠡᠨ ᠬᠡᠦᠬᠡᠳ ᠮᠢᠨᠢ 
ᠬᠢᠲᠠᠳ ᠢ᠋ᠶ᠋ᠠᠷ ᠬᠢᠴᠢᠶᠡᠯᠯᠡᠪᠡᠯ ᠶᠣᠯᠣᠨ᠎ᠠ ᠤᠤ ᠳᠠ
ᠬᠠᠢᠷᠠᠲᠠᠢ ᠮᠣᠩᠭᠣᠯ ᠰᠣᠶᠣᠯ ᠬᠥᠭᠡᠷᠦᠬᠦᠢ 
ᠬᠡᠦᠬᠡᠳ ᠦ᠋ᠨ ᠢ᠋ᠶ᠋ᠡᠨ ᠲᠥᠯᠥᠭᠡ ᠰᠢᠦ 
ᠮᠣᠩᠭᠣᠯᠴᠤᠳ ᠪᠢᠳᠡᠨ ᠴᠢᠷᠮᠠᠢᠶ᠎ᠠ

ᠪᠣᠭᠳᠠ ᠴᠢᠩᠭᠢᠰ ᠦ᠋ᠨ ᠦᠶ᠎ᠡ ᠡᠴᠡ ᠪᠡᠨ
ᠪᠣᠰᠤᠭ᠎ᠠ ᠮᠣᠩᠭᠣᠯ ᠦᠰᠦᠭ ᠮᠢᠨᠢ 
ᠪᠦᠬᠦ ᠳᠡᠯᠡᠬᠡᠢ ᠳ᠋ᠦ᠍ ᠪᠡᠨ ᠭᠠᠭᠴᠠᠬᠠᠨ ᠰᠢᠦ
ᠮᠣᠩᠭᠣᠯ ᠰᠠᠢᠬᠠᠨ ᠰᠣᠶᠣᠯ ᠢ᠋ ᠮᠢᠨᠢ 
ᠦᠭᠡᠢᠰᠬᠡᠭᠡᠳ ᠲᠡᠭᠡᠪᠡᠯ 
ᠮᠥᠩᠬᠡ ᠲᠩᠷᠢ ᠬᠢᠯᠢᠩᠨᠡᠨ᠎ᠡ ᠰᠢᠦ
ᠡᠷᠡᠯᠬᠡᠭ ᠮᠣᠩᠭᠣᠯ ᠦᠨᠳᠦᠰᠦᠲᠡᠨ ᠮᠢᠨᠢ
ᠡᠷᠡᠰ ᠬᠠᠲᠠᠭᠤ ᠵᠣᠷᠢᠭ ᠢ᠋ᠶ᠋ᠠᠷ ᠢ᠋ᠶ᠋ᠠᠨ 
ᠡᠨᠡ ᠳᠡᠯᠡᠬᠡᠢ ᠳᠡᠭᠡᠷ᠎ᠡ ᠪᠡᠨ ᠠᠯᠳᠠᠷᠰᠢᠵᠠᠢ
ᠥᠪᠡᠷ ᠦ᠋ᠨ ᠮᠣᠩᠭᠣᠯ ᠤ᠋ᠨ ᠰᠣᠶᠣᠯ ᠢ᠋ᠶ᠋ᠠᠨ 
ᠦᠨᠳᠦᠰᠦᠲᠡᠨ ᠦ᠌ ᠪᠡᠨ ᠲᠥᠯᠥᠭᠡ ᠰᠢᠦ 
ᠦᠵᠡᠬᠦ ᠨᠢᠳᠦᠨ ᠳ᠋ᠦ᠍ ᠪᠡᠨ ᠨᠢᠯᠪᠤᠰᠤ ᠲᠠᠢ

  ᠦᠰᠦᠭ ᠠᠮᠢᠯᠠᠭᠤᠯᠤᠭᠰᠠᠨ ᠨᠢ ᠄ ᠲᠦᠮᠡᠨᠴᠡᠴᠡᠭ
  ᠦᠰᠦᠭ ᠬᠠᠲᠠᠭᠰᠠᠨ ᠨᠢ ᠄ ᠤᠷᠢᠶᠠᠩᠬᠠᠢ ᠨᠠᠷᠠᠨᠮᠠᠨᠳᠠ 
  ᠦᠰᠦᠭ ᠬᠢᠨᠠᠭᠴᠢ ᠄ ᠮᠤᠩᠭᠤᠯᠵᠠᠶᠠᠭ᠎ᠠ