1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠯ ᠰᠢᠷ᠎ᠠ ᠶ᠋ᠢᠨ ᠮᠠᠭᠲᠠᠭᠠᠯГал шарын магтаал - Ganjuu

ᠭᠠᠯ ᠰᠢᠷ᠎ᠠ ᠶ᠋ᠢᠨ ᠮᠠᠭᠲᠠᠭᠠᠯГал шарын магтаал - Ganjuu

2024-07-07

610

ᠭᠠᠯ ᠰᠢᠷ᠎ᠠ ᠶᠢᠨ ᠮᠠᠭᠲᠠᠭᠠᠯ

ᠵᠧ ᠨᠣᠮᠢᠨ ᠴᠡᠩᠬᠡᠷ ᠽᠠᠨᠳᠠᠨ ᠬᠦᠷᠡᠩ ᠤᠨ ᠤᠳᠤᠮ ᠲᠠᠢ
ᠨᠣᠷᠪᠤ ᠬᠦᠷᠡᠩ᠂ ᠬᠣᠩᠭᠣᠷ ᠵᠡᠭᠡᠷᠳᠡ ᠶᠢᠨ ᠤᠭᠰᠢᠯ ᠲᠠᠢ
ᠡᠯᠪᠡᠭ ᠬᠡᠭᠡᠷ᠎ ᠤᠨ ᠭᠠᠢᠬᠠᠮ᠎ᠠ ᠬᠤᠷᠳᠤ ᠶᠢ ᠳᠠᠭᠤᠷᠢᠶᠠᠭᠰᠠᠨ
ᠢᠳᠡᠷ ᠬᠡᠭᠡᠷ᠎ ᠤᠨ ᠦᠷ᠎ᠡ ᠬᠣᠢᠴᠢ ᠶᠢ ᠵᠠᠯᠭᠠᠭᠰᠠᠨ
ᠨᠠᠷᠠᠨ ᠭᠡᠢᠪᠡᠯ ᠲᠩᠷᠢ ᠶᠢᠨ ᠠᠳᠠᠯᠢ ᠵᠢᠰᠦ ᠲᠡᠢ
ᠨᠠᠢ᠍ᠮᠠᠨ ᠵᠣᠪᠬᠢᠰ ᠲᠤ ᠠᠯᠤᠰ ᠤᠨ ᠪᠠᠷ᠎ᠠ ᠰᠢᠷᠲᠡᠭᠰᠡᠨ
ᠨᠠᠪᠴᠢᠨ ᠬᠥᠭᠡᠷᠦᠬᠦᠨ ᠴᠢᠬᠢ ᠶᠤᠭᠠᠨ ᠰᠣᠯᠪᠢᠯᠳᠤᠭᠤᠯᠤᠨ
ᠨᠠᠷᠢᠨ ᠤᠷᠲᠤ ᠯᠠ ᠬᠥᠵᠦᠭᠦᠦ ᠶᠤᠭᠠᠨ ᠭᠤᠬᠤᠢᠯᠭᠠᠨ

ᠭᠠᠯ ᠰᠢᠷ᠎ᠠ ᠶᠢᠨ ᠬᠤᠷᠳᠤᠨ ᠬᠦᠯᠦᠭ  ᠡ
ᠬᠠᠷᠠᠳᠠᠯ ᠪᠠᠢᠰᠠ ᠶᠢᠨ ᠵᠠᠭᠤᠨ ᠵᠠᠭᠤᠨ ᠤ ᠬᠤᠷᠳᠤ
ᠭᠢᠩᠭᠤᠤ ᠭᠢᠩᠭᠤᠤ

ᠬᠤᠷᠳᠤᠨ ᠬᠦᠯᠦᠭ ᠦᠳ
ᠭᠢᠩᠭᠤᠤ ᠭᠢᠩᠭᠤᠤ
ᠮᠣᠩᠭᠣᠯ ᠠᠳᠤᠭᠤ


ᠡᠷᠳᠡᠨᠢ ᠶᠢᠨ ᠳᠡᠭᠡᠳᠦ ᠯᠠ ᠲᠣᠯᠣᠭᠠᠢ ᠶᠤᠭᠠᠨ ᠡᠷᠭᠦᠭᠡᠳ
ᠡᠪᠲᠡᠲᠤ ᠴᠠᠭᠠᠨ ᠰᠢᠳᠦ ᠶᠤᠭᠠᠨ ᠢᠷᠠᠯᠵᠠᠭᠤᠯᠤᠨ
ᠡᠵᠡᠨ ᠬᠥᠮᠥᠨ ᠢᠶᠡᠨ ᠬᠠᠷᠠᠨ ᠬᠠᠷᠠᠨ ᠡᠪᠰᠢᠶᠡᠳᠡᠭ
ᠢᠵᠢᠯᠢ ᠰᠦᠷᠦᠭ ᠢᠶᠡᠨ ᠬᠠᠢᠨ ᠬᠠᠢᠨ ᠦᠦᠷᠰᠡᠳᠡᠭ
ᠳᠥᠷᠪᠡᠯᠵᠢᠨ ᠵᠣᠨ ᠳᠦ ᠨᠢ ᠬᠦᠴᠦ ᠲᠡᠩᠬᠡᠯ ᠬᠤᠷᠠᠯᠳᠤᠭᠰᠠᠨ
ᠳᠥᠷᠪᠡᠨ ᠴᠢᠴᠠ ᠨᠢ ᠬᠤᠷᠳᠤᠨ ᠰᠢᠨᠳᠠᠰᠤ ᠪᠠᠷ ᠴᠣᠭᠴᠠᠯᠠᠭᠰᠠᠨ
ᠬᠣᠯᠠ ᠶᠢᠨ ᠬᠣᠯᠠ ᠳᠤ ᠯᠠ ᠴᠤᠴᠠᠯ ᠦᠭᠡᠢ ᠭᠦᠶᠦᠮᠡᠷ
ᠬᠤᠷᠳᠤᠨ ᠰᠢᠨᠵᠢ ᠨᠢ ᠲᠡᠭᠦᠰ ᠲᠡᠭᠦᠯᠳᠡᠷ ᠪᠦᠷᠢᠳᠦᠭᠰᠡᠨ
ᠨᠠᠰᠤᠲᠠᠨ ᠪᠤᠭᠤᠷᠤᠯ ᠳᠤ ᠵᠦᠢᠯ ᠪᠦᠷᠢ ᠪᠡᠷ ᠮᠠᠭᠲᠠᠭᠳᠠᠭᠰᠠᠨ
ᠨᠤᠲᠤᠭ ᠤᠨ ᠠᠢᠯ ᠤᠳ ᠵᠢᠷᠤᠭ ᠬᠥᠷᠥᠭ ᠢ ᠨᠢ ᠬᠠᠳᠠᠭᠠᠯᠠᠭᠰᠠᠨ
ᠡᠢᠮᠦ ᠬᠤᠷᠳᠤᠨ ᠤᠨᠠᠭ᠎ᠠ ᠭᠠᠯ ᠰᠢᠷ᠎ᠠ ᠳᠤ ᠯᠠ ᠲᠥᠷᠦᠳᠡᠭ ᠶᠤᠮ
ᠲᠡᠢᠮᠦ ᠬᠤᠷᠳᠤᠨ ᠬᠦᠯᠦᠭ ᠭᠠᠯ ᠰᠢᠷ᠎ᠠ ᠳᠤ ᠯᠠ ᠪᠠᠢᠳᠠᠭ ᠶᠤᠮ


ᠭᠠᠯ ᠰᠢᠷ᠎ᠠ ᠶᠢᠨ ᠬᠤᠷᠳᠤᠨ ᠬᠦᠯᠦᠭ  ᠡ
ᠬᠠᠷᠠᠳᠠᠯ ᠪᠠᠢᠰᠠ ᠶᠢᠨ ᠵᠠᠭᠤᠨ ᠵᠠᠭᠤᠨ ᠤ ᠬᠤᠷᠳᠤ
ᠭᠢᠩᠭᠤᠤ ᠭᠢᠩᠭᠤᠤ

ᠬᠤᠷᠳᠤᠨ ᠬᠦᠯᠦᠭ ᠦᠳ
ᠭᠢᠩᠭᠤᠤ ᠭᠢᠩᠭᠤᠤ
ᠮᠣᠩᠭᠣᠯ ᠠᠳᠤᠭᠤ

ᠵᠧ ᠭᠠᠯ ᠰᠢᠷ᠎ᠠ ᠤᠨ ᠤᠨᠠᠭᠠᠨ ᠠᠳᠤᠭᠤ
ᠬᠣᠣᠰ ᠯᠠ ᠬᠦᠷᠡᠩ ᠵᠢᠷᠦᠬᠡ ᠲᠡᠢ ᠯᠠ ᠭᠡᠳᠡᠭ
ᠬᠣᠶᠠᠷ ᠰᠤᠭᠤᠨ ᠎ᠳᠠᠭᠠᠨ ᠭᠤᠤᠷᠰᠤ ᠲᠠᠢ ᠯᠠ ᠭᠡᠳᠡᠭ
ᠬᠣᠩᠭᠣᠷ ᠭᠣᠣᠯᠳᠠᠭᠤ ᠵᠢᠰᠦ ᠲᠡᠢ ᠯᠠ ᠭᠡᠳᠡᠭ
ᠬᠤᠯᠠᠨ ᠲᠠᠬᠢ ᠶᠢᠨ ᠤᠳᠤᠮ ᠲᠠᠢ ᠯᠠ ᠭᠡᠳᠡᠭ
ᠬᠤᠷᠳᠤᠨ ᠰᠣᠨᠢᠨ ᠳᠣᠮᠣᠭ ᠲᠠᠢ ᠯᠠ ᠭᠡᠳᠡᠭ
ᠵᠧ ᠭᠠᠯ ᠰᠢᠷ᠎ᠠ ᠤᠨ ᠬᠤᠷᠳᠤᠨ ᠬᠦᠯᠦᠭ
ᠭᠠᠯ ᠪᠤᠲᠠᠷᠭᠠᠬᠤ ᠲᠤᠭᠤᠷᠠᠢ ᠲᠠᠢ ᠨᠢ ᠦᠨᠡᠨ
ᠭᠠᠵᠠᠷ ᠲᠣᠪᠴᠢᠯᠠᠭᠠᠨ ᠰᠢᠨᠳᠠᠰᠤ ᠲᠠᠢ ᠨᠢ ᠦᠨᠡᠨ
ᠲᠤᠷᠤᠭ ᠰᠠᠢᠬᠠᠨ ᠪᠡᠶ᠎ᠡ ᠲᠡᠢ ᠨᠢ ᠦᠨᠡᠨ
ᠲᠤᠢᠯ ᠤᠨ ᠬᠤᠷᠳᠤᠨ ᠤᠳᠤᠮ ᠲᠠᠢ ᠨᠢ ᠦᠨᠡᠨ
ᠲᠥᠷᠥ ᠶᠢᠨ ᠨᠠᠭᠠᠳᠤᠮ ᠳᠤ ᠲᠦᠷᠦᠭᠦᠯᠡᠳᠡᠭ ᠨᠢ ᠦᠨᠡᠨ

Гал шарын магтаал

Зээ Номин цэнхэр Зандан хүрний удамтай

Норов хүрэн, Хонгор зээрдийн угшилтай
Элбэг хээрийн гайхам хурдыг дууриасан
Идэр хээрийн үр хойчийг залгасан
Наран гийвэл тэнгэрийн адил зүстэй
Найман зовхист алсын бараа ширтсэн
Навчин хөөрхөн чих юугаан солибуулан
Нарийн урт л хүзүү юугаан дуухайлган
Эрдэнийн дээд л толгой юугаан өргөн
Эвтэт цагаан шүд юугаан яралзуулан
Эзэн хүнээ харан харан эвшээдэг
Ижил сүргээ хайн хайн үүрсдэг
Дөрвөлжин зоонд нь хүч тэнхэл хуралдсан
Дөрвөн чац нь хурдан шандсаар цогцолсон
Холын холд л цуцал үгүй гүймээр
Хурдан шинж төгөс төгөлдөр бүрдсэн
Настан бууралд зүйл бүрээр магтагдсан
Нутгийн айлууд зураг хөргийг нь хадгалсан
Ийм хурдан унага Галшард л төрдөг юм
Тийм хурдан хүлэг Галшард л байдаг юм

Зээ Галшарын унаган адуу
Хос л хүрэн зүрхтэй л гэдэг
Хоёр сугандаа гуурстай л гэдэг
Хонгор голдуу зүстэй л гэдэг
Хулан тахийн удамтай л гэдэг
Хурдан сонин домогтой л гэдэг

Зээ Галшарын хурдан хүлэг
Гал бутаргах тууртай нь үнэн
Газар товчлоон шандастай нь үнэн
Тураг сайхан биетэй нь үнэн
Туйлын хурдан удамтай нь үнэн
Төрийн наадамд түрүүлдэг нь үнэн