ᠡᠪᠦᠭᠡᠨ ᠡᠮᠡᠭᠡᠨ ᠬᠣᠶᠠᠷ-ᠵ · ᠳᠠᠰᠢᠴᠡᠪᠡᠭӨвгөн эмгэн хоёр-Ж ·Дашчвг ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠪᠦᠭᠡᠨ ᠡᠮᠡᠭᠡᠨ ᠬᠣᠶᠠᠷ-ᠵ · ᠳᠠᠰᠢᠴᠡᠪᠡᠭӨвгөн эмгэн хоёр-Ж ·Дашчвг

ᠡᠪᠦᠭᠡᠨ ᠡᠮᠡᠭᠡᠨ ᠬᠣᠶᠠᠷ-ᠵ · ᠳᠠᠰᠢᠴᠡᠪᠡᠭӨвгөн эмгэн хоёр-Ж ·Дашчвг

2024-09-14

986

ᠡᠪᠦᠭᠡᠨ ᠡᠮᠡᠭᠡᠨ ᠬᠣᠶᠠᠷ

          ᠵᠣᠬᠢᠶᠠᠭᠴᠢ᠄   ᠵ · ᠳᠠᠰᠢᠴᠡᠪᠡᠭ  
          ᠤᠩᠰᠢᠭᠰᠠᠨ ᠨᠢ᠄ ᠡᠷᠬᠢᠮᠵᠢᠷᠭᠠᠯ                                  
      ᠨᠠᠭᠠᠳᠤᠮ ᠢ᠋ᠶ᠋ᠠᠷ ᠡᠮᠡᠭᠡᠨ ᠡᠪᠦᠭᠡᠨ ᠬᠣᠶᠠᠷ ᠬᠣᠲᠠ ᠪᠠᠨ ᠰᠠᠬᠢᠨ ᠦᠯᠡᠳᠡᠵᠡᠢ᠃  ᠤᠷᠲᠤ ᠭᠡᠷ ᠦ᠋ᠨ ᠢ᠋ᠶ᠋ᠡᠨ ᠡᠮᠡᠭᠡᠨ ᠢ᠋ ᠠᠷᠭᠠᠯ ᠲᠡᠭᠦᠭᠡᠳ᠂ ᠴᠦ᠍ ᠨᠢ ᠮᠤᠯᠲᠤᠷᠠᠭᠰᠠᠨ ᠲᠡᠷᠭᠡᠨ ᠦ᠌ ᠳᠤᠭᠤᠢ ᠰᠢᠭ᠋ ᠮᠠᠢᠵᠢᠭᠢᠨᠠᠨ ᠢᠷᠡᠵᠦ ᠶᠠᠪᠤᠬᠤ ᠶ᠋ᠢ ᠬᠠᠷᠠᠭᠰᠠᠨ  ᠪᠤᠳ᠋ ᠡᠪᠦᠭᠡᠨ《ᠦᠶ᠎ᠡ ᠶ᠋ᠢᠨ ᠬᠡᠦᠬᠡᠨ ᠨᠦ᠍ᠭᠦᠳ ᠡᠢᠮᠦ ᠪᠣᠯᠴᠢᠬᠠᠬᠤ ᠭᠡᠵᠦ ᠳᠡ᠃ ᠰᠠᠢᠬᠠᠨ ᠬᠡᠦᠬᠡᠨ ᠶᠠᠪᠤᠭᠰᠠᠨ ᠰᠠᠨ》 ᠭᠡᠵᠦ ᠭᠠᠰᠠᠯᠤᠨ ᠱᠣᠭᠰᠢᠷᠠᠭᠠᠳ ᠪᠠᠬᠠᠨ ᠲᠡᠭᠡᠨᠡᠭᠡᠯᠵᠡᠭᠰᠡᠨ ᠢ᠋ᠶ᠋ᠡᠨ ᠲᠤᠰᠬᠤ ᠪᠠᠷ ᠰᠢᠢᠳᠪᠡ᠃ ᠡᠮᠡᠭᠡᠨ ᠨᠢᠷᠤᠭᠤ ᠡᠭᠦᠷᠦᠨ ᠠᠢᠰᠤᠢ ᠠᠲᠤᠭᠠᠷ ᠡᠪᠦᠭᠡᠨ ᠢ᠋ ᠬᠠᠷᠠᠭᠠᠳ 《ᠡᠷ᠎ᠡ ᠶ᠋ᠢ ᠨᠠᠰᠤ ᠳᠠᠷᠤᠨ᠎ᠠ ᠠ᠋ ᠭᠡᠵᠦ᠁ ᠪᠤᠷᠬᠠᠨ ᠮᠢᠨᠢ᠃ ᠶᠠᠮᠠᠷ ᠵᠢᠪᠬᠤᠭ᠎ᠠ ᠲᠠᠢ ᠡᠷ᠎ᠡ ᠶᠠᠪᠤᠯ᠎ᠠ ᠳᠠ ᠬᠥᠭᠡᠷᠦᠬᠦᠢ》 ᠭᠡᠵᠦ ᠬᠠᠷᠡᠭᠤᠰᠠᠯ᠎ᠠ᠃ ᠡᠪᠦᠭᠡᠨ᠄ 
    — ᠠᠯᠢ ᠪᠣᠢ ᠴᠠᠪᠯᠠᠮ᠎ᠠ ᠮᠢᠨᠢ ᠁ ᠢᠩᠭᠢᠵᠦ ᠶᠠᠪᠤᠭᠠᠳ ᠴᠢ ᠨᠢᠭᠡ ᠮᠥᠷ ᠰᠥᠬᠥᠷᠡᠬᠦ ᠬᠥᠮᠦᠨ ᠰᠢᠦ᠃ ᠭᠠᠳᠠᠨ᠎ᠠ ᠪᠠᠨ ᠲᠦᠯᠡᠰᠢ ᠣᠪᠣᠭᠠᠯᠠᠭᠠᠲᠠᠢ ᠪᠠᠢᠬᠤ ᠳ᠋ᠤ᠌ ᠁
    — ᠬᠥᠳᠡᠯᠬᠦ ᠦᠭᠡᠢ ᠪᠣᠯ ᠡᠨᠡ ᠵᠣᠪᠠᠯᠭ᠎ᠠ ᠡᠪᠡᠳᠴᠢᠨ ᠡᠭᠡᠷᠡᠭᠡᠳ ᠠᠮᠠᠷᠠᠭᠠᠬᠤ ᠦᠭᠡᠢ ᠠ᠋᠃ ᠭᠡᠮ ᠦᠭᠡᠢ᠂ ᠲᠠ ᠬᠡᠷᠡᠭ ᠦᠭᠡᠢ ᠁ ᠡᠷ᠎ᠡ ᠬᠥᠮᠦᠨ ᠢ᠋ᠶ᠋ᠡᠷ ᠱᠡᠵᠢᠭᠡᠢ ᠡᠭᠦᠷᠦᠭᠦᠯᠦᠭᠡᠳ ᠨᠢᠭᠦᠯ ᠪᠣᠯᠤᠨ᠎ᠠ ᠭᠡᠪᠡ᠃
     ᠲᠡᠳᠡ ᠡᠳᠦᠷ ᠦ᠋ᠨ ᠤᠷᠲᠤ ᠳ᠋ᠤ᠌ ᠭᠠᠭᠴᠠᠭᠠᠷᠳᠠᠬᠤ ᠰᠡᠳᠬᠢᠯ ᠡᠴᠡ ᠪᠡᠨ ᠪᠣᠯᠵᠤ ᠪᠡᠶ᠎ᠡ ᠪᠠᠶᠠᠨ ᠳ᠋ᠤ᠌ ᠪᠠᠨ ᠬᠠᠨᠢ ᠪᠠᠷ᠎ᠠ ᠲᠠᠲᠠᠨ᠎ᠠ᠃ ᠡᠮᠡᠭᠡᠨ ᠲᠣᠰᠣ ᠣᠷᠬᠢᠭᠰᠠᠨ ᠴᠠᠢ ᠰᠠᠮᠤᠷᠴᠤ ᠡᠪᠦᠭᠡᠨ ᠢ᠋ ᠳᠠᠭᠤᠳᠠᠨ ᠣᠷᠣ ᠶ᠋ᠢᠨ ᠬᠠᠵᠠᠭᠤ ᠳ᠋ᠤ᠌ ᠪᠠᠮᠪᠠᠢ ᠬᠠᠶᠠᠭᠠᠳ ᠲᠤᠬᠠᠲᠠᠢ ᠴᠠᠢᠯᠠᠵᠠᠭᠠᠪᠠ᠃
    — ᠠᠢ ᠮᠥᠨ ᠰᠠᠢᠬᠠᠨ ᠴᠠᠢ ᠶᠠ᠃ ᠬᠡᠦᠬᠡᠳ ᠦ᠋ᠳ ᠨᠢᠭᠡ ᠯᠡ ᠤᠬᠢᠶᠠᠳᠠᠰᠤ ᠰᠢᠭ᠋ ᠶᠠᠭᠤᠮ᠎ᠠ ᠯᠠ ᠴᠢᠨᠠᠬᠤ ᠶᠤᠮ ᠳᠠ᠃ ᠠᠷᠭ᠎ᠠ ᠦᠭᠡᠢ ᠯᠡ ᠴᠢᠨᠦ ᠭᠠᠷ ᠤ᠋ᠨ ᠴᠠᠢ ᠮᠥᠨ ᠳᠡ ᠭᠡᠵᠦ ᠡᠪᠦᠭᠡᠨ ᠬᠥᠯᠥᠰᠥ ᠳᠠᠭᠠᠭᠠᠪᠤᠷᠢᠯᠠᠭᠤᠯᠪᠠ᠃ ᠡᠮᠡᠭᠡᠨ ᠡᠪᠦᠭᠡᠨ ᠦ᠌ ᠪᠠᠶᠠᠷᠯᠠᠵᠤ ᠪᠠᠢᠭ᠎ᠠ ᠳ᠋ᠤ᠌ ᠴᠤ᠌ ᠲᠡᠷᠡ ᠤᠤ ᠡᠰᠡᠬᠦᠯ᠎ᠡ ᠭᠠᠷ ᠢ᠋ ᠨᠢ ᠳᠠᠭᠠᠭᠤᠯᠵᠤ ᠭᠣᠷᠢᠳᠠᠭᠠᠳ ᠪᠠᠢᠨ᠎ᠠ ᠭᠡᠵᠦ ᠪᠣᠳᠣᠭᠰᠠᠨ ᠤᠤ᠂ ᠨᠢᠭᠡ ᠶᠠᠭᠤᠮ᠎ᠠ ᠳᠤᠲᠠᠭᠠᠳ ᠪᠠᠢᠭ᠎ᠠ ᠰᠢᠭ᠋ ᠥᠨᠳᠡᠯᠵᠡᠭᠰᠡᠨ ᠢ᠋ᠶ᠋ᠡᠨ᠄《ᠠ᠋᠁》 ᠭᠡᠵᠦ ᠤᠤᠯᠭᠠᠯᠠᠨ ᠮᠠᠷᠲᠠᠭᠰᠠᠨ ᠢ᠋ᠶ᠋ᠠᠨ ᠰᠠᠨᠠᠬᠤ ᠠᠶᠠᠲᠠᠢ《ᠪᠢ ᠲᠠᠨ ᠳ᠋ᠤ᠌ ᠲᠣᠭᠣᠭ᠎ᠠ ᠲᠠᠯᠪᠢᠵᠤ ᠥᠭᠭᠦᠶ᠎ᠡ》ᠭᠡᠬᠦ ᠨᠢ ᠲᠡᠷᠡ᠃ ᠡᠪᠦᠭᠡᠨ ᠳᠤᠷᠠᠲᠠᠢ ᠪᠠᠢᠭᠰᠠᠨ ᠴᠤ᠌᠂《ᠴᠠᠪᠯᠠᠮ᠎ᠠ ᠮᠢᠨᠢ ᠡᠳᠦᠷ ᠦ᠋ᠨ ᠬᠠᠷ᠎ᠠ ᠬᠠᠯᠠᠭᠤᠨ ᠳᠡᠭᠡᠷ᠎ᠡ ᠪᠠᠰᠠ ᠭᠠᠯ ᠳ᠋ᠤ᠌ ᠰᠢᠷᠠᠭᠳᠠᠭᠠᠳ ᠁》ᠭᠡᠪᠡᠯ᠂《ᠵᠦᠭᠡᠷ ᠠ᠋᠁ ᠬᠠᠮᠤᠭ ᠠᠮᠢᠲᠠᠨ ᠨᠠᠭᠠᠳᠴᠤ  ᠪᠠᠢᠬᠤ ᠳ᠋ᠤ᠌᠂ ᠡᠷ᠎ᠡ ᠬᠥᠮᠦᠨ ᠦ᠌ ᠵᠠᠶᠠᠭ᠎ᠠ ᠬᠠᠷᠢᠬᠤ ᠪᠠᠢᠭ᠎ᠠ ᠳᠠ》 ᠭᠡᠪᠡ᠃ ᠡᠮᠡᠭᠡᠨ ᠦ᠌ ᠮᠠᠩᠨᠠᠢ ᠶ᠋ᠢᠨ ᠦᠷᠴᠢᠯᠡᠭᠡ ᠲᠡᠨᠢᠢᠭᠡᠳ ᠨᠢᠷᠤᠭᠤ ᠨᠢ ᠬᠠᠨᠠᠭᠠᠷ ᠪᠣᠯᠬᠤ ᠰᠢᠭ᠋ ᠡᠪᠦᠭᠡᠨ ᠳ᠋ᠦ᠍ ᠰᠠᠨᠠᠭᠳᠠᠭᠠᠳ᠂ ᠵᠠᠯᠠᠭᠤ ᠴᠠᠭ ᠲᠤ᠌ ᠪᠠᠨ ᠶᠡᠬᠡ ᠵᠤᠭᠠᠲᠠᠢ ᠲᠣᠭᠯᠠᠵᠤ ᠢᠨᠢᠶᠡᠳᠡᠭ ᠪᠠᠢᠭᠰᠠᠨ ᠮᠢᠰᠢᠶᠡᠯ ᠨᠢ ᠨᠢᠳᠦ᠂  ᠤᠷᠤᠭᠤᠯ ᠬᠣᠶᠠᠷ ᠲᠤ᠌ ᠨᠢ ᠣᠷᠭᠣᠭᠠᠳ ᠢᠷᠡᠪᠡ᠃ ᠡᠪᠦᠭᠡᠨ ᠰᠡᠭᠦᠷᠡᠰᠦ ᠠᠯᠲᠠᠨ  ᠬᠠᠷᠬᠢᠵᠤ(харгнж)  ᠳᠠ᠂ ᠬᠠᠷᠬᠢᠵᠤ᠃ ᠵᠠᠯᠠᠭᠤ ᠴᠠᠭ ᠲᠤ᠌  ᠬᠣᠨᠢᠨ ᠤ᠋ ᠪᠡᠯᠴᠢᠭᠡᠷ ᠲᠦ᠍ ᠴᠦ᠍ ᠲᠦᠢᠪᠡᠭᠡᠳᠡᠭ ᠪᠠᠢᠵᠤ ᠳᠠ》 ᠭᠡᠵᠦ ᠬᠠᠷᠠᠭᠤᠰᠠᠯ ᠤ᠋ᠨ ᠭᠠᠰᠠᠯᠠᠩᠲᠤ ᠪᠣᠳᠣᠯ ᠳ᠋ᠤ᠌ ᠠᠪᠲᠠᠪᠠ᠃
   ᠴᠠᠪᠯᠠᠮ᠎ᠠ ᠡᠮᠡᠭᠡᠨ ᠭᠤᠷᠪᠠᠨ ᠤᠰᠤ ᠪᠠᠷ ᠣᠬᠢ ᠨᠡᠷᠡᠮᠡᠯ ᠠᠪᠤᠪᠠ᠃ ᠰᠡᠳᠬᠢᠯ ᠵᠢᠷᠭᠠᠭᠰᠠᠨ ᠡᠪᠦᠭᠡᠨ《ᠮᠥᠨ ᠴᠦ᠍  ᠭᠠᠯᠵᠠᠭᠤ ᠭᠠᠷᠴᠠᠢ᠃ ᠶᠠᠰᠤᠨ ᠤ᠋ ᠬᠥᠯᠥᠰᠥ ᠪᠤᠷᠵᠢᠢᠬᠤ ᠪᠠᠷ᠁ ᠦᠨᠦᠷ ᠢ᠋ ᠨᠢ ᠠ᠋᠃ ᠬᠠᠩᠬᠤ ᠲᠠᠲᠠᠭᠠᠳ᠁ ᠡᠨᠡ ᠭᠣᠣᠯ ᠤᠰᠤᠨ ᠤ᠋ ᠬᠢᠨᠢ ᠰᠠᠢᠬᠠᠨ ᠨᠠᠢᠷᠯᠠᠳᠠᠭ ᠪᠠᠢᠯ᠎ᠠ ᠳᠠ᠃ ᠣᠳᠣ ᠴᠤ᠌ ᠶᠠᠷᠢᠵᠤ ᠬᠥᠭᠡᠷᠬᠦ ᠬᠥᠮᠦᠨ ᠦᠭᠡᠢ᠃ ᠬᠠᠵᠢᠭᠯᠠᠭᠳᠠᠬᠤ ᠯᠠ ᠦᠯᠡᠳᠡᠵᠦ ᠳᠡ᠃》 ᠭᠡᠯ᠎ᠡ᠃
    ᠡᠮᠡᠭᠡᠨ 《ᠬᠡᠯᠡᠭᠡᠳ ᠶᠠᠭᠠᠬᠢᠬᠤ ᠪᠣᠢ᠂ ᠬᠡᠯᠡᠭᠡᠳ ᠶᠠᠭᠠᠬᠢᠬᠤ ᠪᠣᠢ》 ᠭᠡᠵᠦ ᠠᠮᠠ ᠶ᠋ᠢ ᠨᠢ ᠳᠠᠭᠠᠭᠤᠯᠪᠠ᠃
    ᠬᠥᠬᠡ ᠨᠣᠭᠣᠭᠠᠨ ᠤ᠋ ᠬᠣᠨᠢᠨ ᠵᠡᠷᠭᠡᠯᠭᠡᠨ ᠰᠢᠭᠤᠯᠲᠠᠲᠠᠢ ᠬᠠᠶᠠᠭ᠎ᠠ ᠠ᠋ᠴᠠ ᠢᠷᠠᠯᠵᠠᠨ ᠪᠣᠰᠴᠤ᠂ ᠠᠯᠤᠰ ᠬᠠᠩᠭᠠᠢ ᠶ᠋ᠢᠨ ᠪᠠᠷ᠎ᠠ ᠬᠦᠬᠡᠮᠳᠦᠭᠯᠡᠨ᠎ᠡ᠃ ᠡᠪᠦᠭᠡᠨ ᠦ᠌ ᠨᠢᠭᠤᠷ ᠬᠠᠯᠠᠭᠤ ᠳᠦᠦᠭᠡᠨ ᠮᠢᠨᠴᠢᠢᠵᠦ᠂ ᠳᠣᠲᠣᠭᠠᠳᠤ ᠬᠣᠷᠮᠣᠢ ᠪᠠᠷ ᠢ᠋ᠶ᠋ᠠᠨ ᠬᠥᠯᠥᠰᠥ ᠪᠡᠨ ᠠᠷᠴᠢᠵᠤ᠂ ᠪᠣᠳᠣᠯ ᠨᠢ ᠤᠶᠠᠰᠤᠨ ᠴᠡᠩᠬᠡᠷᠲᠦᠵᠦ ᠰᠠᠭᠤᠳᠠᠯ ᠳ᠋ᠤ᠌ ᠪᠠᠨ ᠭᠠᠩᠬᠤᠰᠬᠢᠭᠡᠳ《 ᠴᠠᠪᠯᠠᠮ᠎ᠠ ᠭᠢᠯᠠᠢᠯ᠎ᠠ  ᠬᠦ᠌᠂ ᠴᠠᠪᠯᠠᠮ᠎ᠠ᠁ ᠴᠢ ᠵᠠᠯᠠᠭᠤ ᠳ᠋ᠤ᠌ ᠪᠠᠨ ᠵᠢᠰᠦᠨ ᠳ᠋ᠦ᠍ ᠴᠢᠨᠢ ᠵᠡᠭᠦᠦ ᠰᠦᠪᠡᠯᠡᠮᠡᠷ ᠰᠠᠢᠬᠠᠨ ᠬᠡᠦᠬᠡᠨ ᠪᠠᠢᠵᠤ ᠪᠢᠯᠡ》ᠭᠡᠬᠦ ᠳ᠋ᠦ᠍᠂ ᠡᠮᠡᠭᠡᠨ ᠵᠠᠯᠠᠭᠤ ᠬᠡᠦᠬᠡᠨ ᠰᠢᠭ ᠵᠤᠤᠮᠠᠭᠠᠨᠠᠪᠠ᠃ ᠪᠤᠳ᠋ ᠡᠪᠦᠭᠡᠨ 《ᠥᠪᠡᠷ ᠲᠦ᠍ ᠪᠡᠨ ᠲᠣᠬᠢᠷᠠᠭᠰᠠᠨ ᠵᠢᠭᠠᠬᠠᠨ ᠠᠭᠠᠯᠢ ᠦᠭᠡᠢ᠂ ᠡᠮ᠎ᠡ ᠬᠥᠮᠦᠨ ᠳ᠋ᠦ᠍ ᠪᠡᠨ ᠬᠥᠭᠰᠢᠷᠡᠭᠰᠡᠨ ᠴᠦ᠍ ᠭᠡᠰᠡᠨ ᠬᠥᠭᠡᠷᠦᠬᠦᠨ ᠵᠣᠬᠢᠳᠠᠭ ᠯᠠ ᠶᠤᠮ ᠪᠠᠢᠨ᠎ᠠ ᠳᠠ》 ᠭᠡᠵᠦ ᠪᠣᠳᠣᠭᠠᠳ《ᠴᠠᠪᠯᠠᠮ᠎ᠠ ᠮᠢᠨᠢ ᠨᠠᠮ᠎ᠠ ᠶ᠋ᠢ ᠠᠷᠢᠬᠢ ᠬᠠᠷᠠᠭᠠᠳ ᠬᠡᠯᠡ ᠠᠮᠠ ᠪᠠᠨ ᠪᠢᠯᠡᠭᠦᠳᠡᠵᠦ ᠰᠠᠢᠮᠰᠢᠷᠠᠴᠢᠬᠠᠯ᠎ᠠ ᠭᠡᠵᠦ ᠪᠢᠲᠡᠭᠡᠢ ᠪᠣᠳᠣᠭᠠᠷᠠᠢ᠃ ᠮᠢᠨᠦ ᠦᠶ᠎ᠡ ᠶ᠋ᠢᠨ ᠬᠠᠷᠠᠴᠤᠤᠯ ᠪᠤᠯᠲᠤ ᠪᠠᠷ ᠢ᠋ᠶ᠋ᠠᠨ ᠯᠠ ᠨᠢᠳᠦ ᠪᠡᠨ ᠬᠤᠵᠢᠷᠯᠠᠳᠠᠭ ᠪᠠᠢᠭᠰᠠᠨ ᠳᠠ》 ᠭᠡᠬᠦ ᠳ᠋ᠦ᠍᠂ ᠴᠠᠪᠯᠠᠮ᠎ᠠ ᠡᠮᠡᠭᠡᠨ ᠡᠷᠲᠡᠨ ᠦ᠌ ᠬᠠᠷᠭᠤᠢ ᠶ᠋ᠢᠨ ᠤᠯᠪᠠᠭ᠎ᠠ ᠪᠠᠷ ᠪᠦᠳᠦᠴᠢᠬᠦ ᠰᠢᠭ《ᠲᠠ ᠲᠣᠭᠣᠵᠤ ᠬᠠᠷᠠᠳᠠᠭ ᠪᠠᠢᠭᠰᠠᠨ ᠭᠡᠵᠦ ᠦᠦ ᠳᠡ᠂ ᠭᠡᠨᠡᠨ ᠲᠡᠨᠡᠭ ᠲᠦ᠍ ᠪᠡᠨ ᠬᠣᠢᠨ᠎ᠠ ᠠ᠋ᠴᠠ ᠴᠢᠨᠢ ᠪᠢ ᠨᠢᠯᠪᠤᠰᠤ ᠪᠠᠨ ᠮᠥᠨ ᠴᠦ᠍ ᠶᠡᠬᠡ ᠵᠠᠯᠭᠢᠭᠰᠠᠨ ᠳᠠ》 ᠭᠡᠪᠡᠯ ᠡᠪᠦᠭᠡᠨ ᠴᠣᠬᠣᠨ ᠳᠤᠮᠳᠠᠭᠤᠷ ᠢ᠋ᠶ᠋ᠠᠨ ᠨᠢᠰᠠᠯᠤᠭᠤᠯᠬᠤ ᠰᠢᠭ᠋ ᠲᠠᠭ ᠴᠢᠭ ᠮᠤᠬᠤᠷᠳᠠᠵᠤ ᠣᠷᠬᠢᠭᠠᠳ᠂ ᠳᠤᠬᠤ ᠪᠠᠨ ᠪᠠᠬᠠᠨ ᠢᠯᠢᠵᠦ《ᠡᠢᠮᠦ ᠯᠡ ᠰᠣᠬᠣᠷ ᠬᠣᠷᠸ᠎ᠠ》 ᠭᠡᠰᠡᠨ ᠢ᠋ᠶ᠋ᠡᠨ ᠬᠡᠯᠡ ᠠᠮᠠ ᠨᠢ ᠡᠪᠯᠡᠬᠦ ᠦᠭᠡᠢ ᠪᠠᠬᠠᠨ ᠰᠠᠭᠤᠵᠤ᠂《ᠬᠥᠮᠦᠨ ᠬᠥᠮᠦᠨ ᠢ᠋ᠶ᠋ᠡᠨ ᠦᠭᠡᠢᠯᠡᠵᠦ ᠮᠥᠷᠥᠭᠡᠳᠳᠡᠭ ᠵᠠᠶᠠᠭ᠎ᠠ ᠲᠠᠢ ᠠ᠋ᠴᠠ᠁  ᠳᠠᠩᠬᠤ ᠴᠠᠢ ᠪᠠᠨ ᠬᠤᠪᠢᠶᠠᠵᠤ᠁ ᠬᠥᠯ ᠢ᠋ᠶ᠋ᠡᠨ ᠬᠤᠴᠢᠯᠴᠠᠵᠤ᠁ ᠶᠠᠪᠤᠪᠠᠯ》 ᠭᠡᠳ ᠭᠠᠴᠠᠴᠢᠬᠠᠪᠠ᠃ ᠡᠮᠡᠭᠡᠨ ᠰᠡᠳᠬᠢᠯ ᠢ᠋ᠶ᠋ᠡᠨ ᠣᠩᠭᠣᠢᠯᠭᠠᠵᠤ ᠬᠠᠩᠭᠢᠨᠠᠲᠠᠯ᠎ᠠ ᠰᠡᠭᠦᠷᠡᠰᠦ ᠠᠯᠳᠠᠭᠠᠳ《ᠬᠥᠮᠦᠨ ᠠᠮᠢᠲᠠᠨ ᠤ᠋  ᠡᠯᠡᠭ ᠳᠣᠭᠣᠭᠢ ᠪᠣᠯᠤᠨ᠎ᠠ ᠪᠢᠵᠡ ᠳᠡ᠃ ᠪᠤᠷᠬᠠᠨ ᠤ᠋ ᠳᠤᠲᠠᠭᠠᠭᠰᠠᠨ ᠢ᠋ ᠭᠦᠢᠴᠡᠬᠦ ᠶ᠋ᠢᠨ ᠬᠡᠷᠡᠭ ᠦᠭᠡᠢ ᠭᠡᠳᠡᠭ ᠳᠡ》 ᠭᠡᠳ ᠳᠠᠬᠢᠵᠤ ᠲᠣᠭᠣᠭ᠎ᠠ ᠲᠠᠯᠪᠢᠬᠤ ᠪᠠᠷ ᠭᠠᠵᠠᠷ ᠲᠤᠯᠵᠤ ᠪᠣᠰᠪᠠ᠃  ᠦᠳᠡ ᠬᠡᠯᠪᠡᠢᠨ ᠰᠡᠭᠦᠳᠡᠷ ᠬᠡᠯᠲᠡᠢᠬᠦ ᠳ᠋ᠦ᠍᠂ ᠬᠥᠬᠡᠷᠡᠵᠦ ᠬᠦᠪᠦᠩᠨᠡᠬᠦ ᠲᠦᠩᠵᠢᠭᠡᠷ(дүнжгэр) ᠠᠭᠤᠯᠠ ᠬᠣᠢᠮᠣᠷ ᠬᠠᠩᠬᠠᠯᠵᠠᠬᠤ ᠪᠤᠳ᠋ ᠡᠪᠦᠭᠡᠨ ᠬᠣᠶᠠᠷ ᠠᠳᠠᠯᠢᠬᠠᠨ ᠬᠠᠷᠠᠭᠳᠠᠨ᠎ᠠ᠃ ᠡᠪᠦᠭᠡᠨ ᠪᠠᠢᠰᠬᠢᠭᠡᠳ ᠯᠡ《ᠡᠯᠡᠭ ᠳᠣᠭᠣᠭᠢ᠁ ᠡᠳᠡᠨ ᠢ᠋ ᠪᠦᠲᠦᠭᠡ ᠦᠭᠡᠢ ᠪᠠᠢᠬᠤ ᠳ᠋ᠤ᠌᠂ ᠡᠨᠡ ᠬᠣᠷᠸ᠎ᠠ ᠳ᠋ᠤ᠌ ᠪᠢᠳᠡ ᠡᠵᠡᠨ ᠨᠢ ᠪᠠᠢᠭ᠎ᠠ ᠦᠭᠡᠢ ᠭᠡᠵᠢ ᠦᠦ᠃ ᠬᠥᠮᠦᠨ ᠥᠲᠡᠯᠬᠦ ᠪᠡᠷ ᠢ᠋ᠶ᠋ᠡᠨ ᠬᠥᠮᠦᠨ ᠦ᠌ ᠳᠠᠩᠰᠠ ᠠ᠋ᠴᠠ ᠪᠠᠨ ᠬᠠᠰᠤᠭᠳᠠᠵᠤ᠂ ᠬᠥᠮᠦᠨ ᠪᠢᠰᠢ ᠪᠣᠯᠳᠠᠭ ᠶᠤᠮ ᠪᠢᠵᠡ ᠳᠡ᠃》 ᠭᠡᠮᠡᠨ ᠭᠣᠮᠣᠳᠠᠯ ᠲᠠᠯᠪᠢᠨ᠎ᠠ᠃ ᠡᠮᠡᠭᠡᠨ ᠡᠪᠦᠭᠡᠨ ᠢ᠋《ᠪᠠᠯᠭᠤ ᠰᠤᠪᠰᠤ ᠳᠠᠭᠠᠭᠠᠬᠤ ᠪᠠᠨ ᠪᠤᠯᠢᠭ᠎ᠠ ᠤᠤ ᠳᠠ》 ᠭᠡᠵᠦ ᠠᠷᠭᠠᠳᠠᠨ ᠲᠣᠢᠯᠠᠵᠤ᠂ ᠪᠤᠳ᠋ ᠢ᠋ ᠵᠠᠯᠠᠭᠤ ᠳ᠋ᠤ᠌ ᠪᠠᠨ ᠲᠠᠯᠢᠢᠭᠴᠢ ᠳ᠋ᠤ᠌ ᠪᠠᠨ ᠠᠭᠰᠤᠮᠨᠠᠨ ᠠᠯᠬᠢᠬᠤ(алхнхад) ᠳ᠋ᠤ᠌ ᠪᠠᠬ᠎ᠠ ᠲᠠᠪᠠ ᠨᠢ ᠬᠠᠨᠤᠨ ᠪᠠᠰᠠ ᠠᠲᠠᠭᠠᠷᠬᠠᠵᠤ ᠶᠠᠪᠤᠭᠰᠠᠨ ᠢ᠋ᠶ᠋ᠠᠨ ᠭᠡᠨᠡᠳᠲᠡ ᠰᠠᠨᠠᠭᠠᠳ《ᠬᠥᠮᠦᠨ ᠭᠡᠳᠡᠭ ᠶᠡᠬᠡ ᠨᠢᠭᠦᠯ ᠡᠭᠦᠷᠴᠦ ᠶᠠᠪᠤᠳᠠᠭ ᠠᠮᠢᠲᠠᠨ ᠶᠤᠮ ᠳᠠ᠃ ᠬᠠᠲᠠᠭᠤ ᠲᠣᠭᠯᠠᠭᠠᠮ ᠲᠠᠢ ᠬᠣᠷᠸ᠎ᠠ ᠬᠣᠢᠨ᠎ᠠ ᠳᠠ》 ᠭᠡᠵᠦ ᠪᠣᠳᠣᠯ᠎ᠠ᠃
   ᠡᠵᠡᠳ ᠨᠢ ᠨᠠᠭᠠᠳᠤᠮ ᠳ᠋ᠤ᠌ ᠶᠠᠪᠤᠭᠰᠠᠨ ᠬᠣᠲᠠ ᠠᠢᠯ ᠢ᠋ ᠡᠮᠡᠭᠡᠨ ᠡᠪᠦᠭᠡᠨ ᠬᠣᠶᠠᠷ ᠰᠠᠬᠢᠵᠤ ᠪᠠᠢᠯ᠎ᠠ ᠯᠠ᠁

 ᠢᠷᠡᠯᠲᠡ᠄
   ᠯ ᠲᠦᠳᠦᠪ ᠨᠠᠷ ᠤ᠋ᠨ《ᠤᠳᠬ᠎ᠠ ᠶ᠋ᠢᠨ ᠴᠢᠮᠡᠭ》 ᠭᠡᠬᠦ ᠨᠣᠮ ᠤ᠋ᠨ ᠵᠡ᠊ ·ᠳᠠᠰᠢᠴᠡᠪᠡᠭ ᠦ᠋ᠨ《ᠡᠪᠦᠭᠡᠨ ᠡᠮᠡᠭᠡᠨ ᠬᠣᠶᠠᠷ》 ᠭᠡᠬᠦ ᠥᠭᠦᠯᠡᠯᠭᠡ ᠎᠎ᠡᠴᠡ ᠰᠡᠢᠷᠡᠭᠦᠯᠪᠡ᠃
ᠦᠰᠦᠭ ᠠᠮᠢᠯᠠᠭᠤᠯᠤᠭᠰᠠᠨ ᠨᠢ᠄ ᠴᠢ᠊ ·ᠤᠷᠠᠨᠴᠡᠴᠡᠭ
ᠬᠢᠨᠠᠯᠲᠠ ᠪᠠᠭᠰᠢ᠄ ᠵᠡᠷᠮᠤᠳ ᠥᠯᠵᠡᠢ ᠂ ᠳ᠋ᠠᠰᠢᠨᠢᠮ᠎ᠡ ᠴᠠᠬᠠᠷ ᠪᠠᠲᠤ  ᠭᠠᠷᠮ᠎ᠠ