ᠠᠩᠬᠠᠨ ᠤ᠋ ᠵᠠᠬᠢᠳᠠᠯ- ᠡᠩᠬᠡᠪᠠᠶᠠᠷ ᠤ᠋ᠨ ᠦᠷᠵᠢᠬᠠᠭᠳᠠАнхны захидал
ᠡᠩᠬᠡᠪᠠᠶᠠᠷ ᠤ᠋ᠨ ᠦᠷᠵᠢᠬᠠᠭᠳᠠ
ᠬᠠᠢᠷᠠᠯᠠᠵᠤ ᠶᠠᠪᠤᠳᠠᠭ ᠵᠢᠭᠠᠯ ᠬᠦᠦ ᠮᠢᠨᠢ
ᠬᠠᠯᠠᠭᠠᠰᠤᠨ ᠳ᠋ᠤ᠌ ᠵᠠᠬᠢᠳᠠᠯ ᠬᠢᠵᠦ ᠣᠷᠬᠢᠪᠠ᠃
ᠬᠠᠮᠤᠭ ᠪᠡᠶ᠎ᠡ ᠴᠠᠬᠢᠯᠭᠠᠨ ᠳ᠋ᠤ᠌ ᠴᠣᠬᠢᠭᠤᠯᠬᠤ ᠰᠢᠭ᠋
ᠬᠠᠴᠢᠨ ᠮᠡᠳᠡᠷᠡᠮᠵᠢ ᠪᠡᠶ᠎ᠡ ᠪᠡᠷ ᠭᠦᠶᠦᠪᠡ᠃
ᠪᠤᠯᠭᠢᠬᠤ ᠵᠢᠷᠦᠬᠡ ᠪᠡᠨ ᠳᠠᠷᠤᠨ ᠪᠠᠢᠵᠤ
ᠪᠤᠰᠢᠭᠤᠬᠠᠨ ᠤᠩᠰᠢᠬᠤ ᠪᠠᠷ ᠪᠤᠯᠤᠩ ᠬᠠᠢᠪᠠ᠂
ᠠᠩᠭᠢ ᠠ᠋ᠴᠠ ᠭᠠᠷᠴᠤ ᠴᠡᠴᠡᠷᠯᠢᠭ ᠲᠦ᠍ ᠬᠦᠷᠴᠦ
ᠠᠩᠬᠠᠨ ᠤ᠋ ᠬᠠᠢᠷ᠎ᠠ ᠶ᠋ᠢᠨ ᠵᠠᠬᠢᠳᠠᠯ ᠵᠠᠳᠠᠯᠪᠠ᠃
ᠬᠠᠷᠢᠨ ᠲᠡᠭᠡᠲᠡᠯ᠎ᠡ ᠶᠠᠭᠤ ᠪᠣᠢ? ᠮᠢᠨᠦ ᠨᠥᠭᠦᠭᠡ
ᠬᠠᠢᠷᠠᠯᠠᠵᠤ ᠶᠠᠪᠤᠳᠠᠭ ᠵᠢᠭᠠᠯ ᠬᠦᠦ ᠮᠢᠨᠢ ᠪᠢᠰᠢ
ᠠᠷᠤ ᠶ᠋ᠢᠨ ᠰᠢᠷᠡᠭᠡᠨ ᠦ᠌ ᠤᠩᠭᠢᠷᠠᠭ᠎ᠠ ᠰᠢᠷ᠎ᠠ
ᠠᠩᠬᠠᠨ ᠤ᠋ ᠬᠠᠢᠷ᠎ᠠ ᠪᠠᠨ ᠨᠡᠭᠡᠭᠡᠭᠰᠡᠨ ᠪᠠᠢᠪᠠ᠃
ᠡᠵᠡᠨ ᠢ᠋ᠶ᠋ᠡᠨ ᠣᠯᠤᠭ᠎ᠠ ᠦᠭᠡᠢ ᠵᠠᠬᠢᠳᠠᠯ ᠢ᠋ ᠪᠢ ᠤᠷᠠᠵᠤ
ᠡᠬᠡᠷ ᠲᠡᠳᠡᠨ ᠤᠬᠢᠯᠠᠵᠤ ᠭᠠᠷᠪᠠ᠃
ᠠᠩᠬᠠᠨ ᠤ᠋ ᠬᠠᠢᠷ᠎ᠠ ᠰᠣᠬᠣᠷ ᠭᠡᠬᠦ ᠰᠢᠭ
ᠠᠭᠠᠷ ᠲᠤ᠌ ᠰᠢᠪᠠᠭᠤᠳ ᠵᠢᠷᠭᠢᠵᠦ ᠭᠠᠷᠪᠠ᠃
2000 ᠣᠨ
ᠦᠰᠦᠭ ᠠᠮᠢᠯᠠᠭᠤᠯᠤᠭᠴᠢ᠄ ᠭᠡᠷᠡᠯ
ᠬᠢᠨᠠᠭᠴᠢ ᠪᠠᠭᠰᠢ᠄ ᠪᠠᠶᠠᠨᠴᠡᠴᠡᠭ᠂ ᠣᠳᠬᠠᠨᠰᠣ᠎ᠠ
